︽ᠰᠢᠨ᠎ᠡ ᠴᠠᠭ ᠦᠶ᠎ᠡ ᠶᠢᠨ ᠠᠷᠢᠭᠤᠨ ᠴᠢᠭᠴᠢ ᠰᠣᠶᠣᠯ ᠤᠨ ᠪᠠᠶᠢᠭᠤᠯᠤᠯᠲᠠ ᠶᠢ ᠴᠢᠩᠭᠠᠤᠨᠬᠠᠬᠤ ᠲᠤᠬᠠᠢ ᠰᠠᠨᠠᠯ︾ ᠢ ᠳᠠᠷᠤᠮᠠᠯᠯᠠᠨ ᠲᠠᠷᠬᠠᠭᠠᠵᠠᠢ
ᠨᠡᠶᠢᠲᠡᠯᠡᠭᠰᠡᠨ ᠴᠠᠭ᠄
2022/3/25
     ᠤᠶᠢᠷ᠎ᠠ ᠳᠤ᠂ ᠨᠠᠮ ᠤᠨ ᠲᠥᠪ ᠬᠤᠷᠢᠶᠠᠨ ᠤ ᠠᠯᠪᠠᠨ ᠲᠢᠩᠬᠢᠮ ︽ᠰᠢᠨ᠎ᠡ ᠴᠠᠭ ᠦᠶ᠎ᠡ ᠶᠢᠨ ᠠᠷᠢᠭᠤᠨ ᠴᠢᠭᠴᠢ ᠰᠣᠶᠣᠯ ᠤᠨ ᠪᠠᠶᠢᠭᠤᠯᠤᠯᠲᠠ ᠶᠢ ᠴᠢᠩᠭᠠᠤᠨᠬᠠᠬᠤ ᠲᠤᠬᠠᠢ ᠰᠠᠨᠠᠯ︾ ᠢ ᠳᠠᠷᠤᠮᠠᠯᠯᠠᠨ ᠲᠠᠷᠬᠠᠭᠠᠭᠰᠠᠨ ᠤ ᠬᠠᠮᠲᠤ ᠮᠡᠳᠡᠭᠳᠡᠯ ᠪᠠᠭᠤᠯᠭᠠᠵᠤ᠂ ᠡᠯ᠎ᠡ ᠭᠠᠵᠠᠷ ᠣᠷᠤᠨ ᠰᠠᠯᠠᠭ᠎ᠠ ᠮᠦᠴᠢᠷ ᠤᠨ ᠬᠢᠨ ᠢ ᠪᠤᠳᠠᠲᠤ ᠪᠠᠶᠢᠳᠠᠯ ᠲᠠᠢ ᠪᠠᠨ ᠤᠶᠠᠯᠳᠤᠭᠤᠯᠵᠤ ᠪᠠᠶᠢᠭᠠᠤᠨ ᠨᠠᠷᠢᠨ ᠨᠢᠮᠪᠠᠢ ᠨᠠᠶᠢᠳᠠᠪᠤᠷᠢᠵᠢᠭᠤᠯᠬᠤ ᠬᠡᠷᠡᠭᠲᠡᠢ ᠭᠡᠵᠦ ᠱᠠᠭᠠᠷᠳᠠᠭᠰᠠᠨ ᠪᠠᠶᠢᠨ᠎ᠠ᠃      ︽ᠰᠠᠨᠠᠯ︾ ᠳᠤ ᠵᠢᠭᠠᠬᠤ ᠳᠠᠭᠠᠨ᠂ ᠨᠠᠮ ᠤᠨ ᠲᠥᠪ ᠬᠤᠷᠢᠶ᠎ᠠ ᠠᠷᠢᠭᠤᠨ ᠴᠢᠭᠴᠢ ᠰᠤᠶᠤᠯ ᠤᠨ ᠪᠠᠶᠢᠭᠤᠯᠤᠯᠲᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠢᠯᠵᠠᠷᠠᠯ ᠢ ᠡᠰᠡᠷᠭᠦᠴᠡᠬᠦ᠂ ᠠᠷᠢᠭᠤᠨ ᠴᠢᠭᠴᠢ ᠤᠯᠤᠰ ᠲᠥᠷᠦ ᠶᠢᠨ ᠪᠠᠶᠢᠭᠤᠯᠤᠯᠲᠠ ᠶᠢ ᠴᠢᠬᠤᠯᠠᠴᠢᠯᠠᠬᠤ ᠪᠣᠯ ᠮᠠᠨ ᠤ ᠨᠠᠮ ᠤᠨ ᠢᠮᠠᠭᠲᠠ ᠪᠠᠷᠢᠮᠲᠠᠯᠠᠭᠰᠠᠭᠠᠷ ᠢᠷᠡᠭᠰᠡᠨ ᠢᠯᠡ ᠲᠣᠳᠤ ᠤᠯᠤᠰ ᠲᠥᠷᠦ ᠶᠢᠨ ᠵᠣᠭᠰᠤᠯᠲᠠ ᠪᠣᠯᠣᠨ᠎ᠠ᠂ ᠮᠥᠨᠴᠦ ᠨᠠᠮ ᠤᠨ ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠶᠢ ᠡᠷᠬᠡᠪᠰᠢ ᠤᠷᠲᠤ ᠬᠤᠭᠤᠴᠠᠭ᠎ᠠ ᠰᠠᠶᠢᠨ ᠠᠤᠨᠬᠤᠬᠤ ᠶᠢᠨ ᠴᠢᠬᠤᠯᠠ ᠶᠡᠭᠡ ᠤᠯᠤᠰ ᠲᠥᠷᠦ ᠶᠢᠨ ᠡᠭᠦᠷᠭᠡ ᠪᠣᠯᠣᠨ᠎ᠠ ᠭᠡᠵᠡᠢ᠃        ︽ᠰᠠᠨᠠᠯ︾ ᠳᠤ ᠴᠢᠬᠤᠯᠠᠴᠢᠯᠠᠬᠤ ᠳᠠᠭᠠᠨ᠂ ᠰᠢᠨ᠎ᠡ ᠴᠠᠭ ᠦᠶ᠎ᠡ ᠶᠢᠨ ᠠᠷᠢᠭᠤᠨ ᠴᠢᠭᠴᠢ ᠰᠣᠶᠣᠯ ᠤᠨ ᠪᠠᠶᠢᠭᠤᠯᠤᠯᠲᠠ ᠶᠢ ᠴᠢᠩᠭᠠᠤᠨᠬᠠᠬᠤ ᠳᠤ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠬᠤ ᠶᠢ ᠪᠠᠷᠢᠮᠲᠠᠯᠠᠵᠤ᠂ ᠨᠠᠮ ᠤᠨ ᠠᠷᠪᠠᠨ ᠶᠢᠰᠦᠳᠦᠭᠡᠷ ᠶᠡᠭᠡ ᠬᠤᠷᠠᠯ ᠪᠠ ᠠᠷᠪᠠᠨ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠪᠥᠭᠦᠳᠡ ᠬᠤᠷᠠᠯ ᠨᠤᠭᠤᠳ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ  ᠳᠣᠭᠤᠰᠢᠯᠠᠭᠤᠯᠵᠣ᠂ ︽ᠳᠥᠷᠪᠡᠨ ᠤᠬᠠᠮᠰᠠᠷ︾ ᠢᠶᠠᠨ ᠨᠡᠮᠡᠭᠳᠡᠭᠦᠯᠵᠦ᠂ ︽ᠳᠥᠷᠪᠡᠨ ᠢᠲᠡᠭᠡᠯ︾ ᠢᠶᠠᠨ ᠪᠠᠲᠤᠤᠨᠬᠠᠵᠤ᠂ ︽ᠬᠤᠶᠠᠷ ᠢ ᠬᠠᠮᠠᠭᠠᠯᠠᠬᠤ︾ ᠶᠢ  ᠰᠠᠶᠢᠳᠣᠷ ᠬᠢᠵᠦ᠂ ︽ᠲᠤᠯᠭᠤᠷ ᠵᠣᠷᠢᠯᠲᠠ ᠪᠠᠨ ᠮᠠᠷᠲᠠᠬᠤ ᠦᠭᠡᠢ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠬᠠᠤᠯᠢ ᠪᠠᠷ ᠤᠯᠤᠰ ᠢᠶᠠᠨ ᠵᠠᠰᠠᠬᠤ ᠪᠠ ᠶᠤᠰᠤ ᠮᠤᠷᠠᠯ ᠢᠶᠠᠷ ᠤᠯᠤᠰ ᠢᠶᠠᠨ ᠵᠠᠰᠠᠬᠤ ᠶᠢ ᠬᠠᠷᠢᠯᠴᠠᠨ ᠤᠶᠠᠯᠳᠤᠭᠤᠯᠬᠤ ᠶᠢ ᠪᠠᠷᠢᠮᠲᠠᠯᠠᠵᠤ᠂ ᠬᠦᠰᠡᠯᠡᠩ ᠢᠲᠡᠭᠡᠯ ᠪᠢᠰᠢᠷᠡᠯ ᠢᠶᠠᠷ ᠪᠠᠲᠤ ᠰᠠᠭᠤᠷᠢ ᠪᠣᠯᠭᠠᠵᠤ᠂ ᠲᠡᠷᠢᠭᠦᠨ ᠤ ᠰᠤᠶᠤᠯ ᠢᠶᠠᠷ ᠣᠶᠣᠨ ᠢᠶᠠᠨ ᠰᠡᠬᠡᠭᠡᠷᠡᠭᠦᠯᠵᠦ  ᠂ ᠡᠷᠬᠢᠮ ᠳᠡᠭᠡᠳᠦ ᠶᠤᠰᠤ ᠮᠤᠷᠠᠯ ᠢᠶᠠᠷ ᠵᠠᠩ ᠰᠤᠷᠲᠠᠯ ᠢᠶᠠᠨ ᠬᠠᠲᠠᠭᠤᠵᠢᠭᠤᠯᠵᠤ᠂ ᠴᠢᠩᠭ᠎ᠠ ᠵᠠᠰᠠᠵᠤ ᠵᠠᠯᠬᠠᠭᠠᠨ ᠴᠡᠭᠡᠷᠯᠡᠭᠦᠯᠵᠦ᠂ ᠳᠥᠷᠢᠮ ᠢᠶᠠᠷ ᠬᠢᠵᠠᠭᠠᠷᠯᠠᠵᠤ᠂ ᠤᠬᠠᠮᠰᠠᠷ ᠢᠶᠠᠨ ᠳᠡᠭᠡᠭᠰᠢᠯᠡᠭᠦᠯᠬᠦ ᠶᠢ ᠨᠢᠭᠡ ᠴᠣᠭᠴᠠ ᠪᠣᠯᠭᠠᠬᠤ ᠪᠠᠷ ᠴᠢᠷᠮᠠᠶᠢᠵᠤ᠂ ᠠᠷᠢᠭᠤᠨ ᠴᠢᠭᠴᠢ ᠰᠣᠶᠣᠯ ᠤᠨ ᠪᠠᠶᠢᠭᠤᠯᠤᠯᠲᠠ ᠶᠢ ᠠᠬᠢᠭᠤᠯᠬᠤ ᠶᠢ ᠪᠤᠳᠠᠲᠠᠶᠢᠵᠢᠭᠤᠯᠵᠤ᠂ ᠬᠦᠴᠦᠷᠬᠡᠭᠵᠢᠭᠦᠯᠵᠦ᠂ ᠺᠠᠳ᠋ᠷ ᠤᠨ ᠲᠥᠪ ᠴᠢᠭᠴᠢ ᠪᠠᠶᠢᠬᠤ᠂ ᠵᠠᠰᠠᠭ ᠤᠨ ᠣᠷᠳᠤᠨ ᠤ ᠠᠷᠢᠭᠤᠨ ᠴᠡᠪᠡᠷ ᠪᠠᠶᠢᠬᠤ᠂ ᠤᠯᠤᠰ ᠲᠥᠷᠦ ᠶᠢᠨ ᠴᠡᠪᠡᠷ ᠠᠷᠢᠭᠤᠨ ᠪᠠᠶᠢᠬᠤ᠂ ᠨᠡᠶᠢᠭᠡᠮ ᠤᠨ ᠴᠡᠪᠡᠷ ᠴᠡᠯᠮᠡᠭ ᠪᠠᠶᠢᠬᠤ ᠶᠢ ᠲᠠᠰᠤᠷᠠᠯᠲᠠ ᠦᠭᠡᠢ ᠪᠡᠶᠡᠯᠡᠭᠦᠯᠬᠦ ᠬᠡᠷᠡᠭᠲᠡᠢ ᠭᠡᠵᠡᠢ᠃      ︽ᠰᠠᠨᠠᠯ︾ ᠳᠤ ᠵᠢᠭᠠᠬᠤ ᠳᠠᠭᠠᠨ᠂ ᠲᠥᠪ ᠭᠤᠣᠯᠴᠢ ᠠᠷᠢᠭᠤᠨ ᠴᠢᠭᠴᠢ ᠪᠠᠶᠢᠬᠤ ᠦᠵᠡᠯ ᠰᠠᠨᠠᠭ᠎ᠠ ᠪᠠᠷ ᠰᠠᠭᠤᠷᠢ ᠪᠣᠯᠭᠠᠬᠤ ᠶᠢ ᠪᠠᠬᠢᠵᠢᠭᠦᠯᠵᠦ᠂ ᠣᠨᠣᠯ ᠢᠶᠠᠷ ᠵᠡᠪᠰᠡᠭᠯᠡᠬᠦ ᠶᠢ ᠴᠢᠩᠳᠠᠯᠠᠵᠤ᠂ ᠤᠯᠤᠰ ᠲᠥᠷᠦ ᠶᠢᠨ ᠪᠠᠲᠤ ᠴᠢᠩᠭ᠎ᠠ ᠬᠦᠴᠦᠨ ᠢᠶᠠᠷ ᠢᠯᠵᠠᠷᠠᠯ ᠢ ᠡᠰᠡᠷᠭᠦᠴᠡᠬᠦ ᠪᠠᠨ ᠨᠡᠮᠡᠭᠳᠡᠭᠦᠯᠬᠦ ᠬᠡᠷᠡᠭᠲᠡᠢ᠃ ᠢᠲᠡᠭᠡᠯ ᠪᠢᠰᠢᠷᠡᠯ ᠢᠲᠡᠭᠡᠯ ᠵᠣᠷᠢᠯᠲᠠ ᠢᠲᠡᠭᠡᠯ ᠰᠡᠦᠨᠬᠢᠯ ᠢᠶᠠᠨ ᠪᠠᠲᠤᠤᠨᠬᠠᠵᠤ᠂ ᠢᠯᠵᠠᠷᠠᠯ ᠢ ᠡᠰᠡᠷᠭᠦᠴᠡᠬᠦ᠂ ᠳᠤᠷᠤᠶᠢᠲᠠᠨ ᠬᠤᠪᠢᠷᠠᠬᠤ ᠶᠢ ᠰᠡᠷᠭᠡᠶᠢᠯᠡᠬᠦ ᠦᠵᠡᠯ ᠰᠠᠨᠠᠭᠠᠨ ᠤ ᠰᠡᠷᠭᠡᠶᠢᠯᠡᠯᠲᠡ ᠶᠢᠨ ᠱᠤᠭᠤᠮ ᠢ ᠪᠣᠢ ᠪᠣᠯᠭᠠᠬᠤ ᠬᠡᠷᠡᠭᠲᠡᠢ᠃ ᠡᠷᠡᠭᠦᠯ ᠰᠠᠷᠠᠭᠤᠯ ᠨᠠᠮ ᠤᠨ ᠳᠤᠲᠤᠭᠠᠲᠤ ᠶᠢᠨ ᠤᠯᠤᠰ ᠲᠥᠷᠦ ᠶᠢᠨ ᠰᠣᠶᠣᠯ ᠢ ᠢᠳᠡᠪᠬᠢᠲᠡᠢ ᠬᠥᠭᠵᠢᠭᠦᠯᠵᠦ᠂ ᠠᠷᠢᠭᠤᠨ ᠴᠢᠭᠴᠢ ᠰᠣᠶᠣᠯ ᠤᠨ ᠪᠠᠶᠢᠭᠤᠯᠤᠯᠲᠠ ᠶᠢ ᠵᠢᠯᠤᠭᠤᠳᠤᠨ ᠳᠠᠭᠠᠭᠤᠯᠬᠤ ᠬᠡᠷᠡᠭᠲᠡᠢ᠃ ᠠᠷᠢᠭᠤᠨ ᠴᠢᠭᠴᠢ ᠪᠠᠷ ᠦᠢᠯᠡᠴᠢᠯᠡᠬᠦ ᠰᠤᠶᠤᠯ ᠤᠨ ᠰᠠᠭᠤᠷᠢ ᠶᠢ ᠪᠠᠬᠢᠵᠢᠭᠦᠯᠵᠦ᠂ ᠠᠷᠢᠭᠤᠨ ᠴᠢᠭᠴᠢ ᠪᠠᠶᠢᠬᠤ᠂ ᠥᠪᠡᠷ ᠢ ᠪᠠᠨ ᠱᠠᠭᠠᠷᠳᠠᠬᠤ ᠶᠤᠰᠤ ᠮᠤᠷᠠᠯ ᠢ ᠬᠥᠮᠦᠵᠢᠭᠦᠯᠵᠦ᠂ ᠠᠷᠢᠭᠤᠨ ᠴᠢᠭᠴᠢ ᠬᠥᠮᠦᠵᠢᠯ ᠤᠨ ᠦᠢᠯᠡᠳᠦᠯ ᠢ ᠪᠠᠳᠠᠷᠠᠭᠤᠯᠵᠤ᠂ ᠢᠯᠵᠠᠷᠠᠯ ᠢ ᠡᠰᠡᠷᠭᠦᠴᠡᠬᠦ ᠶᠢ ᠴᠢᠬᠤᠯᠠᠴᠢᠯᠠᠵᠤ ᠢᠯᠵᠠᠷᠠᠯ ᠢ ᠰᠡᠷᠭᠡᠶᠢᠯᠡᠨ ᠬᠤᠷᠢᠭᠯᠠᠬᠤ ᠨᠡᠶᠢᠭᠡᠮ ᠤᠨ ᠬᠡᠪ ᠰᠤᠷᠲᠠᠯ ᠢ ᠪᠠᠳᠠᠷᠠᠭᠤᠯᠬᠤ ᠬᠡᠷᠡᠭᠲᠡᠢ ᠭᠡᠵᠡᠢ᠃      ︽ᠰᠠᠨᠠᠯ︾ ᠳᠤ ᠱᠠᠭᠠᠷᠳᠠᠬᠤ ᠳᠠᠭᠠᠨ᠂ ᠡᠯ᠎ᠡ ᠭᠠᠵᠠᠷ ᠣᠷᠤᠨ ᠰᠠᠯᠠᠭ᠎ᠠ ᠮᠦᠴᠢᠷ ᠤᠨ ᠬᠢᠨ ᠠᠷᠢᠭᠤᠨ ᠴᠢᠭᠴᠢ ᠰᠣᠶᠣᠯ ᠤᠨ ᠪᠠᠶᠢᠭᠤᠯᠤᠯᠲᠠ ᠶᠢ ᠨᠠᠮ ᠤᠨ ᠠᠷᠢᠭᠤᠨ ᠴᠢᠭᠴᠢ ᠪᠠᠷ ᠵᠠᠰᠠᠭ ᠪᠠᠷᠢᠬᠤ ᠪᠠᠶᠢᠭᠤᠯᠤᠯᠲᠠ ᠪᠠ ᠢᠯᠵᠠᠷᠠᠯ ᠢ ᠡᠰᠡᠷᠭᠦᠴᠡᠬᠦ ᠠᠵᠢᠯ ᠤᠨ ᠪᠠᠶᠢᠷᠢᠯᠠᠭᠤᠯᠤᠯᠲᠠ ᠳᠤ ᠣᠷᠤᠭᠤᠯᠤᠨ ᠲᠥᠯᠦᠪᠵᠢᠭᠦᠯᠵᠦ᠂ ᠰᠢᠨ᠎ᠡ ᠴᠠᠭ ᠦᠶ᠎ᠡ ᠶᠢᠨ ᠠᠷᠢᠭᠤᠨ ᠴᠢᠭᠴᠢ ᠰᠣᠶᠣᠯ ᠤᠨ ᠪᠠᠶᠢᠭᠤᠯᠤᠯᠲᠠ ᠶᠢ ᠭᠦᠨᠵᠡᠭᠡᠢ ᠥᠷᠨᠢᠭᠦᠯᠬᠦ ᠶᠢ ᠠᠬᠢᠭᠤᠯᠬᠤ ᠬᠡᠷᠡᠭᠲᠡᠢ ᠭᠡᠵᠡᠢ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号