ᠮᠠᠨ ᠤ ᠤᠯᠤᠰ ᠤᠨ ᠡᠷᠡᠭᠲᠡᠢ ᠬᠥᠮᠦᠨ ᠠᠮᠠ ᠪᠠᠭᠤᠷᠠᠬᠤ ᠬᠠᠨᠳᠤᠰᠢ ᠢᠯᠡᠷᠡᠪᠡ
ᠨᠡᠶᠢᠲᠡᠯᠡᠭᠰᠡᠨ ᠴᠠᠭ᠄
2022/3/2
     ᠣᠶᠢᠷ᠎ᠠ ᠳᠤ᠂ ᠤᠯᠤᠰ ᠤᠨ ᠲᠤᠭ᠎ᠠ  ᠪᠦᠷᠢᠳᠬᠡᠯ ᠤᠨ  ᠲᠣᠪᠴᠢᠶ᠎ᠠ  2021  ᠣᠨ ᠤ  ᠤᠯᠤᠰ ᠠᠷᠠᠳ ᠤᠨ ᠠᠵᠤ ᠠᠬᠤᠶ ᠪᠠ ᠨᠡᠶᠢᠭᠡᠮ ᠤᠨ ᠬᠥᠭᠵᠢᠯᠲᠡ ᠶᠢᠨ ᠲᠤᠭ᠎ᠠ ᠪᠦᠷᠢᠳᠬᠡᠯ ᠤᠨ ᠠᠯᠪᠠᠨ ᠮᠡᠳᠡᠭᠡ ᠨᠡᠶᠢᠲᠡᠯᠡᠪᠡ ᠃              2021 ᠣᠨ ᠤ ᠡᠴᠦᠰ ᠪᠣᠯᠬᠤ ᠳᠤ ᠪᠥᠬᠦ ᠤᠯᠤᠰ ᠤᠨ ᠬᠥᠮᠦᠨ ᠠᠮᠠ 141260 ᠲᠦᠮᠡ ᠪᠣᠯᠵᠣ᠂ ᠲᠦᠷᠦᠭᠦᠦ ᠵᠢᠯ ᠤᠨ ᠡᠴᠦᠰ ᠤᠨ ᠬᠢ ᠠᠴᠠ 48 ᠲᠦᠮᠡ ᠨᠡᠮᠡᠭᠳᠡᠵᠡᠶ᠂ ᠡᠭᠦᠨ ᠳᠤ ᠬᠤᠲᠠ ᠪᠠᠯᠭᠠᠰᠤᠨ ᠤ ᠪᠠᠶᠢᠩᠭᠤ ᠰᠠᠭᠤᠭ᠎ᠠ ᠬᠥᠮᠦᠨ ᠠᠮᠠ 91425 ᠲᠦᠮᠡ ᠪᠠᠶᠢᠨ᠎ᠠ᠃ ᠪᠥᠬᠦ ᠵᠢᠯ ᠳᠤ ᠲᠥᠷᠥᠭᠰᠡᠨ ᠬᠥᠮᠦᠨ ᠠᠮᠠ 1062 ᠲᠦᠮᠡ ᠪᠤᠢ᠂ ᠲᠥᠷᠥᠭᠰᠡᠨ  ᠨᠣᠷᠮ᠎ᠠ ᠨᠢ 7.52 ‰ ᠪᠣᠯᠤᠨ᠎ᠠ︔ ᠦᠬᠦᠭᠰᠡᠨ ᠬᠥᠮᠦᠨ ᠠᠮᠠ 1014 ᠲᠦᠮᠡ᠂ ᠦᠬᠦᠭᠰᠡᠨ  ᠨᠤᠷᠮ᠎ᠠ ᠨᠢ  7.18  ‰ᠪᠣᠯᠤᠨ᠎ᠠ︔ ᠠᠶᠠᠨᠳᠠᠭᠠᠨ ᠨᠡᠮᠡᠭᠳᠡᠭᠰᠡᠨ ᠨᠣᠷᠮ᠎ᠠ ᠨᠢ 0.34 ‰  ᠪᠣᠯᠤᠨ᠎ᠠ ᠃  ᠬᠦᠢᠰᠦ ᠢᠯᠭᠠᠯ ᠤᠨ ᠪᠦᠲᠦᠴᠡ ᠠᠴᠠ ᠦᠵᠡᠪᠡᠯ᠂ ᠡᠷᠡᠭᠲᠡᠶ ᠬᠥᠮᠦᠨ ᠠᠮᠠ 72311 ᠲᠦᠮᠡ᠂ ᠡᠮᠡᠭᠲᠡᠶ  ᠬᠥᠮᠦᠨ ᠠᠮᠠ 68949 ᠲᠦᠮᠡ ᠪᠠᠶᠢᠵᠤ᠂ ᠡᠷᠡᠭᠲᠡᠶ ᠨᠢ ᠡᠮᠡᠭᠲᠡᠶ ᠠᠴᠠ ᠪᠠᠨ 3362 ᠲᠦᠮᠡ ᠢᠯᠡᠭᠦᠦ ᠪᠠᠶᠢᠨ᠎ᠠ᠃ ᠳᠤᠮᠳᠠᠳᠤ ᠤᠯᠤᠰ ᠤᠨ ᠲᠤᠭ᠎ᠠ ᠪᠦᠷᠢᠳᠬᠡᠯ ᠤᠨ ᠣᠨ ᠤ ᠲᠣᠯᠢ ᠠᠴᠠ ᠦᠵᠡᠪᠡᠯ᠂  2020  ᠣᠨ ᠳᠤ  ᠡᠷᠡᠭᠲᠡᠶ ᠬᠥᠮᠦᠨ ᠠᠮᠠ 72357 ᠲᠦᠮᠡ᠂ ᠡᠮᠡᠭᠲᠡᠶ ᠬᠥᠮᠦᠨ ᠠᠮᠠ 68855 ᠲᠦᠮᠡ  ᠪᠠᠶᠢᠵᠠᠢ᠂ ᠡᠨᠡ ᠨᠢ 2021 ᠣᠨ ᠳᠤ ᠡᠷᠡᠭᠲᠡᠶ ᠬᠥᠮᠦᠨ ᠠᠮᠠ 46 ᠲᠦᠮᠡ ᠪᠠᠭᠤᠷᠠᠭᠰᠠᠨ ᠢ ᠬᠠᠷᠠᠭᠤᠯᠵᠤ ᠪᠠᠶᠢᠨ᠎ᠠ᠃              ᠰᠤᠷᠪᠤᠯᠵᠢᠯᠠᠭᠴᠢ ᠤᠯᠤᠰ ᠤᠨ ᠲᠤᠭ᠎ᠠ  ᠪᠦᠷᠢᠳᠬᠡᠯ ᠤᠨ  ᠲᠣᠪᠴᠢᠶᠠᠨ ᠤ ᠥᠩᠭᠡᠷᠡᠭᠰᠡᠨ  ᠵᠢᠯ ᠤᠳ ᠤᠨ ᠲᠤᠭ᠎ᠠ ᠪᠠᠷᠢᠮᠲᠠ ᠠᠴᠠ ᠣᠯᠵᠤ ᠮᠡᠳᠡᠭᠰᠡᠨ ᠢᠶᠠᠷ᠂ 2021 ᠣᠨ ᠪᠣᠯ ᠳᠤᠮᠳᠠᠳᠤ ᠤᠯᠤᠰ ᠤᠨ ᠡᠷᠡᠭᠲᠡᠶ ᠬᠥᠮᠦᠨ ᠠᠮᠠ  60 ᠵᠢᠯ ᠤᠨ ᠲᠤᠷᠰᠢ ︵1962 ᠣᠨ ᠠᠴᠠ ᠨᠠᠰᠢ︶ ᠠᠩᠬ᠎ᠠ ᠤᠳᠠᠭ᠎ᠠ ᠪᠠᠭᠤᠷᠠᠭᠰᠠᠨ ᠵᠢᠯ ᠪᠤᠯᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号