ᠬᠤᠷᠤᠭᠤᠨ ᠣᠷᠣᠮ ᠤᠨ ᠰᠢᠨ᠎ᠡ ᠨᠢᠭᠤᠴᠠ ᠶᠢ ᠢᠯᠡᠷᠡᠬᠦᠯᠪᠡ
ᠨᠡᠶᠢᠲᠡᠯᠡᠭᠰᠡᠨ ᠴᠠᠭ᠄
2022/2/25
    ᠣᠶᠢᠷ᠎ᠠ ᠳᠤ᠂ ᠮᠠᠨ ᠤ ᠤᠯᠤᠰ ᠤᠨ ᠰᠢᠨᠵᠢᠯᠡᠬᠦ ᠤᠬᠠᠭᠠᠨᠲᠠᠳ ᠤᠨ ᠲᠠᠭᠠᠭᠤᠯᠣᠨ  ᠬᠢᠭᠰᠡᠨ  ᠣᠯᠠᠨ  ᠤᠯᠤᠰ   ᠤᠨ ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠬᠥᠮᠦᠨ ᠲᠥᠷᠥᠯᠬᠢᠲᠡᠨ ᠤ ᠬᠤᠷᠤᠭᠤᠨ ᠣᠷᠣᠮ ᠪᠠ ᠮᠥᠴᠢ  ᠶᠢᠨ  ᠪᠣᠶᠢᠵᠢᠯᠲᠠ ᠨᠢ ᠳᠡᠭᠡᠳᠦ ᠬᠡᠮᠵᠢᠶᠡᠨ ᠤ ᠭᠧᠨ ᠤ ᠬᠤᠯᠪᠣᠭ᠎ᠠ ᠲᠠᠢ ᠪᠠᠶᠢᠳᠠᠭ᠃ ᠬᠥᠮᠦᠨ ᠤ ᠪᠡᠶ᠎ᠡ ᠶᠢᠨ ᠭᠠᠳᠠᠷ ᠣᠨᠴᠠᠯᠢᠭ ᠪᠠ ᠤᠳᠤᠮᠰᠢᠯ   ᠤᠨ ᠭᠧᠨ ᠤ ᠲᠤᠬᠠᠶ ᠭᠦᠨᠵᠡᠭᠡᠶ ᠰᠤᠳᠤᠯᠤᠯ ᠨᠢ᠂ ᠲᠥᠷᠥᠯᠬᠢ ᠡᠪᠡᠳᠴᠢᠨ ᠢ ᠡᠷᠲᠡ  ᠰᠢᠭᠰᠢᠬᠦ᠂ ᠬᠥᠮᠦᠨ ᠤ ᠪᠡᠶ᠎ᠡ ᠶᠢᠨ ᠡᠪᠡᠳᠴᠢᠨ ᠤ ᠬᠤᠪᠢᠷᠠᠯᠲᠠ ᠶᠢ ᠤᠷᠢᠳᠴᠢᠯᠠᠨ ᠰᠡᠷᠭᠡᠶᠢᠯᠡᠬᠦ ᠵᠡᠷᠭᠡ  ᠡᠯ᠎ᠡ ᠬᠦᠷᠢᠶᠡᠨ ᠳᠤ ᠴᠢᠬᠤᠯᠠ ᠦᠨ᠎ᠡ ᠥᠷᠲᠡᠭ ᠲᠠᠢ ᠶᠤᠮ᠃ ᠣᠳᠣᠬᠠᠨ ᠳᠤ ᠨᠢᠯᠬ᠎ᠠ ᠬᠡᠦᠬᠡᠳ ᠤᠨ ᠠᠷᠠᠰᠤᠨ ᠤ  ᠵᠢᠷᠤᠭᠠᠰᠤ   ᠪᠠᠷ ᠳᠠᠮᠵᠢᠨ᠂ ᠲᠦᠷᠤᠯᠬᠢ  ᠮᠡᠳᠡᠷᠡᠯ ᠤᠨ ᠡᠪᠡᠳᠴᠢᠨ ᠤ ᠰᠢᠨᠵᠢ  ᠪᠠᠶᠢᠬᠤ ᠡᠰᠡᠬᠦ   ᠶᠢ  98  %   ᠶᠢᠨ  ᠤᠨᠤᠪᠴᠢ   ᠪᠠᠷ  ᠮᠠᠭᠠᠳᠯᠠᠵᠤ ᠲᠡᠶᠢᠯᠦᠨ᠎ᠡ᠃             ᠮᠥᠴᠢ ᠶᠢᠨ ᠪᠣᠶᠢᠵᠢᠯᠲᠠ ᠶᠢᠨ ᠬᠤᠯᠪᠣᠭᠳᠠᠯ ᠪᠦᠬᠦᠢ ᠭᠧᠨ ᠨᠢ ᠬᠤᠷᠤᠭᠤᠨ‌ᠣᠷᠣᠮ ᠤᠨ ᠵᠢᠷᠣᠭᠠᠰᠣᠨ   ᠤ  ᠪᠦᠷᠢᠯᠳᠦᠯ ᠳᠤ ᠭᠤᠣᠯᠯᠠᠬᠤ ᠦᠢᠯᠡᠳᠦᠯ ᠦᠵᠡᠭᠦᠯᠦᠨ᠎ᠡ᠃  ᠤᠷᠳᠤ ᠬᠤᠭᠤᠴᠠᠭᠠᠨ ᠤ ᠲᠤᠷᠰᠢ᠂ ᠬᠤᠷᠤᠭᠤᠨ ᠤᠷᠤᠮ ᠪᠣᠯ ᠵᠥᠪᠬᠡᠨ ᠠᠷᠠᠰᠤ ᠲᠠᠢ ᠬᠤᠯᠪᠣᠭᠳᠠᠬᠤ ᠤᠳᠤᠮᠰᠢᠯ ‍ᠤᠨ‌ᠣᠨᠴᠠᠯᠢᠭ ᠮᠥᠨ ᠭᠡᠵᠦ ᠬᠦᠮᠤᠰ ᠨᠡᠶᠢᠲᠡᠮ ᠦᠵᠡᠭᠰᠡᠭᠡᠷ  ᠢᠷᠡᠪᠡ᠂  2018  ᠣᠨ   ᠳᠤ  ᠮᠠᠨ   ᠤ  ᠤᠯᠤᠰ  ︽ᠬᠥᠮᠦᠨ‌‍ᠲ᠋ᠥ᠋ᠷᠥᠯᠬᠢᠲᠡᠨ ᠤ ᠭᠠᠳᠠᠷ ᠲᠦᠷᠬᠦ  ᠶᠢᠨ ᠪᠦᠳᠦᠴᠡ︾ ᠶᠢᠨ ᠤᠯᠠᠨ ᠤᠯᠤᠰ ᠤᠨ ᠲᠤᠮᠤ ᠰᠢᠨᠵᠢᠯᠡᠬᠦ ᠤᠬᠠᠭᠠᠨ ᠤ ᠲᠥᠯᠥᠪᠯᠡᠭᠡ ᠶᠢ ᠰᠠᠨᠠᠭᠠᠴᠢᠯᠠᠵᠤ᠂ ᠬᠥᠮᠦᠨ ᠲᠥᠷᠥᠯᠬᠢᠲᠡᠨ ᠤ ᠠᠮᠢ ᠨᠠᠰᠤᠨ ᠤ ᠣᠨᠴᠠᠯᠢᠭ ᠲᠤ ᠤᠳᠤᠮᠰᠢᠯ ᠤᠨ ᠤᠬᠠᠭᠠᠨ ᠤ ᠨᠡᠩ  ᠭᠦᠨᠵᠡᠭᠡᠢ ᠰᠤᠳᠤᠯᠭᠠᠨ ᠬᠢᠵᠡᠢ᠃  ᠹᠦᠳᠠᠨ ᠶᠡᠭᠡ ᠰᠤᠷᠭᠠᠭᠤᠯᠢ ᠪᠠ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ  ᠬᠠᠮᠢᠶ᠎ᠠ  ᠪᠥᠬᠦᠶ ᠪᠦᠯᠬᠦᠮ ᠨᠡᠶᠢᠲᠡ ᠤᠯᠤᠰ ᠤᠨ ᠳᠣᠲᠣᠭᠠᠳᠤ ᠭᠠᠳᠠᠭᠠᠳᠤ   ᠶᠢᠨ  ᠠᠷᠪᠠ  ᠭᠠᠷᠤᠶ  ᠰᠢᠨᠵᠢᠯᠡᠬᠦ  ᠤᠬᠠᠭᠠᠨ   ᠤ  ᠰᠤᠳᠤᠯᠭᠠᠨ   ᠤ ᠪᠠᠶᠢᠭᠤᠯᠤᠮᠵᠢ ᠲᠠᠢ ᠬᠠᠮᠲᠤᠷᠠᠨ᠂  ᠣᠯᠠᠨ  ᠤᠳᠤᠮ   ᠣᠭᠰᠠᠭᠠᠨ ᠤ ᠬᠦᠮᠤᠰ   ᠤᠨ  ᠬᠤᠷᠤᠭᠤᠨ  ᠣᠷᠣᠮ   ᠤᠨ  ᠬᠡ   ᠶᠢ ᠴᠤᠭᠯᠠᠭᠤᠯᠵᠤ᠂ ᠵᠠᠭᠤᠭᠠᠳ ᠲᠦᠮᠡᠨ ᠤᠳᠤᠮᠯᠠᠯ ᠤᠨ ᠣᠷᠣᠨ ᠪᠠᠶᠢᠷᠢ ᠶᠢᠨ ᠴᠡᠭ ᠢ ᠵᠠᠳᠠᠯᠵᠤ᠂  ᠡᠴᠦᠰ   ᠲᠡᠭᠡᠨ  ᠮᠥᠴᠢ   ᠶᠢᠨ ᠪᠣᠶᠢᠵᠢᠯᠲᠠ ᠶᠢᠨ ᠬᠠᠮᠢᠶ᠎ᠠ ᠪᠥᠬᠦᠶ ᠭᠧᠨ ᠨᠢ ᠬᠤᠷᠤᠭᠤᠨ ᠣᠷᠣᠮ ᠤᠨ ᠬᠡ ᠤᠭᠠᠯᠵᠠ ᠶᠢᠨ ᠬᠡᠯᠪᠡᠷᠢ ᠪᠦᠷᠢᠯᠳᠦᠬᠦ ᠳᠤ ᠭᠤᠤᠯᠯᠠᠬᠤ ᠦᠶᠯᠡᠳᠦᠯ ᠦᠵᠡᠭᠦᠯᠦᠭᠰᠡᠨ ᠢ ᠨᠤᠲᠠᠯᠠᠪᠠ᠃   ᠲᠥᠷᠥᠯᠬᠢ ᠡᠪᠡᠳᠴᠢᠨ ᠢ ᠡᠷᠲᠡ ᠰᠢᠭᠰᠢᠬᠦ᠂ ᠬᠥᠮᠦᠨ ᠤ ᠪᠡᠶ᠎ᠡ ᠶᠢᠨ ᠡᠪᠡᠳᠴᠢᠨ ᠤ ᠬᠤᠪᠢᠷᠠᠯᠲᠠ   ᠶᠢ  ᠤᠷᠢᠳᠴᠢᠯᠠᠨ ᠰᠡᠷᠭᠡᠶᠢᠯᠡᠬᠦ ᠵᠡᠷᠭᠡ ᠬᠦᠷᠢᠶᠡᠨ ᠳᠤ ᠴᠢᠬᠤᠯᠠ ᠦᠨ᠎ᠡ ᠥᠷᠲᠡᠭ ᠲᠠᠢ  ᠬᠤᠷᠤᠭᠤᠨ ᠣᠷᠣᠮ ᠤᠨ ᠭᠧᠨ ᠤ ᠨᠢᠭᠤᠴᠠ ᠶᠢ ᠠᠩᠬ᠎ᠠ ᠲᠠᠶᠢᠯᠤᠭᠰᠠᠨ ᠨᠢ ᠣᠨᠣᠯ ᠤᠨ  ᠦᠷ᠎ᠡ  ᠪᠦᠲᠦᠭᠡᠯ  ᠪᠣᠯᠬᠤ ᠪᠠᠷ ᠪᠠᠷᠠᠬᠤ ᠥᠬᠡᠶ᠂ ᠪᠠᠰᠠ ᠬᠥᠮᠦᠨ ᠲᠥᠷᠥᠯᠬᠢᠲᠡᠨ ᠤ ᠭᠠᠳᠠᠷ ᠲᠦᠷᠬᠦ ᠶᠢᠨ ᠪᠦᠳᠦᠴᠡ‌‍ᠶᠢᠨ ᠰᠤᠳᠤᠯᠭᠠᠨ ᠠᠯᠤᠰ ᠢᠷᠡᠭᠡᠳᠦᠶ ᠲᠠᠢ ᠪᠠᠶᠢᠬᠤ ᠶᠢ ᠬᠠᠷᠠᠭᠤᠯᠵᠤ ᠪᠠᠶᠢᠨ᠎ᠠ᠃             ᠬᠥᠮᠦᠨ ᠤ ᠪᠡᠶ᠎ᠡ ᠶᠢᠨ ᠭᠠᠳᠠᠷ ᠣᠨᠴᠠᠯᠢᠭ ᠪᠠ ᠤᠳᠤᠮᠯᠠᠯ ᠤᠨ ᠭᠧᠨ ᠤ ᠲᠤᠬᠠᠶ ᠭᠦᠨᠵᠡᠭᠡᠶ ᠰᠤᠳᠤᠯᠤᠯ ᠢᠶᠠᠷ ᠳᠡᠮᠵᠢᠨ᠂ ᠲᠥᠷᠥᠯᠬᠢ ᠡᠪᠡᠳᠴᠢᠨ ᠢ ᠡᠷᠲᠡ  ᠰᠢᠭᠰᠢᠬᠦ᠂  ᠬᠥᠮᠦᠨ   ᠤ  ᠪᠡᠶ᠎ᠡ   ᠶᠢᠨ  ᠡᠪᠡᠳᠴᠢᠨ   ᠤ  ᠬᠤᠪᠢᠷᠠᠯᠲᠠ   ᠶᠢ  ᠤᠷᠢᠳᠴᠢᠯᠠᠨ ᠰᠡᠷᠭᠡᠶᠢᠯᠡᠬᠦ ᠵᠡᠷᠭᠡ ᠡᠯ᠎ᠡ ᠬᠦᠷᠢᠶᠡᠨ ᠳᠤ ᠴᠢᠬᠤᠯᠠ ᠶᠡᠭᠡ ᠦᠨ᠎ᠡ ᠥᠷᠲᠡᠭ ᠲᠠᠢ ᠶᠤᠮ᠂ ᠣᠳᠣᠬᠠᠨ ᠳᠤ ᠰᠢᠨᠵᠢᠯᠡᠬᠦ ᠤᠬᠠᠭᠠᠨ ᠤ  ᠰᠤᠳᠤᠯᠭᠠᠨ   ᠤ  ᠪᠦᠯᠬᠦᠮ   ᠤᠳ  ᠨᠢᠭᠡᠨᠲᠡ  ᠡᠮᠴᠢᠯᠡᠭᠡᠨ   ᠤ ᠪᠠᠶᠢᠭᠤᠯᠤᠮᠵᠢ ᠲᠠᠢ ᠬᠠᠮᠲᠤᠷᠠᠨ ᠠᠵᠢᠯᠯᠠᠵᠤ᠂ ᠬᠡᠷᠡᠭᠯᠡᠭᠡᠨ ᠤ ᠬᠦᠷᠢᠶᠡᠨ ᠳᠠᠬᠢ ᠦᠶᠯᠡᠳᠦᠯᠭᠡ ᠶᠢᠨ ᠰᠤᠳᠤᠯᠭᠠᠨ ᠢ  ᠤᠯᠠᠮ  ᠨᠢᠭᠡ ᠠᠯᠬᠤᠮ ᠦᠷᠭᠡᠳᠭᠡᠵᠦ ᠪᠠᠶᠢᠨ᠎ᠠ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号