ᠰᠢᠯᠢ ᠶᠢᠨ ᠬᠤᠲᠠ ᠨᠤᠲᠤᠭ ᠪᠡᠯᠴᠢᠭᠡᠷ ᠢᠶᠠᠨ ᠰᠡᠷᠭᠦᠭᠡᠭᠡᠳ ᠳᠡᠯᠡᠬᠡᠢ ᠳᠤ ᠦᠨᠡᠯᠡᠭᠳᠡᠪᠡ
ᠨᠡᠶᠢᠲᠡᠯᠡᠭᠰᠡᠨ ᠴᠠᠭ᠄
2022/11/8
     ᠰᠢᠯᠢ ᠶᠢᠨ ᠬᠤᠲᠠ ᠭᠤᠷᠪᠠᠨ ᠵᠢᠯ ᠤᠨ ᠬᠤᠭᠤᠴᠠᠭᠠᠨ ᠳᠤ ᠬᠡᠷᠡᠭᠵᠢᠭᠦᠯᠦᠭᠰᠡᠨ 7.6 ᠲᠦᠮᠡᠨ ᠮᠥ ᠲᠠᠴᠢᠷᠰᠢᠭᠰᠠᠨ ᠨᠤᠲᠤᠭ ᠪᠡᠯᠴᠢᠭᠡᠷ ᠢ ᠵᠠᠰᠠᠨ ᠰᠡᠷᠭᠦᠭᠡᠬᠦ ᠲᠥᠷᠥᠯ ᠵᠦᠢᠯ ᠨᠢ ᠪᠥᠬᠦ ᠤᠯᠤᠰ ᠤᠨ 18 ᠨᠡᠶᠢᠲᠡᠯᠢᠭ ᠵᠢᠱᠢᠶ᠎ᠡ ᠶᠢᠨ ᠳᠣᠲᠣᠷᠠᠬᠢ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ︽ᠠᠮᠢᠳᠤ ᠪᠣᠳᠠᠰ ᠤᠨ ᠣᠯᠠᠨ ᠶᠠᠩᠵᠤᠲᠤ ᠴᠢᠨᠠᠷ ᠤᠨ ᠨᠡᠶᠢᠲᠡ ᠶᠢᠨ ᠭᠡᠷ᠎ᠡ︾ ᠳᠤ ᠰᠣᠩᠭᠤᠭᠳᠠᠵᠤ ᠣᠷᠣᠭᠰᠠᠨ ᠪᠡᠯᠴᠢᠭᠡᠷ ᠤᠨ ᠠᠮᠢ ᠠᠬᠤᠶ ᠶᠢ ᠵᠠᠰᠠᠨ ᠰᠡᠷᠭᠦᠭᠡᠬᠦ ᠴᠣᠷ ᠤᠨ ᠭᠠᠭᠴᠠ ᠲᠥᠷᠥᠯ ᠵᠦᠢᠯ ᠪᠣᠯᠣᠭᠰᠠᠨ ᠪᠠᠶᠢᠨ᠎ᠠ᠃ ᠡᠨᠡ ᠲᠥᠷᠥᠯ ᠵᠦᠢᠯ ᠨᠢ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠠᠴᠠ ᠳᠡᠯᠡᠬᠡᠢ ᠳ᠋ᠠᠬᠢᠨ ᠳᠤ ᠲᠠᠨᠢᠯᠴᠠᠭᠤᠯᠵᠤ ᠪᠠᠶᠢᠭ᠎ᠠ ᠬᠠᠭᠤᠯᠪᠤᠷᠢᠯᠠᠵᠤ ᠪᠣᠯᠬᠤ᠂ ᠯᠠᠪᠯᠠᠯᠲᠠ ᠪᠣᠯᠭᠠᠵᠤ ᠪᠣᠯᠬᠤ᠂ ᠲᠦᠭᠡᠮᠡᠯᠵᠢᠭᠦᠯᠵᠦ ᠪᠣᠯᠬᠤ ᠪᠡᠯᠴᠢᠭᠡᠷ ᠤᠨ ᠠᠮᠢ ᠠᠬᠤᠢ ᠶᠢ ᠵᠠᠰᠠᠨ ᠰᠡᠷᠭᠦᠭᠡᠬᠦ ᠵᠠᠭᠪᠤᠷ ᠢᠨᠵᠧᠨᠧᠷᠢᠩ ᠪᠣᠯᠤᠭᠰᠠᠨ ᠪᠠᠶᠢᠨ᠎ᠠ᠃      ︽ᠰᠢᠯᠢ ᠶᠢᠨ ᠬᠤᠲᠠ ᠶᠢᠨ ᠲᠠᠴᠢᠷᠰᠢᠭᠰᠠᠨ ᠨᠤᠲᠤᠭ ᠪᠡᠯᠴᠢᠭᠡᠷ ᠲᠤ ᠬᠥᠮᠦᠨ ᠤ ᠬᠦᠴᠦ ᠪᠠᠷ ᠡᠪᠡᠰᠦ ᠳᠠᠷᠢᠵᠤ ᠠᠮᠢ ᠠᠬᠤᠶ ᠶᠢ ᠰᠡᠷᠭᠦᠭᠡᠬᠦ ᠲᠥᠷᠥᠯ ᠵᠦᠢᠯ︾ ᠪᠣᠯ ᠤᠯᠤᠰ ᠤᠨ ᠲᠤᠷᠰᠢᠯᠲᠠ ᠶᠢᠨ ᠴᠡᠭ ᠤᠨ ᠲᠥᠷᠥᠯ ᠵᠦᠢᠯ ᠪᠣᠯᠬᠤ ᠪᠥᠭᠡᠳ ᠶᠡᠷᠦᠩᠬᠡᠶ ᠪᠠᠯᠠ ᠣᠷᠣᠭᠤᠯᠤᠯᠲᠠ ᠨᠢ 3710.82 ᠲᠦᠮᠡᠨ ᠲᠥᠭᠦᠷᠢᠭ ᠬᠦᠷᠴᠦ᠂ ᠭᠤᠷᠪᠠᠨ ᠵᠢᠯ ᠬᠤᠪᠢᠶᠠᠨ ᠬᠡᠷᠡᠭᠵᠢᠭᠦᠯᠵᠡᠢ᠃ 2019 ᠣᠨ ᠠᠴᠠ ᠡᠬᠢᠯᠡᠨ᠂ ᠲᠤᠬᠠᠢ ᠶᠢᠨ ᠭᠠᠵᠠᠷ ᠤᠨ ᠤᠯᠤᠰ ᠤᠨ ᠥᠮᠴᠢᠯᠡᠯᠲᠦ ᠲᠠᠷᠢᠶᠠᠯᠠᠩ ᠮᠠᠯᠵᠢᠯ ᠤᠨ ᠲᠠᠯᠠᠪᠠᠢ ᠪᠣᠯᠤᠨ ᠮᠠᠯᠵᠢᠬᠤ ᠡᠷᠦᠬᠡ ᠶᠢᠨ 7.6 ᠲᠦᠮᠡᠨ ᠮᠦ ᠲᠠᠴᠢᠷᠰᠢᠭᠰᠠᠨ ᠪᠡᠯᠴᠢᠭᠡᠷ ᠤᠨ ᠠᠮᠢ ᠠᠬᠤᠢ ᠶᠢ ᠰᠡᠷᠭᠦᠭᠡᠨ ᠵᠠᠰᠠᠭᠰᠠᠨ ᠪᠠᠶᠢᠨ᠎ᠠ᠂ ᠡᠭᠦᠨ ᠳᠤ ᠬᠦᠨᠳᠦ ᠨᠣᠴᠢᠲᠠᠢ ᠡᠯᠡᠰᠦᠷᠬᠡᠭᠵᠢᠭᠰᠡᠨ 1 ᠲᠦᠮᠡᠨ ᠮᠦ ᠪᠡᠯᠴᠢᠭᠡᠷ᠂ ᠲᠠᠴᠢᠷᠰᠢᠭᠰᠠᠨ 6.5 ᠲᠦᠮᠡᠨ ᠮᠦ ᠪᠡᠯᠴᠢᠭᠡᠷ ᠢ ᠰᠡᠷᠭᠦᠭᠡᠬᠦ ᠪᠣᠯᠤᠨ 1000 ᠮᠦ ᠨᠤᠲᠤᠭ ᠤᠨ ᠰᠠᠶᠢᠨ ᠡᠭᠦᠯᠳᠡᠷ ᠤᠨ ᠵᠡᠷᠯᠢᠭ ᠡᠪᠡᠰᠦᠨ ᠤ ᠦᠷ᠎ᠡ ᠶᠢ ᠠᠷᠠᠴᠢᠯᠠᠨ ᠪᠤᠶᠢᠵᠢᠭᠤᠯᠬᠤ ᠠᠵᠢᠯ ᠪᠠᠭᠲᠠᠭᠰᠠᠨ ᠪᠠᠶᠢᠨ᠎ᠠ᠃ ᠠᠳᠠᠯᠢ ᠪᠤᠰᠤ ᠪᠡᠯᠴᠢᠭᠡᠷ ᠤᠨ ᠲᠠᠴᠢᠷᠰᠢᠭᠰᠠᠨ ᠪᠠᠶᠢᠳᠠᠯ ᠳᠤ ᠴᠢᠭᠯᠡᠭᠦᠯᠦᠨ᠂ ᠰᠢᠯᠢ ᠶᠢᠨ ᠬᠤᠲᠠ ᠶᠢᠨ  ᠬᠢᠨ ᠳᠡᠭᠡᠳᠦ ᠱᠠᠲᠤᠨ ᠤ ᠰᠠᠯᠠᠭ᠎ᠠ ᠮᠥᠴᠢᠷ ᠤᠨ ᠳᠡᠮᠵᠢᠯᠭᠡ ᠪᠠ ᠲᠤᠰᠬᠠᠢ ᠮᠡᠷᠭᠡᠵᠢᠯᠲᠡᠨ ᠤ ᠳᠤᠭᠤᠶᠢᠯᠠᠩ ᠤᠨ ᠲᠤᠰᠠᠯᠠᠮᠵᠢ ᠳᠣᠣᠷ᠎ᠠ᠂ ᠣᠷᠣᠨ ᠲᠣᠭᠤᠷᠢᠭ ᠬᠤᠪᠢᠶᠠᠨ ᠵᠠᠰᠠᠵᠤ᠂ ᠲᠦᠷᠦ ᠶᠢᠨ ᠪᠤᠳᠤᠯᠭ᠎ᠠ ᠶᠢ ᠣᠨᠣᠪᠴᠢᠲᠠᠢ ᠬᠡᠷᠡᠭᠵᠢᠭᠦᠯᠵᠦ᠂ ᠨᠤᠲᠤᠭ ᠪᠡᠯᠴᠢᠭᠡᠷ ᠢ ᠨᠣᠭᠤᠭᠠᠷᠠᠭᠤᠯᠵᠤ ᠬᠠᠮᠲᠤᠪᠠᠷ ᠪᠠᠶᠠᠵᠢᠬᠤ ︽ᠰᠢᠯᠢ ᠶᠢᠨ ᠬᠤᠲᠠ ᠶᠢᠨ ᠲᠥᠰᠦᠯ︾ ᠢ ᠰᠤᠳᠤᠯᠵᠤ ᠭᠠᠷᠭᠠᠭᠰᠠᠨ ᠪᠠᠶᠢᠨ᠎ᠠ᠃ ᠣᠶᠢᠯᠠᠭᠠᠭᠰᠠᠨ ᠢᠶᠠᠷ᠂ ᠱᠠᠨ ᠰᠢ ᠵᠡᠷᠭᠡ ᠣᠷᠣᠨ ᠤ ᠳᠣᠲᠣᠷ᠎ᠠ ᠭᠠᠳᠠᠨᠠᠬᠢ ᠭᠠᠵᠠᠷ ᠣᠷᠣᠨ ᠤ ᠬᠢᠨ ᠤᠷᠢᠳ ᠬᠤᠵᠢᠳ ᠰᠢᠯᠢ ᠶᠢᠨ ᠬᠤᠲᠠ ᠳᠤ ᠬᠦᠷᠴᠦ ᠲᠠᠴᠢᠷᠰᠢᠭᠰᠠᠨ ᠨᠤᠲᠤᠭ ᠪᠡᠯᠴᠢᠭᠡᠷ ᠢ ᠵᠠᠰᠠᠨ ᠰᠡᠷᠭᠦᠭᠡᠭᠰᠡᠨ ᠲᠤᠷᠰᠢᠯᠭ᠎ᠠ ᠶᠢ ᠲᠣᠭᠤᠷᠢᠨ ᠰᠤᠷᠤᠯᠴᠠᠵᠤ᠂ ᠡᠭᠦᠨ ᠢᠶᠠᠷ ᠯᠠᠪᠯᠠᠯᠲᠠ ᠪᠣᠯᠭᠠᠵᠤ ᠪᠥᠬᠦ ᠲᠠᠯ᠎ᠠ ᠪᠠᠷ ᠲᠦᠭᠡᠮᠡᠯᠵᠢᠭᠦᠯᠵᠦ ᠪᠠᠶᠢᠨ᠎ᠠ᠃ ︽ᠰᠢᠯᠢ ᠶᠢᠨ ᠬᠤᠲᠠ ᠶᠢᠨ ᠲᠥᠰᠦᠯ︾ ᠨᠢ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠠᠴᠠ ᠳᠡᠯᠡᠬᠡᠢ ᠳ᠋ᠠᠬᠢᠨ ᠳᠤ ᠲᠠᠨᠢᠯᠴᠠᠭᠤᠯᠵᠤ ᠪᠠᠶᠢᠭ᠎ᠠ ᠲᠠᠯ᠎ᠠ ᠨᠤᠲᠤᠭ ᠤᠨ ᠠᠮᠢ ᠠᠬᠤᠢ ᠶᠢ ᠵᠠᠰᠠᠨ ᠰᠡᠷᠭᠦᠭᠡᠬᠦ ᠬᠡᠪ ᠵᠠᠭᠪᠤᠷ ᠪᠣᠯᠤᠭᠰᠠᠨ ᠪᠠᠶᠢᠨ᠎ᠠ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号