ᠠᠶᠠᠨ ᠤ ᠲᠡᠮᠳᠡᠭᠯᠡᠯ
ᠨᠡᠶᠢᠲᠡᠯᠡᠭᠰᠡᠨ ᠴᠠᠭ᠄
2022/11/30
                 ᠠᠶᠠᠨ ᠤ ᠲᠡᠮᠳᠡᠭᠯᠡᠯ                                                     ◆ᠨᠠ᠊ · ᠵᠢᠷᠭᠠᠯ ᠴᠠᠩᠱᠠ ᠬᠤᠲᠠᠨ᠎ᠠ                ᠤᠮᠠᠷᠠᠲᠤ ᠤᠷᠤᠨ ᠳᠤ ᠮᠢᠨᠢ ᠣᠢ ᠤᠷᠭᠤᠮᠠᠯ ᠤᠨ ᠨᠠᠪᠴᠢᠰ ᠰᠢᠷᠭᠠᠯᠳᠤᠨ ᠨᠠᠮᠤᠷ ᠤᠨ  ᠦᠩᠭᠡ  ᠰᠠᠭᠠᠲᠠᠨ  ᠬᠤᠩᠭᠤᠷ ᠰᠠᠯᠬᠢᠨ ᠰᠡᠷᠴᠢᠭᠢᠨᠡᠬᠦ ᠳᠤ        ᠤᠷᠢᠬᠠᠨ ᠬᠠᠪᠤᠷ ᠮᠡᠲᠦ ᠴᠠᠩᠱᠠ ᠬᠤᠲᠠᠨ᠎ᠠ ᠦᠩᠭᠡᠲᠦ ᠴᠡᠴᠡᠭ ᠨᠢ ᠮᠢᠷᠠᠯᠵᠠᠨ ᠵᠦᠭᠡᠯᠡᠨ ᠬᠤᠷ᠎ᠠ ᠵᠦᠰᠡᠷᠡᠨ ᠦᠭᠡᠷ᠎ᠡ ᠨᠢᠭᠡᠨ ᠤᠯᠠᠷᠢᠯ ᠪᠤᠶᠤ        ᠡᠳᠦᠷᠵᠢᠨ ᠱᠠᠭᠢᠬᠤ ᠪᠣᠷᠤᠭᠠᠨ ᠤ ᠳᠤᠮᠳᠠᠭᠤᠷ ᠠᠭᠤᠯᠠ  ᠬᠠᠶᠢᠷᠠᠬᠨ ᠢ ᠰᠤᠨᠢᠷᠬᠠᠨ  ᠬᠤᠲᠠ  ᠬᠦᠳᠡᠭᠡ   ᠶᠢ  ᠮᠤᠷᠢᠨ ᠳᠤᠪᠲᠤᠯᠤᠭ᠎ᠠ ᠪᠠᠷ ᠵᠣᠷᠴᠢᠵᠤ        ᠡᠷᠲᠡᠨ ᠠᠴᠠ ᠨᠠᠭᠠᠰᠢᠬᠢ ᠤᠯᠠᠨ ᠵᠠᠭᠤᠨ ᠤ ᠬᠠᠭᠤᠴᠢ ᠦᠯᠢᠭᠡᠷ ᠢ ᠬᠦᠤᠷᠨᠢᠯᠳᠦᠨ ᠡᠷᠬᠢᠮ ᠭᠦᠷᠦᠨ ᠤ ᠠᠭᠤᠤ  ᠬᠦᠮᠦᠨ‌ᠢ ᠪᠢᠰᠢᠷᠡᠨ ᠠᠶᠠᠷᠯᠠᠪᠠᠢ           ᠬᠤᠸᠠᠩ ᠫᠦ᠋ ᠮᠦᠷᠡᠨ ᠤ ᠬᠦᠪᠡᠭᠡᠨ᠎ᠡ               ᠬᠦᠬᠡᠮᠦ᠋ᠷᠡᠨ ᠤ ᠬᠦᠴᠦᠲᠦ ᠤᠷᠤᠰᠬᠠᠯ ᠠᠭᠰᠤᠮᠨᠠᠨ ᠳᠤᠯᠭᠢᠶᠠᠯᠠᠨ ᠠᠳᠡ ᠬᠦᠷᠦᠭᠡᠳ ᠶᠡᠭᠡ  ᠳᠠᠯᠠᠢ ᠳᠤ  ᠠᠶᠠᠪᠠᠷ ᠴᠢᠳᠬᠤᠨ ᠪᠠᠯᠠᠷᠠᠵᠤ        ᠬᠤᠸᠠᠩ ᠫᠦ᠋ ᠮᠦᠷᠡᠨ ᠤ ᠪᠠᠨ ᠦᠵᠡᠮᠵᠢ ᠲᠠᠢ ᠴᠤᠭᠭᠠᠷ ᠳᠦᠷᠪᠡᠨ ᠵᠦᠭ ᠤᠨ ᠵᠤᠷᠴᠢᠭᠰᠠᠳ ᠢ  ᠱᠠᠭᠰᠢᠭᠤᠯᠤᠨ ᠪᠠᠭ᠋ᠠᠲᠠᠢ ᠤᠭᠲᠤᠵᠤ        ᠬᠤᠯᠠ ᠶᠢᠨ ᠵᠤᠷᠴᠢᠭᠰᠠᠳ ᠢ ᠮᠦᠷᠡᠨ ᠭᠠᠲᠤᠯᠠᠭᠤᠯᠬᠤ ᠪᠠᠷ ᠶᠡᠭᠡ ᠣᠩᠭᠤᠴᠠᠨ ᠳᠤ ᠪᠠᠨ ᠲᠦᠳᠡᠬᠡᠨ ᠵᠠᠭᠤᠷ᠎ᠠ ᠬᠤᠷᠠᠨ ᠰᠠᠭᠠᠲᠠᠭᠤᠯᠵᠤ       ᠬᠤᠷᠤᠮᠠᠬᠠᠨ ᠵᠠᠢ ᠳᠤ ᠠᠷᠤ ᠠᠷᠤ ᠠᠴᠠ ᠪᠠᠨ ᠮᠦᠷᠯᠡᠨ  ᠵᠢᠭᠰᠠᠭᠰᠠᠳ ᠤᠬᠠᠭᠠᠨ ᠬᠦᠯ ᠢ ᠣᠯ ᠶᠠᠳᠠᠨ ᠨᠠᠭᠠᠰᠢ ᠴᠠᠭᠠᠰᠢ ᠰᠢᠬᠠᠯᠳᠤᠨ᠎ᠠᠣᠮᠪᠠᠭᠠᠳ ᠭᠡᠲᠦᠯᠬᠦ ᠳᠤ ᠪᠤᠯᠬᠤ ᠦᠭᠡᠢ ᠦᠦ ᠭᠡᠵᠦ ᠪᠢᠯᠠᠭᠤ ᠴᠤᠬᠢᠮ᠎ᠠ ᠳᠡᠷᠲᠡᠭᠡ ᠬᠦᠪᠡᠭᠡ ᠶᠢ ᠵᠢᠭᠠᠬᠤ ᠳᠤ  ᠲᠤᠯᠤᠭᠠᠢ ᠰᠠᠵᠢᠵᠤ         ᠣᠩᠭᠤᠴᠠᠨ ᠳᠤ ᠰᠠᠭᠤᠪᠠᠯ ᠰᠠᠶ᠋ᠢ ᠠᠯᠢᠪᠠ ᠪᠦᠬᠦᠨ ᠠᠮᠤᠷ ᠲᠠᠶᠢᠪᠤᠩ ᠭᠡᠵᠦ ᠵᠠᠯᠠᠭᠤ ᠬᠡᠤᠬᠡᠳ ᠵᠤᠭᠤᠰ ᠵᠤᠭᠤᠰ  ᠬᠡᠮᠡᠨ ᠬᠠᠰᠭᠢᠷᠴᠤ        ᠡᠪᠦᠭᠡᠳ ᠡᠮᠡᠭᠡᠳ ᠵᠠᠯᠠᠭᠤ ᠬᠡᠤᠬᠡᠳ ᠢ ᠢᠯᠭᠠᠭ᠎ᠠ ᠦᠭᠡᠢ ᠪᠠᠷ ᠠᠷᠪᠠᠨ ᠲᠦᠭᠦᠷᠢᠭ ᠬᠤᠷᠢᠶᠠᠨ ᠡᠭᠦᠳᠡ ᠵᠦᠭ ᠶᠠᠭᠠᠷᠠᠤ ᠭᠦᠶᠦᠵᠦ        ᠡᠬᠢ ᠠᠳᠠᠭ ᠢ ᠣᠯᠬᠤ ᠠᠴᠠ ᠤᠷᠢᠳ ᠳᠡᠷᠲᠡᠭᠡ ᠬᠦᠪᠡᠭᠡᠨ ᠳᠤ ᠬᠦᠷᠦᠭᠡᠳ ᠶᠠᠩᠵᠤ ᠪᠠᠷ ᠱᠣᠤᠭᠢᠯᠳᠤᠨ ᠡᠯᠳᠡᠪ   ᠢᠶᠠᠷ ᠦᠢᠮᠡᠯᠳᠦᠨ᠎ᠡ                ᠤᠷᠤᠰᠬᠠᠯ ᠤᠰᠤ ᠮᠡᠲᠦ ᠬᠦᠮᠦᠨ ᠤ ᠴᠤᠪᠤᠷᠠᠭ᠎ᠠ ᠭᠠᠶᠢᠬᠠᠰᠢ ᠠᠯᠳᠠᠮᠠᠷ ᠤᠷᠢᠳᠤ ᠴᠠᠭ ᠤᠨ ᠦᠯᠢᠭᠡᠷ ᠳᠠᠭᠤᠤ ᠬᠦᠭᠵᠢᠮ ᠴᠢᠬᠢ ᠳᠦᠯᠡᠶᠢᠷᠡᠮᠡᠷ       ᠤᠷᠤᠰ ᠠᠩᠭ᠍ᠯᠢ ᠶᠢᠨ ᠪᠠᠩᠬᠢ ᠬᠠᠶᠠᠭ᠎ᠠ ᠳᠠᠷᠤᠨ ᠶᠠᠩᠪᠠ ᠭᠠᠶᠢᠬᠠᠯᠲᠡᠢ ᠦᠷᠨᠢᠨ ᠬᠦᠭᠵᠢᠭᠰᠡᠨ ᠵᠠᠬ᠎ᠠ ᠳᠡᠯᠭᠡᠭᠦᠷ ᠵᠡᠭᠦᠳᠦ ᠵᠡᠷᠭᠡᠯᠭᠡᠨ ᠠᠳᠠᠯᠢᠬᠠᠨ        ᠠᠳᠬᠤ ᠮᠦᠩᠭᠦ ᠡᠪᠦᠷᠯᠡᠬᠦ ᠵᠠᠩᠭᠤᠶᠢᠳᠠ ᠶᠢᠨ ᠴᠢᠷᠠᠢ ᠨᠢ ᠪᠠᠶᠠᠰᠬᠤᠯᠠᠩ ᠠᠷᠭ᠎ᠠ  ᠤᠬᠠᠭᠠᠨ  ᠭᠠᠶᠢᠬᠠᠭᠤᠯᠬᠤ ᠠᠷᠠᠯᠵᠢᠶᠠᠴᠢᠨ ᠤ ᠨᠢᠳᠦ ᠨᠢ ᠵᠠᠯᠢᠷᠬᠠᠭ        ᠡᠮᠦᠨᠡᠲᠦ ᠶᠢᠨ ᠬᠦᠮᠦᠰ ᠡᠵᠡᠨᠲᠡᠨ ᠤ ᠣᠯᠵᠠ ᠶᠢ ᠡᠷᠲᠡ ᠮᠡᠳᠡᠵᠦ ᠤᠮᠠᠷᠠᠲᠤ ᠶᠢᠨ ᠬᠦᠮᠦᠰ ᠨᠣᠶᠠᠨ ᠰᠠᠭᠤᠬᠤ ᠶᠢ ᠠᠮᠲᠠᠷᠬᠠᠭᠰᠠᠨ ᠨᠢ ᠡᠶᠢᠮᠦ ᠠᠵᠢᠬᠠᠩᠵᠸᠤ ᠳᠤ              ᠵᠦᠭᠡᠯᠡᠨ ᠪᠤᠷᠤᠭᠠᠨ ᠵᠦᠰᠡᠷᠡᠨ ᠵᠦᠢᠯ ᠤᠨ ᠤᠷᠭᠤᠮᠠᠯ ᠮᠢᠷᠠᠯᠵᠠᠭᠰᠠᠨ ᠣᠢ ᠶᠢᠨ ᠴᠡᠴᠡᠷᠯᠢᠭ ᠨᠤᠭᠤᠭᠠᠨ  ᠤᠯᠠᠭᠠᠨ ᠦᠩᠭᠡ ᠪᠠᠷ ᠰᠤᠯᠤᠩᠭᠠᠷᠠᠵᠤ        ᠵᠢᠷᠤᠭ ᠮᠡᠲᠦ  ᠭᠤᠶᠤᠬᠠᠨ ᠨᠠᠭᠤᠷ ᠤᠨ ᠬᠦᠪᠡᠭᠡ ᠪᠠᠷ ᠠᠶᠠᠲᠠᠶᠢᠬᠠᠨ ᠠᠯᠬᠤᠬᠤ   ᠳᠤ  ᠲᠤᠷᠭ᠎ᠠ  ᠳᠤᠷᠳᠤᠩ   ᠤᠨ ᠬᠤᠳᠠᠯᠳᠤᠭ᠎ᠠ ᠡᠩᠨᠡᠷᠡᠨ ᠵᠢᠭᠳᠡᠷᠡᠵᠦ        ᠵᠦᠭ ᠪᠦᠬᠦᠨ ᠤ ᠵᠤᠷᠴᠢᠭᠰᠠᠳ ᠢ ᠤᠤᠬᠠᠶᠢᠯᠠᠨ ᠶᠠᠩᠵᠤ ᠶᠢᠨ ᠤᠷᠠᠨ ᠮᠡᠳᠡᠭᠡ ᠪᠠᠷ ᠭᠠᠷ ᠤᠨ ᠡᠷᠳᠡᠮ ᠢ  ᠳᠦᠷᠪᠡᠨ ᠵᠦᠭ ᠲᠤ ᠭᠠᠶᠢᠬᠠᠭᠤᠯᠤᠨᠠᠮ        ᠠᠳᠠᠪᠠᠰᠢ ᠪᠠᠷᠢᠯᠭ᠎ᠠ ᠰᠦᠮ᠎ᠡ ᠬᠡᠶᠢᠳ ᠨᠢ ᠤᠤᠯ ᠬᠡᠪ ᠢᠶᠠᠷ ᠦᠩᠭᠡ ᠦᠵᠡᠮᠵᠢ ᠲᠠᠢ  ᠪᠠᠶᠢᠷᠢᠯᠠᠨ ᠬᠦᠷᠦᠭᠰᠡᠨ ᠪᠦᠬᠦᠨ ᠢ ᠳᠠᠭᠤᠨ ᠠᠯᠳᠠᠭᠤᠯᠵᠤ        ᠠᠰᠬ᠎ᠠ ᠬᠠᠯᠢᠯ ᠠᠭᠤᠯᠠ ᠬᠠᠳᠠᠳ ᠤᠨ ᠬᠦᠬᠡᠮᠳᠦᠭ ᠦᠵᠡᠮᠵᠢ ᠶᠢ ᠬᠤᠯᠠ ᠤᠶᠢᠷ᠎ᠠ ᠶᠢᠨ  ᠬᠦᠮᠦᠰ ᠡᠷᠬᠡ  ᠦᠭᠡᠢ ᠪᠠᠭ᠋ᠠᠷᠬᠠᠯᠳᠤᠨ ᠳᠦᠷᠭᠢᠯᠳᠦᠵᠦ        ᠠᠷᠤ ᠭᠠᠵᠠᠷ ᠤᠨ ᠬᠠᠭᠤᠴᠢᠨ ᠪᠠᠷᠢᠯᠭ᠎ᠠ ᠤᠤᠯ ᠬᠡᠪ ᠢᠶᠠᠷ ᠪᠠᠶᠢᠭᠰᠠᠨ ᠪᠣᠯ ᠭᠡᠵᠦ ᠠᠯᠤᠰ ᠠᠴᠠ ᠢᠷᠡᠭᠰᠡᠨ ᠵᠤᠭᠠᠴᠠᠭᠰᠠᠳ ᠲᠤᠯᠤᠭᠠᠢ ᠰᠠᠵᠢᠨᠠᠮ        ᠬᠠᠩᠵᠸᠤ ᠭᠠᠵᠠᠷ ᠤᠨ ᠦᠵᠡᠮᠵᠢ ᠶᠢ ᠠᠮᠠ ᠲᠠᠢ ᠪᠦᠬᠦᠨ ᠱᠠᠭᠰᠢᠨ ᠶᠠᠷᠢᠳᠠᠭ ᠢ ᠬᠠᠷᠠᠬᠠᠨ ᠪᠠᠭ᠎ᠠ ᠶᠢᠨ  ᠦᠶ᠎ᠡ   ᠳᠤ ᠦᠯᠢᠭᠡᠷ ᠰᠢᠭ ᠰᠣᠨᠤᠰᠳᠠᠭ        ᠬᠤᠪᠤᠷ ᠴᠤᠬᠠᠭ ᠦᠵᠡᠮᠵᠢ ᠶᠢ ᠵᠢᠷᠤᠭ ᠰᠢᠭ᠋ ᠭᠤᠶᠤᠬᠠᠨ ᠲᠠᠨᠢᠯᠴᠠᠭᠤᠯᠵᠤ ᠵᠤᠷᠴᠢᠨ ᠲᠤᠭᠤᠷᠢᠬᠤ ᠬᠦᠮᠦᠰ ᠤᠨ  ᠵᠢᠷᠦᠬᠡ ᠰᠡᠳᠬᠢᠯ ᠨᠢ ᠦᠨᠳᠡᠯᠵᠡᠨ᠎ᠡ       ᠨᠠᠷᠠ ᠬᠤᠷ᠎ᠠ ᠨᠢ ᠡᠶᠡᠲᠡᠶᠢᠬᠡᠨ ᠴᠠᠭ ᠤᠨ ᠦᠩᠭᠡ ᠲᠡᠭᠰᠢᠬᠡᠨ ᠪᠣᠯ ᠨᠠᠮᠤᠷ ᠵᠤᠨ ᠳᠦᠷᠪᠡᠨ ᠴᠠᠭ ᠲᠤ  ᠦᠵᠡᠮᠵᠢ ᠨᠢ ᠠᠳᠠᠯᠢᠬᠠᠨ ᠯᠠ ᠪᠠᠶᠢᠯᠭᠦᠢ        ᠨᠤᠲᠤᠭ ᠤᠨ ᠠᠭᠤᠯᠠ ᠶᠢ ᠦᠵᠡᠮᠦᠷᠢᠯᠡᠨ ᠪᠦᠷᠬᠦᠳᠡᠭ ᠪᠠᠲᠤᠴᠠᠭᠠᠨ ᠬᠤᠰᠤ ᠮᠣᠳᠤ ᠴᠤ ᠨᠠᠢᠮᠠᠨ ᠵᠦᠭ ᠤᠨ  ᠬᠦᠮᠦᠰ ᠢ ᠤᠭᠲᠤᠬᠤ ᠨᠢ ᠦᠨᠡᠨ ᠳ᠋ᠧ                ᠯᠸᠢ ᠹᠧᠩ ᠰᠣᠪᠤᠷᠭ᠎ᠠ                ᠨᠠᠷᠠᠨ ᠤ ᠭᠡᠷᠡᠯ ᠳᠤ ᠰᠦᠮᠡᠶᠢᠨ ᠬᠠᠷᠠᠭᠳᠠᠬᠤ ᠯᠸᠢ ᠹᠧᠩ ᠰᠣᠪᠤᠷᠭ᠎ᠠ ᠨᠠᠭᠠᠰᠢ ᠴᠠᠭᠠᠰᠢ ᠵᠤᠷᠴᠢᠭᠰᠠᠳ ᠤᠨ ᠬᠠᠷᠠᠭ᠎ᠠ ᠶᠢ ᠨᠢ ᠬᠤᠵᠢᠷᠯᠠᠵᠤ        ᠨᠠᠢᠮᠠᠨ ᠵᠦᠭ ᠤᠨ ᠬᠦᠮᠦᠰ ᠰᠠᠶᠢᠬᠠᠨ ᠦᠯᠢᠭᠡᠷ ᠢᠶᠠᠷ  ᠨᠠᠷᠭᠢᠯᠳᠤᠵᠤ  ᠨᠠᠭᠤᠷ ᠤᠨ  ᠴᠠᠭᠠᠨᠠᠬᠢ  ᠪᠦᠷᠦᠭ  ᠪᠠᠷᠤᠭ ᠰᠣᠪᠤᠷᠭ᠎ᠠ ᠶᠢ ᠰᠠᠷᠠᠪᠴᠢᠯᠠᠨ᠎ᠠ        ᠠᠯᠤᠰ ᠴᠠᠭᠠᠨᠠᠬᠢ ᠤᠴᠢᠷ ᠤᠳᠬ᠎ᠠ ᠨᠢ ᠶᠠᠭᠤ ᠪᠤᠢ ᠭᠡᠬᠦ ᠳᠤ ᠠᠰ ᠵᠢᠷᠤᠭ ᠠᠷᠪᠠᠨ ᠵᠤᠭᠤᠰ ᠬᠠᠵᠠᠭᠤ ᠲᠠᠯ᠎ᠠ ᠨᠢ ᠬᠤᠷᠢᠨ ᠲᠦᠭᠦᠷᠢᠭ ᠭᠡᠨ᠎ᠡ        ᠡᠮᠦᠨᠡᠲᠦ ᠣᠷᠤᠨ ᠤ ᠬᠦᠮᠦᠰ ᠮᠦᠩᠭᠦ ᠬᠤᠨᠵᠢᠬᠤ ᠶᠢ ᠳᠡᠭᠡᠳᠦᠯᠡᠵᠦ ᠤᠮᠠᠷᠠᠲᠤ ᠤᠷᠤᠨ ᠤ  ᠬᠦᠮᠦᠰ ᠦᠭᠭᠢᠶᠡᠮᠦᠷ ᠶᠠᠪᠤᠳᠠᠭ ᠤᠨ ᠢᠯᠭᠠᠭ᠎ᠠ ᠪᠤᠶᠤ               ᠰᠢ ᠬᠤ᠋ ᠨᠠᠭᠤᠷ               ᠰᠢ ᠬᠡᠦ ᠨᠠᠭᠤᠷ ᠤᠨ ᠴᠩᠬᠡᠷ ᠤᠰᠤ ᠨᠢ ᠳᠤᠯᠭᠢᠶᠠᠯᠠᠨ ᠳᠤᠯᠭᠢᠶᠠᠯᠠᠨ ᠮᠢᠷᠭᠠᠯᠵᠠᠭᠠᠳ ᠰᠢᠨ᠎ᠡ  ᠴᠠᠭ ᠤᠨ  ᠬᠦᠮᠦᠰ ᠴᠣᠪᠤᠷᠠᠯᠳᠤᠨ ᠵᠤᠭᠠᠴᠠᠨ᠎ᠠ        ᠰᠢᠷᠭᠢᠰᠢ ᠦᠭᠡᠢ ᠷᠠᠰᠢᠶᠠᠨ ᠭᠡᠵᠦ ᠮᠠᠭᠲᠠᠨ ᠮᠠᠭᠲᠠᠨ ᠭᠠᠶᠢᠬᠠᠭᠤᠯᠤᠨ ᠰᠢᠳᠢᠲᠦ ᠦᠯᠢᠭᠡᠷ ᠳᠣᠮᠤᠭ ᠨᠢ ᠰᠠᠯᠠᠭ᠎ᠠ ᠨᠠᠮᠠᠭ᠎ᠠ ᠲᠠᠢ ᠶᠠᠷᠢᠭᠳᠠᠨ᠎ᠠ        ᠠᠷᠢᠬᠢᠨ ᠰᠤᠶᠤᠯ ᠠᠰᠤᠷᠤ ᠶᠡᠭᠡ ᠬᠦᠭᠵᠢᠭᠰᠡᠨ ᠢ ᠣᠯᠠᠨ ᠮᠢᠩᠭᠠᠨ ᠵᠢᠯ ᠤᠨ ᠲᠡᠤᠬᠡ ᠭᠡᠵᠦ ᠠᠮᠠ ᠲᠠᠢ  ᠪᠦᠬᠦᠨ ᠤᠷᠮᠠᠲᠠᠢ ᠲᠠᠨᠢᠯᠴᠠᠭᠤᠯᠤᠨ᠎ᠠ        ᠠᠷᠠᠳ ᠨᠣᠶᠠᠳ ᠤᠨ ᠵᠢᠯ ᠤᠨ ᠤᠤᠭᠤᠭᠰᠠᠨ ᠠᠷᠢᠬᠢ ᠨᠢ ᠠᠳᠠᠯᠢᠬᠠᠨ ᠤᠷᠤᠰᠬᠤ ᠰᠢ ᠬᠡᠦ  ᠨᠠᠭᠤᠷ  ᠭᠡᠬᠦ ᠳᠤ  ᠬᠤᠶᠠᠷ ᠨᠢᠳᠦ ᠮᠢᠨᠢ ᠡᠷᠢᠶᠡᠯᠵᠡᠪᠡ                ᠡᠷᠲᠡᠨ ᠤ ᠪᠠᠯᠭᠠᠰᠤ ᠶᠢᠨ ᠦᠵᠡᠮᠵᠢ               ᠡᠷᠲᠡᠨ ᠤ ᠪᠠᠯᠭᠠᠰᠤ ᠦ᠋ ᠵᠧᠨ ᠢ ᠴᠢᠭᠯᠡᠨ ᠠᠶᠠᠲᠠᠶᠢᠬᠠᠨ ᠳᠠᠪᠬᠢᠭᠤᠯᠬᠤ ᠳᠤ ᠵᠦᠭᠡᠯᠡᠨ  ᠬᠤᠷ᠎ᠠ  ᠵᠠᠮ  ᠲᠤᠵᠢ  ᠰᠢᠪᠡᠷ ᠰᠢᠪᠡᠷ ᠵᠦᠰᠡᠷᠡᠵᠦ       ᠡᠮᠦᠨᠡᠲᠦ ᠤᠮᠠᠷᠠᠲᠤ ᠶᠢᠨ ᠠᠭᠤᠷ ᠠᠮᠢᠰᠬᠤᠯ ᠭᠡᠭᠴᠢ ᠡᠶᠢᠮᠦ ᠶᠡᠭᠡ ᠵᠦᠷᠢᠶ᠎ᠡ ᠲᠠᠢ ᠶᠢ ᠠᠳᠡ ᠢᠷᠡᠭᠡᠳ ᠡᠷᠬᠡ  ᠦᠭᠡᠢ ᠯᠡ ᠦᠨᠡᠮᠰᠢᠪᠡᠢ        ᠨᠡᠬᠡᠮᠡᠯ ᠪᠠᠷᠠᠭ᠎ᠠ ᠲᠤᠷᠠᠭ᠎ᠠ ᠳᠤᠷᠳᠤᠩ ᠡᠯᠳᠡᠪ ᠤᠨ ᠠᠷᠠᠯᠵᠢᠶ᠎ᠠ᠂ ᠨᠡᠷᠡᠲᠦ ᠬᠦᠮᠦᠰ ᠤᠨ ᠴᠠᠳᠢᠭ ᠨᠢ  ᠳᠡᠯᠡᠬᠡᠢ  ᠳ᠋ᠠᠬᠢᠨ᠎ᠠ ᠭᠠᠶᠢᠬᠠᠮᠰᠢᠭᠲᠠᠢ        ᠨᠠᠷᠮᠠᠢ ᠲᠦᠮᠡᠨ ᠳᠤ ᠪᠢᠯᠢᠭ ᠤᠨ ᠠᠳᠢᠰ ᠢ ᠬᠦᠷᠭᠡᠭᠰᠡᠨ ᠨᠢᠭᠡᠨ ᠦᠶ᠎ᠡ ᠶᠢᠨ ᠠᠪᠤᠷᠭᠤ ᠬᠦᠮᠦᠨ ᠮᠣᠣ  ᠳ᠋ᠦᠨ ᠤ ᠱᠣᠭᠤᠮᠠᠯ ᠢ ᠪᠠᠷᠠᠯᠠᠪᠠᠢ        ᠦᠩᠭᠡᠷᠡᠭᠰᠡᠨ ᠲᠡᠤᠬᠡ ᠶᠢᠨ ᠣᠯᠠᠨ ᠤᠴᠢᠷ ᠦᠯᠢᠭᠡᠷ ᠳᠠᠶᠢᠨ ᠢ ᠷᠢᠳᠢ ᠰᠢᠳᠢ ᠲᠠᠢ ᠶᠠᠩᠵᠤ ᠪᠠᠷ  ᠠᠮᠢᠯᠠᠭᠤᠯᠬᠤ ᠳᠤ  ᠨᠢ ᠰᠣᠴᠢᠰᠬᠢᠵᠤ        ᠤᠷᠢᠳᠦ ᠶᠢᠨ ᠶᠠᠪᠤᠳᠠᠯ ᠢ ᠦᠨᠡᠨ ᠮᠦᠨ ᠢᠶᠠᠷ ᠲᠡᠮᠳᠡᠭᠯᠡᠭᠰᠡᠨ ᠪᠣᠯ ᠤᠳᠤ ᠶᠢᠨ ᠬᠦᠮᠦᠰ ᠶᠠᠭᠤ ᠨᠢᠭᠡ ᠶᠢ ᠤᠬᠠᠭᠠᠷᠠᠨ ᠰᠡᠬᠡᠭᠡᠷᠡᠬᠦ ᠳ᠋ᠠ              ᠡᠾᠧᠨᠠᠨ ᠭᠠᠵᠠᠷ ᠤᠨ ᠬᠦᠮᠦᠰ                ᠤᠷᠢᠳᠤ ᠴᠠᠭ ᠤᠨ ᠦᠯᠢᠭᠡᠷ ᠤᠨ ᠨᠣᠮ ᠠᠴᠠ  ᠡᠾᠧᠨᠠᠨ ᠭᠠᠵᠠᠷ ᠤᠨ ᠠᠭᠤᠯᠠ  ᠤᠰᠤᠨ  ᠨᠤᠲᠤᠭ  ᠰᠠᠭᠤᠴᠠ   ᠨᠢ ᠢᠪᠴᠤᠤᠬᠠᠨ ᠴᠤ ᠬᠦᠮᠦᠨ ᠤᠯᠠᠨ ᠢ ᠰᠣᠴᠢᠰᠭᠢᠨ ᠭᠠᠶᠢᠬᠠᠭᠰᠠᠨ ᠪᠦᠯᠦᠭᠡ        ᠤᠳᠤ ᠲᠤᠭᠤᠷᠢᠨ ᠦᠵᠡᠭᠰᠡᠨ ᠴᠤ ᠬᠦᠮᠦᠨ ᠬᠠᠷ᠎ᠠ ᠨᠢ ᠬᠢᠷ᠎ᠠ ᠮᠦᠷᠦ ᠪᠠᠷ ᠪᠠᠭᠰᠢᠷᠠᠯᠳᠤᠨ ᠲᠡᠷᠭᠡ ᠬᠦᠰᠭᠡ ᠠᠷᠤ ᠠᠷᠤ ᠠᠴᠠ ᠴᠤᠪᠤᠷᠠᠨ ᠱᠤᠤᠭᠢᠯᠳᠤᠬᠤ ᠶᠢᠨ ᠬᠡᠴᠡᠭᠦᠦ ᠶᠢ ᠬᠡᠯᠡᠬᠦᠶ᠎ᠡ ᠪᠡᠷᠬᠡ        ᠤᠯᠤᠰ ᠭᠦᠷᠦᠨ ᠤ ᠬᠦᠮᠦᠨ ᠠᠮᠠ ᠶᠢᠨ ᠠᠷᠪᠠᠨ ᠤ ᠨᠢᠭᠡ   ᠶᠢ  ᠡᠵᠡᠯᠡᠨ ᠡᠮᠦᠨ᠎ᠡ ᠤᠮᠠᠷ᠎ᠠ ᠳᠤ ᠲᠦᠭᠡᠭᠰᠡᠨ ᠢ ᠵᠤᠭᠤᠭᠳᠠᠬᠤ ᠠᠶᠠᠨᠴᠢᠨ ᠵᠤᠭᠠᠴᠠᠭᠰᠠᠳ ᠲᠤᠯᠤᠭᠠᠢ ᠰᠠᠵᠢᠨ ᠭᠠᠶᠢᠬᠠᠯᠳᠤᠬᠤ ᠳᠤ        ᠤᠬᠠᠭᠠᠨ ᠬᠦᠯ ᠢ ᠤᠯᠬᠤ ᠦᠭᠡᠢ ᠬᠡᠮᠡᠨ ᠬᠦᠷᠰᠢ ᠵᠡᠷᠭᠡᠯᠡᠳᠡᠭᠡ ᠢᠷᠭᠡᠳ  ᠰᠡᠭᠦᠷᠡᠰᠦᠯᠡᠬᠦ   ᠶᠢ  ᠰᠤᠨᠤᠰᠤᠭᠠᠳ  ᠬᠠᠮᠲᠤ ᠬᠦᠷᠦᠭᠰᠡᠨ ᠦᠷᠦᠭᠡᠯ ᠪᠠᠭᠤᠴᠠ ᠶᠢᠨ ᠬᠢᠨᠢ ᠳᠠᠭᠤᠨ ᠠᠯᠳᠠᠨ ᠬᠢᠴᠢᠶᠡᠨᠡᠮ                ᠬᠤᠪᠸᠢ ᠶᠢᠨ ᠰᠣᠨᠢᠷᠬᠠᠯ               ᠰᠢᠪᠡᠷᠡᠭᠡ ᠪᠣᠷᠤᠭᠠᠨ ᠰᠡᠪᠬᠢᠯ ᠦᠭᠡᠢ ᠰᠢᠪᠰᠢᠨ ᠵᠠᠮ ᠲᠤᠵᠢ ᠵᠦᠢᠯ ᠤᠨ ᠭᠠᠵᠠᠷ ᠢ ᠰᠤᠨᠢᠷᠬᠠᠨ ᠠᠶᠢᠯ  ᠲᠤᠰᠬᠤᠨ ᠢ ᠦᠩᠭᠡᠷᠡᠬᠦ ᠳᠤ ᠡᠭᠦᠯᠡ ᠨᠡᠲᠦᠶᠢᠨ ᠮᠠᠨᠠᠨ ᠬᠦᠳᠡᠩ ᠨᠡᠭᠦᠨ ᠲᠤᠨᠤᠷᠠᠵᠤ       ᠰᠢᠷ᠎ᠠ ᠲᠤᠭᠤᠷᠤᠤᠲᠦ ᠠᠰᠠᠷ ᠤᠨ ᠬᠠᠭᠤᠴᠢᠨ ᠰᠢᠯᠦᠭ ᠢ ᠬᠠᠶᠠ ᠨᠢᠭᠡ ᠨᠢ ᠤᠷᠮᠠᠰᠢᠨ ᠭᠢᠩᠰᠢᠬᠦ ᠶᠢᠨ ᠠᠶᠠᠰ  ᠬᠦᠭᠵᠢᠮ ᠨᠢ ᠬᠤᠷᠤᠮ ᠵᠠᠭᠤᠷ᠎ᠠ ᠲᠡᠷᠳᠡᠭᠡ ᠠᠴᠠ ᠵᠢᠵᠢᠭᠢᠨᠡᠯᠳᠦᠨ ᠬᠤᠤᠰᠯᠠᠵᠤ        ᠰᠢᠯᠢᠳᠡᠭ ᠦᠷᠡᠰ ᠭᠠᠷᠮᠠᠭᠠᠢ ᠡᠷᠡᠴᠤᠳ  ᠴᠤᠯᠭᠤᠷᠠᠭᠰᠠᠨ ᠲᠡᠤᠬᠡ ᠳᠤᠮᠤᠭ ᠤᠨ ᠰᠤᠳᠤᠷ ᠲᠡᠮᠳᠡᠭᠯᠡᠯ   ᠢ   ᠪᠠᠨ ᠤᠷᠪᠠᠭᠤᠯᠤᠨ ᠭᠠᠵᠠᠷ ᠤᠰᠤᠨ ᠤ ᠰᠢᠳᠢ ᠬᠦᠴᠦᠨ ᠢ ᠪᠠᠭ᠋ᠠᠳᠤᠨ ᠲᠠᠨᠢᠯᠴᠠᠭᠤᠯᠵᠤ        ᠰᠢᠮᠡᠲᠦ ᠬᠦᠷᠦᠰᠦ ᠭᠤᠣᠯ ᠮᠦᠷᠡᠨ ᠤ ᠲᠡᠵᠢᠭᠡᠯ ᠶᠦᠭᠡᠨ ᠲᠦᠮᠡᠨ ᠤ ᠬᠠᠷᠠᠭᠠᠨ ᠳᠤ ᠳᠡᠯᠭᠡᠨ ᠠᠷᠠᠯᠵᠢᠶ᠎ᠠ ᠳᠡᠯᠭᠡᠭᠦᠷ  ‍ᠤᠨ‌ᠨᠠᠷᠭᠢᠶᠠᠨ ᠢᠶᠠᠷ ᠠᠰᠤᠷᠤ ᠪᠠᠶᠠᠵᠢᠭᠰᠠᠨ ᠢ ᠤᠤᠬᠠᠶᠢᠯᠠᠨ ᠱᠠᠭᠰᠢᠨᠠᠮ                ᠪᠤᠤ ᠳ᠋ᠢᠩ ᠤᠨ ᠵᠤᠭᠤᠭ                ᠠᠯᠤᠰ ᠠᠴᠠ ᠲᠦᠭᠦᠬᠦ ᠪᠣᠣ ᠳᠢᠩ ᠤᠨ ᠪᠠᠷ᠎ᠠ ᠶᠢ ᠮᠠᠨᠠᠨ ᠪᠤᠳᠠᠩ ᠤᠨ ᠳᠤᠮᠳᠠᠭᠤᠷ ᠴᠢᠭᠯᠡᠬᠦ ᠶᠢ ᠤᠵᠤᠭᠤᠷ ᠤᠷᠢᠳᠤ  ᠶᠢᠨ ᠦᠯᠢᠭᠡᠷ ᠤᠨ ᠰᠢᠵᠢᠮ ᠪᠤᠳᠤᠯ ᠤᠨ ᠵᠠᠢ ᠶᠢ ᠤᠭᠤᠰᠤᠷᠯᠠᠬᠤ ᠳᠤ        ᠠᠭᠤᠤ ᠬᠦᠮᠦᠰ ᠤᠨ ᠮᠢᠨᠢ ᠠᠭᠰᠤᠮ ᠬᠦᠯᠦᠭ ᠤᠨ ᠦᠤᠷᠰᠡᠨ ᠴᠤᠪᠬᠤᠴᠠᠬᠤ ᠴᠢᠮᠡᠭᠡ ᠡᠷᠡᠯᠬᠡᠭᠯᠡᠨ ᠰᠣᠮᠤᠳᠠᠬᠤ  ᠠᠭᠲᠠ‌‍ᠶᠢᠨ ᠰᠦᠷᠯᠢᠭ ᠳᠠᠪᠬᠢᠭ᠎ᠠ ᠰᠤᠨᠤᠷ ᠲᠤ ᠬᠠᠶᠠ ᠨᠦᠷᠵᠢᠭᠢᠨᠡᠯᠳᠦᠵᠦ        ᠠᠶᠠᠯᠠᠯ ᠤᠨ ᠸᠠᠭᠤᠨ ᠳᠠᠬᠢ ᠶᠠᠩᠵᠤ ᠶᠢᠨ ᠠᠶᠠᠨᠴᠢᠳ ᠲᠡᠤᠬᠡ ᠶᠢᠨ ᠤᠴᠢᠷ ᠢ ᠦᠪᠡᠷ ᠦᠪᠡᠷ   ᠤᠨ  ᠰᠠᠨᠠᠭ᠎ᠠ  ᠪᠤᠳᠤᠯ ᠢᠶᠠᠷ ᠤᠷᠮᠠᠲᠠᠢ ᠶᠠᠷᠢᠯᠳᠤᠨ ᠬᠡᠤᠬᠡᠳ ᠰᠢᠤᠬᠠᠳ ᠲᠠᠢ ᠬᠦᠭᠡᠷᠦᠯᠳᠦᠵᠦ        ᠠᠷᠤ ᠳᠤ ᠰᠦᠮᠡᠯᠵᠡᠬᠦ ᠬᠤᠲᠠ ᠪᠠᠯᠭᠠᠳ ᠤᠨ ᠬᠠᠭᠤᠴᠢᠨ ᠰᠢᠨ᠎ᠡ ᠦᠵᠡᠮᠵᠢ ᠨᠢ ᠣᠯᠠᠨ  ᠵᠠᠭᠤᠨ   ᠤ  ᠤᠯᠪᠠᠭ᠎ᠠ   ᠶᠢ ᠰᠡᠬᠡᠭᠡᠷᠡᠭᠦᠯᠦᠨ ᠳᠠᠶᠠᠩ ᠤᠨ ᠬᠦᠮᠦᠰ ᠲᠤ ᠰᠡᠮ ᠦᠭᠦᠯᠡᠨ ᠲᠤᠭᠠᠴᠢᠨᠠᠮ                ᠬᠤᠸᠠᠩ ᠫᠦ᠋ ᠮᠦᠷᠡᠨ                ᠬᠤᠸᠠᠩ ᠫᠦ᠋ ᠮᠦᠷᠡᠨ ᠤ ᠤᠰᠤᠨ ᠳᠤ ᠬᠦᠯᠭᠡ ᠤᠩᠭᠤᠴᠠ ᠴᠦᠷᠬᠡᠯᠡᠨ ᠠᠰᠠᠷ ᠳᠠᠭᠲᠤ ᠯᠤᠭ᠎ᠠ ᠮᠦᠴᠡᠭᠡᠷᠬᠡᠨ  ᠠᠯᠤᠰ ᠱᠤᠤᠭᠢᠯᠳᠤᠨ ᠰᠡᠬᠦᠶᠢᠯᠴᠡᠵᠦ       ᠬᠤᠶᠠᠷ ᠬᠦᠪᠡᠭᠡᠨ ᠤ ᠵᠦᠯᠭᠡᠲᠦ ᠳᠡᠨᠵᠢᠨ ᠳᠤ ᠨᠢ ᠡᠷᠲᠡᠨ ᠤ ᠪᠠᠷᠢᠯᠭ᠎ᠠ  ᠵᠢᠭᠳᠡᠷᠡᠨ ᠠᠤᠭ᠎ᠠ ᠵᠢᠪᠬᠤᠯᠠᠩ  ᠱᠣᠭᠤᠮᠠᠯ ᠬᠦᠷᠦᠭ ᠲᠡᠨᠢᠭᠦᠬᠡᠨ ᠰᠦᠨᠳᠡᠷᠯᠡᠵᠦ        ᠬᠠᠭᠤᠴᠢᠨ ᠰᠢᠨ᠎ᠡ ᠬᠤᠲᠠ ᠶᠢᠨ ᠭᠤᠳᠤᠮᠵᠢ ᠳᠤ ᠠᠷᠠᠯᠵᠢᠶ᠎ᠠ ᠬᠤᠳᠠᠯᠳᠤᠭ᠎ᠠ ᠶᠢᠨ ᠬᠦᠭᠵᠢᠭᠡᠨ ᠨᠠᠷᠭᠢᠶᠠᠨ ᠬᠡᠳᠦᠨ  ᠭᠠᠵᠠᠷ ᠢᠶᠠᠷ ᠡᠩᠨᠡᠷᠡᠨ ᠦᠷᠭᠦᠯᠵᠢᠯᠡᠵᠦ       ᠬᠠᠲᠤᠨ ᠭᠤᠣᠯ ᠬᠦᠬᠡ ᠮᠦᠷᠡᠨ ᠤ ᠬᠦᠴᠦᠲᠦ ᠤᠷᠤᠰᠬᠠᠯ ᠠᠮᠢᠰᠬᠤᠯ ᠨᠢᠭᠡᠲᠡᠢ ᠵᠤᠯᠭᠠᠯᠴᠠᠨ  ᠳᠤᠷᠤᠨᠠᠲᠦ  ᠳᠠᠯᠠᠢ  ᠵᠦᠭ ᠡᠶᠡᠲᠡᠢ ᠮᠦᠷᠤᠯᠵᠠᠨ ᠳᠤᠯᠭᠢᠶᠠᠯᠠᠨᠠᠮ            ᠲᠤᠷᠤᠨᠠᠲᠦ ᠶᠢᠨ ᠭᠡᠷᠡᠯᠲᠦ ᠰᠣᠪᠤᠳ              ᠬᠤᠯᠠ ᠠᠴᠠ ᠰᠦᠨᠳᠡᠷᠯᠡᠬᠦ ᠳᠤᠷᠤᠨᠠᠲᠦ ᠶᠢᠨ ᠭᠡᠷᠡᠯᠲᠦ ᠰᠤᠪᠤᠳ ᠰᠡᠬᠦᠶᠢᠬᠦ ᠳᠤ ᠬᠤᠪᠢᠯᠠᠢ ᠬᠠᠭᠠᠨ ᠤ  ᠪᠠᠶᠢᠭᠤᠯᠤᠭᠰᠠᠨ ᠱᠠᠩᠬᠠᠢ ᠰᠢᠶᠠᠨ ᠡᠷᠬᠡ ᠦᠭᠡᠢ ᠲᠤᠳᠤᠷᠠᠨ᠎ᠠ        ᠬᠠᠨ᠎ᠠ ᠳᠦᠭᠦᠷᠡᠩ ᠳᠡᠯᠭᠡᠭᠳᠡᠬᠦ ᠣᠷᠳᠤᠰ ᠬᠤᠷᠢᠮ ᠤᠨ ᠵᠢᠷᠤᠭ ᠢ ᠪᠠᠭ᠋ᠠᠳᠤᠬᠤ ᠳᠤ ᠬᠤᠷᠤᠮᠠᠬᠠᠨ ᠵᠠᠭᠤᠷ᠎ᠠ  ᠵᠠᠮ ᠤᠨ ᠶᠠᠳᠠᠷᠠᠭ᠎ᠠ ᠲᠠᠶᠢᠯᠤᠭᠳᠠᠨ ᠤᠷᠮᠠᠰ ᠰᠡᠷᠭᠦᠪᠡᠢ        ᠬᠤᠣᠰ ᠦᠭᠡᠢ ᠰᠠᠶᠢᠬᠠᠨ ᠦᠩᠭᠡᠲᠦ ᠪᠠᠷᠢᠯᠭ᠎ᠠ ᠶᠢ ᠪᠠᠭ᠋ᠠᠷᠬᠠᠭᠴᠢᠳ  ᠬᠤᠨᠤᠵᠤ  ᠦᠨᠵᠢᠭᠡᠳ  ᠦᠨᠳᠦᠷ  ᠠᠰᠠᠷ ᠲᠤ ᠠᠪᠠᠷᠢᠯᠳᠤᠨ ᠠᠯᠣᠰ ᠨᠤᠲᠤᠭ ᠢ ᠰᠣᠨᠢᠷᠬᠠᠵᠤ        ᠬᠤᠷᠤᠭᠤ ᠳᠠᠷᠤᠨ ᠮᠡᠷᠭᠡᠯᠡᠬᠦ ᠵᠠᠮᠴᠢᠯᠠᠭᠴᠢ ᠶᠢᠨ ᠦᠯᠢᠭᠡᠷ ᠢ ᠰᠣᠨᠣᠰᠴᠤ ᠬᠤᠵᠢᠮ ᠤᠨ  ᠡᠳᠦᠷ  ᠲᠡᠤᠬᠡ ᠶᠢᠨ  ᠦᠨᠡᠨ‌ᠮᠦ᠋ᠨ ᠢ ᠶᠠᠭᠤ ᠭᠡᠵᠦ ᠬᠡᠯᠡᠬᠦ ᠶᠢ ᠭᠠᠶᠢᠬᠠᠨᠠᠮ             ᠭᠦᠢᠵᠸᠤ ᠳᠤ                ᠮᠠᠰᠢᠨ ᠭᠠᠯᠲᠦ ᠶᠢᠨ ᠳᠠᠪᠬᠢᠭ᠎ᠠ ᠪᠠᠷ ᠦᠤᠷ ᠤᠨ ᠭᠡᠭᠡ ᠶᠢ ᠤᠭᠲᠤᠨ ᠭᠦᠢᠵᠸᠤ ᠭᠠᠵᠠᠷ ᠤᠨ ᠬᠤᠳᠠ  ᠲᠤᠰᠬᠤᠨ ᠢ ᠲᠦᠭᠦᠭᠡᠳ ᠢᠷᠡᠬᠦ ᠳᠤ        ᠮᠠᠨᠠᠨ ᠬᠦᠳᠡᠩ ᠠᠶᠠᠷᠯᠠᠨ ᠤᠷᠭᠤᠬᠤ ᠨᠠᠷᠠ ᠳᠤᠷᠤᠨ᠎ᠠ ᠠᠴᠠ ᠳᠤᠯᠠᠶᠢᠭᠠᠳ ᠦᠴᠦᠭᠡᠳᠦᠷ ᠤᠨ ᠶᠠᠳᠠᠷᠠᠭ᠎ᠠ  ᠴᠢᠯᠡᠭᠡ ᠤᠷᠮᠠᠲᠠᠢ ᠲᠠᠶᠢᠯᠤᠭᠳᠠᠵᠤ        ᠮᠤᠳᠤ ᠰᠢᠭᠤᠢ ᠴᠡᠯᠡᠭᠡᠷᠡᠨ ᠠᠭᠤᠯᠠᠰ ᠤᠨ ᠲᠦᠮᠡᠨ ᠤᠷᠭᠤᠮᠠᠯ ᠨᠢ ᠨᠤᠭᠤᠭᠠᠷᠠᠭᠠᠳ ᠬᠤᠪᠢ ᠶᠢᠨ ᠭᠠᠳᠠᠨ᠎ᠠ  ᠪᠤᠮᠠᠨ ᠦᠵᠡᠮᠵᠢ ᠪᠠᠷ ᠭᠤᠶᠤᠮᠰᠤᠭ        ᠮᠡᠯᠮᠡᠯᠵᠡᠨ ᠤᠷᠤᠰᠬᠤ ᠨᠠᠠ ᠮᠢᠩ ᠭᠤᠣᠯ ᠤᠨ ᠲᠤᠩᠭᠠᠯᠠᠭ ᠤᠰᠤᠨ ᠡᠷᠲᠡᠨ ᠤ ᠬᠤᠲᠠ   ᠶᠢᠨ  ᠦᠯᠢᠭᠡᠷ  ᠲᠡᠤᠬᠡ ᠵᠢ‌‍ᠲ᠋ᠤᠭᠠᠴᠢᠨ ᠬᠦᠤᠷᠨᠢᠯᠳᠦᠨᠡᠮ               ᠲᠣᠭᠤᠨᠲᠡᠮᠦᠷ ᠬᠠᠭᠠᠨ ᠤ ᠭᠤᠨᠢᠭᠲᠣ ᠤᠴᠠᠷᠠᠯ ᠢ ᠶᠡᠬᠡᠯ᠎ᠡ ᠤᠷᠮ᠎ᠠ ᠲᠠᠢ ᠬᠠᠭᠤᠴᠢᠯᠠᠨ ᠠᠷᠪᠠᠨ ᠵᠦᠭ   ᠤᠨ  ᠠᠶᠠᠨᠴᠢᠳ‌‍ᠤᠨ ᠰᠤᠨᠢᠷᠬᠠᠯ ᠢ ᠲᠠᠲᠠᠵᠤ        ᠲᠤᠲᠠᠭᠠᠨ ᠵᠢᠭᠤᠳᠠᠭᠰᠠᠨ ᠤ ᠬᠢᠨᠢ ᠤᠴᠢᠷ ᠤᠬᠠᠭᠠᠨ ᠢ ᠦᠪᠡᠷ ᠤᠨ ᠰᠠᠨᠠᠭ᠎ᠠ ᠪᠠᠷ   ᠢᠶᠠᠨ  ᠲᠠᠶᠢᠯᠪᠤᠷᠢᠯᠠᠨ  ᠵᠠᠮ  ‍ᠤᠨ‌ᠠᠶᠠᠨᠴᠢᠳ ᠢ ᠲᠦᠭᠡᠷᠢᠭᠦᠯᠵᠦ        ᠳᠠᠭᠤᠲᠤ ᠤᠷᠳᠤᠨ ᠢ ᠴᠢᠮᠡᠭᠯᠡᠨ ᠦᠩᠭᠡᠯᠡᠨ ᠡᠯᠳᠡᠪ ᠤᠨ ᠪᠠᠰᠢᠷ ᠢᠶᠠᠷ ᠪᠢᠴᠢᠭ ᠤᠨ ᠮᠡᠷᠭᠡᠳ ᠢ  ᠰᠢᠯᠭᠠᠷᠠᠭᠤᠯᠤᠨ ᠬᠠᠷ᠎ᠠ ᠠᠷᠢᠬᠢ ᠶᠢ ᠪᠤᠷᠤᠯᠠᠭᠤᠯᠵᠤᠲᠤᠭᠤᠷᠢᠨ ᠵᠤᠭᠠᠴᠠᠭᠰᠠᠳ ᠤᠨ ᠰᠡᠳᠬᠢᠯ ᠢ ᠪᠠᠶᠠᠰᠬᠠᠨ ᠦᠨᠳᠦᠷ ᠮᠠᠯᠠᠭᠠᠢ ᠡᠮᠦᠰᠭᠡᠵᠦ ᠬᠡᠳᠦᠨ ᠵᠠᠭᠤᠨ  ᠵᠤᠭᠤᠰ ᠮᠦᠩᠭᠦ ᠶᠢ ᠪᠠᠭ᠋ᠠᠲᠠᠢ ᠡᠪᠦᠷᠲᠦᠯᠡᠨᠡᠮ
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号