ᠠᠪᠤᠷᠭᠤ ᠲᠡᠮᠦᠷ
ᠨᠡᠶᠢᠲᠡᠯᠡᠭᠰᠡᠨ ᠴᠠᠭ᠄
2022/11/29
     ᠪᠠᠳᠦ ᠢᠳᠡᠬᠡᠯᠳᠣ ᠠᠪᠤᠷᠭᠤ ᠲᠡᠮᠦᠷ 1970 ᠣᠨ ᠳᠤ ᠣᠳᠣ ᠶᠢᠨ ᠵᠡᠭᠦᠨ ᠦᠵᠦᠮᠦᠴᠢᠨ ᠬᠤᠰᠢᠭᠤᠨ ᠤ ᠳᠠᠭᠤᠳᠤᠨᠠᠭᠤᠷ ᠪᠠᠯᠭᠠᠰᠣᠨ ᠤ ᠬᠠᠨ ᠠᠭᠤᠯᠠ ᠭᠠᠴᠠᠭᠠᠨ ᠳᠤ ᠪᠦᠳ᠋ ᠶᠢᠨ ᠬᠥᠥ ᠪᠣᠯᠣᠨ ᠵᠠᠶᠠᠭᠠᠵᠠᠢ᠃      1991 ᠣᠨ ᠳᠤ ᠬᠤᠷᠢᠨ ᠨᠢᠭᠡᠳᠡᠢ ᠵᠢᠯ ᠳᠤ ᠪᠠᠨ ᠵᠡᠭᠦᠨ ᠦᠵᠦᠮᠦᠴᠢᠨ ᠬᠤᠰᠢᠭᠤᠨ ᠤ 512 ᠪᠥᠬᠡ ᠳᠤ ᠪᠠᠳᠮᠠᠰᠦ᠋ᠷᠦᠩ᠂ ᠰᠣᠳᠣᠡᠷᠳᠡᠨᠢ᠂ ᠭᠤ ᠪᠥᠬᠡ ᠵᠡᠷᠭᠡ ᠴᠤᠤᠳᠤ ᠪᠥᠬᠡᠴᠣᠳ ᠢᠶᠠᠷ ᠶᠢᠰᠦ ᠲᠠᠪᠠᠨ ᠲᠡᠷᠢᠭᠦᠯᠡᠵᠦ᠂ ᠦᠪᠦᠷ ᠮᠤᠩᠭᠤᠯ ᠳᠤ ᠠᠯᠳᠠᠷ ᠮᠠᠨᠳᠤᠭᠰᠠᠨ ᠴᠣᠣᠳᠣ ᠪᠥᠬᠡ  ᠃      1995 ᠣᠨ ᠳᠤ ᠵᠡᠭᠦᠨ ᠦᠵᠦᠮᠦᠴᠢᠨ ᠬᠤᠰᠢᠭᠤᠨ ᠤ ᠪᠠᠶᠠᠨᠬᠦ᠋ᠭᠡᠪᠣᠷ ᠰᠣᠮᠣᠨ ᠤ 512 ᠪᠥᠬᠡ ᠳᠤ ᠠᠩᠬ᠎ᠠ ᠳᠠᠩ ᠠᠴᠠ ᠡᠬᠢᠯᠡᠨ ᠪᠦᠷᠢᠨᠪᠦ᠋ᠬᠡ᠂ ᠭᠠᠷᠪᠣᠣ᠂ ᠲᠤᠭᠲᠠᠬᠤ᠂ ᠣᠶᠣᠨᠪᠠᠳᠤ᠂ ᠪᠠᠭ᠎ᠠ ᠪᠥᠬᠡ᠂ ᠪᠠᠳᠦᠰᠦ᠋ᠬᠡ᠂ ᠰᠡᠴᠡᠨᠴᠣᠭᠳᠣ᠂ ᠬᠠᠷ᠎ᠠ ᠰᠣᠶᠣᠯ᠂ ᠮᠢᠩᠭᠠᠨ ᠤ ᠵᠢᠷᠭᠠᠯ ᠵᠡᠷᠭᠡ ᠶᠢᠰᠦᠨ ᠠᠯᠳᠠᠷᠳᠤ ᠪᠥᠬᠡ ᠶᠢ ᠴᠤᠪᠣᠭᠤᠯᠣᠨ ᠬᠠᠶᠠᠵᠦ ᠲᠡᠷᠢᠭᠦᠯᠡᠭᠰᠡᠨ ᠠᠪᠤᠷᠭᠤ  ᠃      2003 ᠣᠨ ᠤ ᠭᠦᠯᠦᠨ ᠪᠤᠶᠢᠷ ᠤᠨ ᠪᠠᠷᠭᠤ ᠶᠢᠨ 512 ᠪᠥᠬᠡ ᠳᠤ ᠶᠢᠰᠦ ᠲᠠᠪᠠᠨ ᠲᠡᠷᠢᠭᠦᠯᠡᠵᠦ ᠪᠠᠶᠢᠭᠰᠠᠨ ᠪᠥᠬᠡ᠃ 2004 ᠣᠨ ᠤ ᠭᠢᠨᠢᠰ ᠤᠨ ᠨᠠᠭᠠᠳᠣᠮ ᠤᠨ 2048᠎ ᠳᠤ ᠶᠢᠰᠦ ᠲᠠᠪᠠᠵᠦ ᠭᠤᠳᠠᠭᠠᠷᠯᠠᠭᠰᠠᠨ ᠠᠯᠳᠠᠷᠳᠣ ᠪᠥᠬᠡ᠃ ᠦᠪᠦᠷ ᠮᠤᠩᠭᠤᠯ ᠳᠤ ᠬᠠᠮᠤᠭ ᠤᠨ ᠲᠤᠯᠭᠠᠯᠳᠠ ᠴᠢᠩᠭ᠎ᠠ᠂ ᠬᠠᠮᠤᠭ ᠤᠨ ᠪᠠᠳᠤᠯᠠᠭ᠎ᠠ ᠲᠠᠢ ᠠᠪᠤᠷᠭᠤ ᠮᠠᠨᠢ ᠵᠠᠭᠤ ᠭᠠᠷᠤᠢ ᠨᠠᠭᠠᠳᠤᠮ ᠳᠤ ᠲᠡᠷᠢᠭᠦᠯᠡᠬᠦ ᠳᠤ ᠪᠠᠨ ᠳᠠᠩᠲᠠ ᠪᠠᠨ ᠣᠨᠤᠭ᠎ᠠ ᠴᠢᠩᠭ᠎ᠠ ᠪᠠᠶᠢᠳᠠᠭ ᠨᠢ ᠭᠠᠶᠢᠬᠠᠮᠰᠢᠭᠲᠠᠢ᠃      1999 ᠣᠨ ᠤ ᠲᠣᠮᠳᠠᠳᠤ ᠣᠯᠣᠰ ᠤᠨ ᠠᠩᠬᠠᠳᠠᠭᠴᠢ ᠣᠳᠠᠭᠠᠨ ᠤ ᠠᠯᠳᠠᠨ ᠪᠥᠰᠡ ᠶᠢᠨ ᠲᠡᠮᠡᠴᠡᠭᠡᠨ ᠤ ᠬᠦᠨᠳᠦ ᠲᠡᠰ ᠲᠤ ᠪᠠᠷᠢᠯᠳᠤᠨ ᠲᠡᠷᠢᠭᠦᠯᠡᠵᠦ᠂ ᠠᠯᠳᠠᠨ ᠪᠦᠰᠡ ᠣᠯᠵᠦ᠂ ︽ᠪᠥᠬᠡ ᠶᠢᠨ ᠸᠠᠩ︾ ᠴᠣᠯᠠ ᠬᠠᠮᠠᠭᠠᠯᠠᠵᠦ᠂ ᠮᠦᠨ ᠪᠥᠬᠦ ᠣᠯᠣᠰ ᠤᠨ ︽ᠠᠯᠳᠠᠨ ᠬᠤᠨᠳᠠᠭ᠎ᠠ︾᠎ ᠶᠢᠨ ᠲᠡᠮᠡᠴᠡᠭᠡᠨ ᠤ ᠡᠵᠡᠨ᠃ ᠠᠽᠢᠶ᠎ᠠ ᠪᠠ ᠤᠯᠤᠰ ᠤᠨ ᠬᠡᠪᠴᠢᠶᠠᠨ ᠤ ᠲᠤᠮᠤ ᠲᠡᠮᠡᠴᠡᠭᠡᠨ ᠠᠴᠠ 15 ᠠᠯᠳᠠᠨ ᠮᠧᠳᠡᠯ ᠭᠠᠷᠳᠠᠵᠦ᠂ ᠣᠷᠣᠨ ᠤ ᠲᠠᠪᠢᠨ ᠵᠢᠯ ᠤᠨ ᠪᠠᠶᠠᠷ ᠨᠠᠭᠠᠳᠤᠮ ᠶᠢᠨ 512 ᠪᠥᠬᠡ ᠳᠤ ᠭᠤᠳᠠᠭᠠᠷᠯᠠᠵᠦ᠂ ︽ᠪᠠᠳᠦ ᠢᠳᠡᠬᠡᠯᠳᠣ︾ ᠴᠣᠯᠠ ᠣᠯᠵᠦ᠂ 2010 ᠣᠨ ᠳᠤ ᠣᠷᠣᠰ ᠤᠨ ᠬᠤᠯᠪᠤᠭᠠᠨ ᠳᠤ ᠶᠠᠪᠤᠭᠳᠠᠭᠰᠠᠨ ᠺᠤᠸ᠋ᠷᠠᠱᠢ ᠪᠥᠬᠡ ᠶᠢᠨ ᠲᠡᠮᠡᠴᠡᠭᠡᠨ ᠳᠤ ᠵᠣᠳᠣᠭᠯᠠᠵᠤ᠂ ᠲᠣᠮᠳᠠᠳᠤ ᠣᠯᠣᠰ ᠤᠨ ᠠᠩᠬᠠᠳᠠᠭᠴᠢ ︽ᠺᠤᠸ᠋ᠷᠠᠱᠢ ᠪᠥᠬᠡ ᠶᠢᠨ ᠠᠪᠤᠷᠭᠤ︾ ᠴᠣᠯᠠ ᠶᠢ ᠬᠠᠮᠠᠭᠠᠯᠠᠭᠰᠠᠨ ᠲᠣᠮᠤᠭ ᠤᠨ ᠶᠠᠭᠤᠮ᠎ᠠ ᠰᠢᠭ᠋ ᠪᠠᠷᠢᠯᠳᠤᠵᠦ ᠶᠠᠪᠣᠭᠰᠠᠠ᠂ ᠬᠡᠨ ᠪᠥᠬᠦᠨ ᠤ ᠲᠠᠪᠳᠠᠵᠦ ᠴᠢᠳᠠᠰᠢ ᠦᠭᠡᠢ ᠶᠡᠭᠡ ᠠᠮᠵᠢᠯᠳᠠ ᠲᠠᠢ ᠪᠥᠬᠡ ᠂᠂ ᠪᠠᠳᠦ ᠢᠳᠡᠬᠡᠯᠳᠣ ᠠᠪᠤᠷᠭᠤ ᠲᠡᠮᠦᠷ ᠭᠤᠸᠠᠢ ᠠᠯᠳᠠᠨᠱᠠᠭ᠎ᠠ᠂ ᠦᠯᠵᠡᠶᠢᠪᠠᠭᠠᠳᠣᠷ ᠭᠡᠭᠦᠴᠢᠯᠡᠨ ᠬᠡᠳᠤᠨ ᠵᠠᠭᠤᠨ ᠱᠠᠪᠢ ᠪᠥᠬᠡ ᠬᠦᠮᠦᠵᠢᠭᠦᠯᠦᠭᠰᠡᠨ ᠰᠢᠯᠢᠳᠡᠭ ᠲᠠᠰᠬᠠᠯᠵᠢᠭᠤᠯᠣᠭᠴᠢ᠃
 
ᠢᠷᠡᠯᠲᠡ᠄ ᠦᠪᠦᠷ ᠮᠤᠩᠭᠤᠯ ᠤᠨ ᠪᠦᠬᠡ ᠶᠢᠨ ᠨᠡᠶᠢᠭᠡᠮᠯᠢᠭ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号