ᠪᠠᠳᠦ ᠢᠳᠡᠬᠡᠯᠳᠣ ᠠᠪᠤᠷᠭᠤ ᠲᠡᠮᠦᠷ 1970 ᠣᠨ ᠳᠤ ᠣᠳᠣ ᠶᠢᠨ ᠵᠡᠭᠦᠨ ᠦᠵᠦᠮᠦᠴᠢᠨ ᠬᠤᠰᠢᠭᠤᠨ ᠤ | ᠳᠠᠭᠤᠳᠤᠨᠠᠭᠤᠷ ᠪᠠᠯᠭᠠᠰᠣᠨ ᠤ ᠬᠠᠨ ᠠᠭᠤᠯᠠ ᠭᠠᠴᠠᠭᠠᠨ ᠳᠤ ᠪᠦᠳ᠋ ᠶᠢᠨ ᠬᠥᠥ ᠪᠣᠯᠣᠨ ᠵᠠᠶᠠᠭᠠᠵᠠᠢ᠃ | 1991 ᠣᠨ ᠳᠤ ᠬᠤᠷᠢᠨ ᠨᠢᠭᠡᠳᠡᠢ ᠵᠢᠯ ᠳᠤ ᠪᠠᠨ ᠵᠡᠭᠦᠨ ᠦᠵᠦᠮᠦᠴᠢᠨ ᠬᠤᠰᠢᠭᠤᠨ ᠤ 512 ᠪᠥᠬᠡ ᠳᠤ | ᠪᠠᠳᠮᠠᠰᠦ᠋ᠷᠦᠩ᠂ ᠰᠣᠳᠣᠡᠷᠳᠡᠨᠢ᠂ ᠭᠤ ᠪᠥᠬᠡ ᠵᠡᠷᠭᠡ ᠴᠤᠤᠳᠤ ᠪᠥᠬᠡᠴᠣᠳ ᠢᠶᠠᠷ ᠶᠢᠰᠦ ᠲᠠᠪᠠᠨ ᠲᠡᠷᠢᠭᠦᠯᠡᠵᠦ᠂ | ᠦᠪᠦᠷ ᠮᠤᠩᠭᠤᠯ ᠳᠤ ᠠᠯᠳᠠᠷ ᠮᠠᠨᠳᠤᠭᠰᠠᠨ ᠴᠣᠣᠳᠣ ᠪᠥᠬᠡ ᠃ | 1995 ᠣᠨ ᠳᠤ ᠵᠡᠭᠦᠨ ᠦᠵᠦᠮᠦᠴᠢᠨ ᠬᠤᠰᠢᠭᠤᠨ ᠤ ᠪᠠᠶᠠᠨᠬᠦ᠋ᠭᠡᠪᠣᠷ ᠰᠣᠮᠣᠨ ᠤ 512 ᠪᠥᠬᠡ ᠳᠤ | ᠠᠩᠬ᠎ᠠ ᠳᠠᠩ ᠠᠴᠠ ᠡᠬᠢᠯᠡᠨ ᠪᠦᠷᠢᠨᠪᠦ᠋ᠬᠡ᠂ ᠭᠠᠷᠪᠣᠣ᠂ ᠲᠤᠭᠲᠠᠬᠤ᠂ ᠣᠶᠣᠨᠪᠠᠳᠤ᠂ ᠪᠠᠭ᠎ᠠ ᠪᠥᠬᠡ᠂ ᠪᠠᠳᠦᠰᠦ᠋ᠬᠡ᠂ | ᠰᠡᠴᠡᠨᠴᠣᠭᠳᠣ᠂ ᠬᠠᠷ᠎ᠠ ᠰᠣᠶᠣᠯ᠂ ᠮᠢᠩᠭᠠᠨ ᠤ ᠵᠢᠷᠭᠠᠯ ᠵᠡᠷᠭᠡ ᠶᠢᠰᠦᠨ ᠠᠯᠳᠠᠷᠳᠤ ᠪᠥᠬᠡ ᠶᠢ ᠴᠤᠪᠣᠭᠤᠯᠣᠨ ᠬᠠᠶᠠᠵᠦ | ᠲᠡᠷᠢᠭᠦᠯᠡᠭᠰᠡᠨ ᠠᠪᠤᠷᠭᠤ ᠃ | 2003 ᠣᠨ ᠤ ᠭᠦᠯᠦᠨ ᠪᠤᠶᠢᠷ ᠤᠨ ᠪᠠᠷᠭᠤ ᠶᠢᠨ 512 ᠪᠥᠬᠡ ᠳᠤ ᠶᠢᠰᠦ ᠲᠠᠪᠠᠨ ᠲᠡᠷᠢᠭᠦᠯᠡᠵᠦ | ᠪᠠᠶᠢᠭᠰᠠᠨ ᠪᠥᠬᠡ᠃ 2004 ᠣᠨ ᠤ ᠭᠢᠨᠢᠰ ᠤᠨ ᠨᠠᠭᠠᠳᠣᠮ ᠤᠨ 2048 ᠳᠤ ᠶᠢᠰᠦ ᠲᠠᠪᠠᠵᠦ ᠭᠤᠳᠠᠭᠠᠷᠯᠠᠭᠰᠠᠨ | ᠠᠯᠳᠠᠷᠳᠣ ᠪᠥᠬᠡ᠃ ᠦᠪᠦᠷ ᠮᠤᠩᠭᠤᠯ ᠳᠤ ᠬᠠᠮᠤᠭ ᠤᠨ ᠲᠤᠯᠭᠠᠯᠳᠠ ᠴᠢᠩᠭ᠎ᠠ᠂ ᠬᠠᠮᠤᠭ ᠤᠨ ᠪᠠᠳᠤᠯᠠᠭ᠎ᠠ ᠲᠠᠢ | ᠠᠪᠤᠷᠭᠤ ᠮᠠᠨᠢ ᠵᠠᠭᠤ ᠭᠠᠷᠤᠢ ᠨᠠᠭᠠᠳᠤᠮ ᠳᠤ ᠲᠡᠷᠢᠭᠦᠯᠡᠬᠦ ᠳᠤ ᠪᠠᠨ ᠳᠠᠩᠲᠠ ᠪᠠᠨ ᠣᠨᠤᠭ᠎ᠠ ᠴᠢᠩᠭ᠎ᠠ ᠪᠠᠶᠢᠳᠠᠭ ᠨᠢ | ᠭᠠᠶᠢᠬᠠᠮᠰᠢᠭᠲᠠᠢ᠃ | 1999 ᠣᠨ ᠤ ᠲᠣᠮᠳᠠᠳᠤ ᠣᠯᠣᠰ ᠤᠨ ᠠᠩᠬᠠᠳᠠᠭᠴᠢ ᠣᠳᠠᠭᠠᠨ ᠤ ᠠᠯᠳᠠᠨ ᠪᠥᠰᠡ ᠶᠢᠨ ᠲᠡᠮᠡᠴᠡᠭᠡᠨ ᠤ | ᠬᠦᠨᠳᠦ ᠲᠡᠰ ᠲᠤ ᠪᠠᠷᠢᠯᠳᠤᠨ ᠲᠡᠷᠢᠭᠦᠯᠡᠵᠦ᠂ ᠠᠯᠳᠠᠨ ᠪᠦᠰᠡ ᠣᠯᠵᠦ᠂ ︽ᠪᠥᠬᠡ ᠶᠢᠨ ᠸᠠᠩ︾ ᠴᠣᠯᠠ | ᠬᠠᠮᠠᠭᠠᠯᠠᠵᠦ᠂ ᠮᠦᠨ ᠪᠥᠬᠦ ᠣᠯᠣᠰ ᠤᠨ ︽ᠠᠯᠳᠠᠨ ᠬᠤᠨᠳᠠᠭ᠎ᠠ︾ ᠶᠢᠨ ᠲᠡᠮᠡᠴᠡᠭᠡᠨ ᠤ ᠡᠵᠡᠨ᠃ ᠠᠽᠢᠶ᠎ᠠ ᠪᠠ | ᠤᠯᠤᠰ ᠤᠨ ᠬᠡᠪᠴᠢᠶᠠᠨ ᠤ ᠲᠤᠮᠤ ᠲᠡᠮᠡᠴᠡᠭᠡᠨ ᠠᠴᠠ 15 ᠠᠯᠳᠠᠨ ᠮᠧᠳᠡᠯ ᠭᠠᠷᠳᠠᠵᠦ᠂ ᠣᠷᠣᠨ ᠤ ᠲᠠᠪᠢᠨ ᠵᠢᠯ ᠤᠨ | ᠪᠠᠶᠠᠷ ᠨᠠᠭᠠᠳᠤᠮ ᠶᠢᠨ 512 ᠪᠥᠬᠡ ᠳᠤ ᠭᠤᠳᠠᠭᠠᠷᠯᠠᠵᠦ᠂ ︽ᠪᠠᠳᠦ ᠢᠳᠡᠬᠡᠯᠳᠣ︾ ᠴᠣᠯᠠ ᠣᠯᠵᠦ᠂ 2010 | ᠣᠨ ᠳᠤ ᠣᠷᠣᠰ ᠤᠨ ᠬᠤᠯᠪᠤᠭᠠᠨ ᠳᠤ ᠶᠠᠪᠤᠭᠳᠠᠭᠰᠠᠨ ᠺᠤᠸ᠋ᠷᠠᠱᠢ ᠪᠥᠬᠡ ᠶᠢᠨ ᠲᠡᠮᠡᠴᠡᠭᠡᠨ ᠳᠤ ᠵᠣᠳᠣᠭᠯᠠᠵᠤ᠂ | ᠲᠣᠮᠳᠠᠳᠤ ᠣᠯᠣᠰ ᠤᠨ ᠠᠩᠬᠠᠳᠠᠭᠴᠢ ︽ᠺᠤᠸ᠋ᠷᠠᠱᠢ ᠪᠥᠬᠡ ᠶᠢᠨ ᠠᠪᠤᠷᠭᠤ︾ ᠴᠣᠯᠠ ᠶᠢ ᠬᠠᠮᠠᠭᠠᠯᠠᠭᠰᠠᠨ ᠲᠣᠮᠤᠭ ᠤᠨ | ᠶᠠᠭᠤᠮ᠎ᠠ ᠰᠢᠭ᠋ ᠪᠠᠷᠢᠯᠳᠤᠵᠦ ᠶᠠᠪᠣᠭᠰᠠᠠ᠂ ᠬᠡᠨ ᠪᠥᠬᠦᠨ ᠤ ᠲᠠᠪᠳᠠᠵᠦ ᠴᠢᠳᠠᠰᠢ ᠦᠭᠡᠢ ᠶᠡᠭᠡ ᠠᠮᠵᠢᠯᠳᠠ ᠲᠠᠢ ᠪᠥᠬᠡ | ᠂᠂ ᠪᠠᠳᠦ ᠢᠳᠡᠬᠡᠯᠳᠣ ᠠᠪᠤᠷᠭᠤ ᠲᠡᠮᠦᠷ ᠭᠤᠸᠠᠢ ᠠᠯᠳᠠᠨᠱᠠᠭ᠎ᠠ᠂ ᠦᠯᠵᠡᠶᠢᠪᠠᠭᠠᠳᠣᠷ ᠭᠡᠭᠦᠴᠢᠯᠡᠨ ᠬᠡᠳᠤᠨ ᠵᠠᠭᠤᠨ | ᠱᠠᠪᠢ ᠪᠥᠬᠡ ᠬᠦᠮᠦᠵᠢᠭᠦᠯᠦᠭᠰᠡᠨ ᠰᠢᠯᠢᠳᠡᠭ ᠲᠠᠰᠬᠠᠯᠵᠢᠭᠤᠯᠣᠭᠴᠢ᠃ |