ᠠᠪᠤᠷᠭᠤ ᠪᠠᠶᠠᠷᠪᠠᠭᠠᠳᠣᠷ
ᠨᠡᠶᠢᠲᠡᠯᠡᠭᠰᠡᠨ ᠴᠠᠭ᠄
2022/11/29
  ᠪᠠᠶᠠᠷᠪᠠᠭᠠᠳᠣᠷ᠂ ᠰᠢᠷ᠎ᠡ ᠮᠣᠷᠢ ︵1978 ᠣᠨ︶ ᠵᠢᠯ ᠤᠨ ᠵᠣᠨ ᠤ ᠡᠬᠢᠨ ᠰᠠᠷ᠎ᠠ ᠤᠳᠤ ᠶᠢᠨ ᠵᠡᠬᠦᠨ ᠦᠵᠦᠮᠦᠴᠢᠨ ᠬᠤᠰᠢᠭᠤᠨ ᠤ ᠮᠠᠨᠳᠣᠬᠤᠪᠣᠯᠠᠭ ᠰᠤᠮᠤᠨ ᠤ ᠪᠣᠷᠵᠢᠬᠢᠨ ᠣᠪᠣᠭᠳᠣ ᠰᠧᠭᠮᠢᠳ ᠤᠨ ᠲᠠᠰᠢᠳᠣᠩᠷᠤᠪ  ᠤᠨ ᠬᠤᠶᠠᠳᠣᠭᠠᠷ ᠬᠦᠪᠡᠬᠦᠨ ᠪᠣᠯᠵᠣ ᠡᠬᠡ ᠣᠭ᠍ᠶᠣ ᠠᠴᠠ ᠵᠠᠶᠠᠭᠠᠵᠠᠢ᠃ ᠪᠠᠶᠠᠷᠪᠠᠭᠠᠳᠣᠷ ᠤᠨ 512 ᠪᠦᠬᠡ ᠲᠠᠢ ᠨᠠᠶᠢᠷ ᠤᠨ ᠲᠡᠷᠢᠬᠦᠨ ︵1︶ 2004 ᠤᠨ ᠤ ᠰᠢᠯᠢ ᠶᠢᠨ ᠬᠤᠳᠠ ᠶᠢᠨ ᠢᠯᠡᠯᠳᠠ ᠰᠣᠮᠣᠨ ᠤ 512᠎ ᠳᠤ ᠰᠦᠬᠡ ᠪᠠᠷ ᠶᠢᠰᠦ ᠲᠠᠪᠠᠵᠦ ᠲᠡᠷᠢᠭᠦᠯᠠᠵᠠᠢ᠃ ︵2︶ ᠬᠡᠰᠢᠭᠳᠡᠨ ᠬᠤᠰᠢᠭᠤᠨ ᠤ ᠪᠠᠶᠠᠨᠴᠠᠭᠠᠨ ᠰᠣᠮᠣᠨ ᠤ 512᠎ ᠳᠤ ᠴᠣᠯᠮᠣᠨ ᠢᠶᠠᠷ ᠶᠢᠰᠦ ᠲᠠᠪᠠᠵᠣ ᠲᠡᠷᠢᠭᠦᠯᠠᠵᠠᠢ ︵3︶ ᠰᠢᠯᠣᠭᠤᠨ ᠴᠠᠭᠠᠨ ᠬᠤᠰᠢᠭᠤᠨ ᠤ 512᠎ ᠳᠤ ᠪᠠᠭᠠᠷᠢᠨ ᠤ ᠴᠣᠭᠳᠣᠨᠠᠷᠠᠨ᠂ ᠰᠢᠯᠣᠭᠤᠨ ᠬᠦᠬᠡ  ᠶᠢᠨ ᠣᠶᠠᠩᠭ᠎ᠠ᠂ ᠬᠦᠯᠦᠨ ᠪᠤᠶᠢᠷ ᠤᠨ ᠢᠳᠡᠷ᠂ ᠴᠢᠨᠳᠠᠮᠣᠨᠢ᠂ ᠪᠠᠷᠠᠭᠤᠨ ᠦᠵᠦᠮᠦᠴᠢᠨ ᠤ ᠲᠡᠭᠦᠰᠵᠢᠷᠭᠠᠯ᠂ ᠬᠦᠪᠡᠭᠡᠳᠣ ᠰᠢᠷ᠎ᠡ ᠶᠢᠨ ᠨᠠᠰᠣᠨᠴᠣᠭᠳᠣ᠂ ᠰᠢᠯᠣᠭᠤᠨ ᠴᠠᠭᠠᠨ ᠤ ᠴᠣᠭᠮᠠᠨᠳᠠ ᠨᠠᠷ ᠶᠢᠰᠦ ᠲᠠᠪᠠᠵᠣ ᠲᠡᠷᠢᠭᠦᠯᠠᠵᠠᠢ᠃ ︵4︶ 2014 ᠣᠨ ᠤ ᠵᠢᠨᠢᠩ ᠳᠤ ᠪᠣᠯᠣᠭᠰᠠᠨ ᠪᠦᠬᠦ ᠣᠷᠣᠨ ᠤ ᠬᠤᠶᠠᠳᠡᠬᠢ ᠣᠳᠠᠭᠠᠨ ᠤ ᠮᠣᠩᠭᠤᠯ ᠪᠦᠬᠡ ᠶᠢᠨ ᠮᠠᠩᠯᠠᠢ ᠰᠢᠯᠭᠠᠷᠠᠭᠤᠯᠬᠤ 512 ᠪᠦᠬᠡ ᠳᠤ ᠪᠠᠷᠠᠭᠤᠨ ᠦᠵᠦᠮᠦᠴᠢᠨ ᠤ ᠲᠡᠭᠦᠰᠵᠢᠷᠭᠠᠯ᠂ ᠠᠪᠠᠭ᠎ᠠ ᠶᠢᠨ ᠠᠯᠳᠠᠨᠳᠣᠭᠤᠯᠠᠭ᠎ᠠ᠂ ᠠᠷᠣ ᠬᠤᠷᠴᠢᠨ ᠤ ᠮᠦᠩᠭᠡᠳᠦ᠋ᠬᠦᠷᠡᠩ᠂ ᠰᠢᠨ᠎ᠡ ᠪᠠᠷᠭᠤ ᠶᠢᠨ ᠰᠧᠩᠬᠡᠭᠠᠷᠪᠤ᠂ ᠵᠡᠭᠦᠨ ᠦᠵᠦᠮᠦᠴᠢᠨ ᠤ ᠪᠠᠳᠣᠵᠢᠷᠭᠠᠯ ᠨᠠᠷ ᠶᠢᠰᠦ ᠲᠠᠪᠠᠵᠣ ᠲᠡᠷᠢᠭᠦᠯᠠᠵᠠᠢ᠃ ︵5︶ 2015 ᠤᠨ ᠤ ᠪᠠᠷᠠᠭᠤᠨ ᠰᠦᠨᠢᠳ ᠬᠤᠰᠢᠭᠤᠨ ᠤ ᠬᠤᠰᠢᠭᠤ ᠨᠠᠭᠠᠳᠤᠮ ᠤᠨ 512 ᠪᠦᠭᠡ  ᠳᠤ ᠪᠠᠷᠠᠭᠤᠨ ᠦᠵᠦᠮᠦᠴᠢᠨ ᠤ ᠴᠠᠭᠠᠨᠵᠠᠭᠠᠨ᠂ ᠦᠷᠨᠢᠯᠳᠤ ᠨᠠᠷ ᠢᠶᠠᠷ ᠶᠢᠰᠦ ᠲᠠᠪᠠᠵᠦ ᠲᠡᠷᠢᠭᠦᠯᠠᠵᠠᠢ᠃ ︵6︶ 2016 ᠤᠨ ᠤ 7 ᠰᠠᠷ᠎ᠠ ᠶᠢᠨ 8 ~ 10᠎ ᠳᠤ ᠬᠦᠯᠦᠨ ᠪᠤᠶᠢᠷ ᠬᠤᠳᠠ ᠶᠢᠨ ᠬᠠᠭᠤᠴᠢᠨ ᠪᠠᠷᠭᠤ ᠬᠤᠰᠢᠭᠤᠨ ᠳᠤ ᠪᠣᠯᠣᠭᠰᠠᠨ ᠨᠠᠢᠮᠠᠨ ᠮᠣᠵᠢ ᠣᠷᠣᠨ ᠤ ᠠᠩᠬᠠᠳᠠᠭᠴᠢ ᠬᠤᠭᠤᠴᠠᠭᠠᠨ ᠤ ︽ᠬᠦᠬᠦᠯᠡ ᠬᠤᠨᠳᠠᠭᠠᠳᠣ︾ ᠲᠣᠯᠢᠶᠠᠳᠣ ᠪᠦᠬᠡ ᠶᠢᠨ ᠨᠠᠭᠠᠳᠣᠮ ᠤᠨ ᠬᠦᠴᠣᠳᠣ 512 ᠪᠦᠬᠡ ᠪᠠᠶᠠᠷᠪᠠᠭᠠᠳᠣᠷ ᠰᠢᠨ᠎ᠡ ᠪᠠᠷᠭᠤ ᠵᠡᠬᠦᠨ ᠬᠤᠰᠢᠭᠤᠨ ᠤ ᠪᠠᠭ᠎ᠠ ᠢᠳᠡᠷ᠂ ᠪᠠᠷᠠᠭᠤᠨ ᠦᠵᠦᠮᠦᠴᠢᠨ ᠤ ᠴᠠᠭᠠᠨᠵᠠᠭᠠᠨ᠂ ᠰᠢᠨ᠎ᠠ ᠪᠠᠷᠭᠤ ᠵᠡᠬᠦᠨ ᠬᠤᠰᠢᠭᠤᠨ ᠤ ᠠᠯᠳᠠᠨᠱᠠᠭ᠎ᠠ ᠨᠠᠷ ᠢᠶᠠᠷ ᠶᠢᠰᠣ ᠲᠠᠪᠠᠵᠣ ᠲᠡᠷᠢᠬᠦᠯᠡᠪᠡ ᠪᠠᠶᠠᠷᠪᠠᠭᠠᠳᠣᠷ ᠤᠨ 1024 ᠪᠦᠬᠡ ᠲᠠᠢ ᠨᠠᠶᠢᠷ ᠤᠨ ᠲᠡᠷᠢᠬᠦᠨ ︵1︶ 2010 ᠣᠨ ᠤ ᠠᠷᠤ ᠬᠤᠷᠴᠢᠨ ᠬᠤᠰᠢᠭᠤᠨ ᠳᠤ ᠪᠤᠯᠤᠭᠰᠠᠨ ᠨᠠᠭᠠᠳᠤᠮ ᠤᠨ 1024᠎ ᠳᠤ ᠭᠤᠷᠪᠡ ᠶᠢᠨ ᠲᠠᠪᠠᠭᠠᠨ ᠠᠴᠠ ᠪᠠᠷᠠᠭᠤᠨ ᠪᠠᠭᠠᠷᠢᠨ ᠤ ᠪᠣᠣ ᠱᠠᠨ᠂ ᠴᠢᠩᠵᠣᠷᠢᠭ᠂ ᠦᠭᠡᠳᠡᠯᠡᠬᠦ᠂ ᠬᠡᠬᠡᠷᠡᠬᠦ᠂ ᠣᠩᠨᠢᠭᠤᠤᠨ ᠤᠨ ᠪᠠᠳᠦᠵᠢᠷᠭᠠᠯ᠂ ᠵᠡᠬᠦᠨ ᠪᠠᠭᠠᠷᠢᠨ ᠤ ᠠᠯᠳᠠᠨᠰᠦ᠋ᠭᠡ᠂ ᠠᠷᠣ ᠬᠤᠷᠴᠢᠨ ᠤ ᠲᠢᠶᠠᠨᠰᠠᠩ᠂ ᠰᠠᠷᠠᠨᠮᠠᠨᠳᠣᠯ᠎ᠠ ᠨᠠᠷ ᠠᠷᠪᠠ ᠲᠠᠪᠠᠵᠣ ᠲᠡᠷᠢᠭᠦᠯᠠᠵᠠᠢ ︵2︶ 2011 ᠣᠨ ᠤ ᠰᠢᠷ᠎ᠠ ᠳᠠᠯ᠎ᠠ ᠳᠤ ᠪᠣᠯᠣᠭᠰᠠᠨ ᠵᠢᠷᠭᠠᠯᠠᠩᠳᠣ ᠲᠠᠯ᠎ᠠ ᠨᠣᠳᠤᠭ᠂ ᠰᠢᠯᠢ ᠶᠢᠨ ᠭᠤᠣᠯ ᠤᠨ 1024 ᠪᠦᠬᠡ ᠲᠠᠢ ᠨᠠᠶᠢᠷ ᠲᠤ ᠵᠡᠬᠦᠨ ᠰᠦᠨᠢᠳ ᠤᠨ ᠬᠡᠰᠢᠭᠳᠡᠯᠠᠢ᠂ ᠪᠠᠷᠠᠭᠤᠨ ᠦᠵᠦᠮᠦᠴᠢᠨ ᠤ ᠭᠠᠯᠰᠠᠩᠷᠠᠰᠢ᠂ ᠠᠪᠠᠭ᠎ᠠ ᠶᠢᠨ ᠴᠢᠳᠠᠷᠪᠠᠯ᠂ ᠪᠠᠭᠠᠷᠢᠨ ᠤ ᠠᠯᠳᠠᠨᠰᠦ᠋ᠭᠡ ᠵᠡᠭᠦᠨ ᠦᠵᠦᠮᠦᠴᠢᠨ ᠤ ᠠᠯᠳᠠᠨᠪᠠᠭᠠᠨ᠎ᠠ᠂ ᠪᠠᠳᠤᠵᠢᠷᠭᠠᠯ ᠨᠠᠷ ᠢᠶᠠᠷ ᠠᠷᠪᠠ ᠲᠠᠪᠠᠵᠦ ᠲᠡᠷᠢᠭᠦᠡᠯᠵᠠᠢ᠃ ︵3︶ 2016 ᠤᠨ ᠤ 7 ᠰᠠᠷ᠎ᠠ ᠳᠤ ᠪᠤᠯᠤᠭᠰᠠᠨ ᠰᠦᠨᠢᠳ ᠵᠡᠬᠦᠨ ᠬᠤᠰᠢᠭᠤᠨ ᠤ ᠠᠷᠪᠠᠳᠣᠭᠠᠷ ᠬᠤᠭᠤᠴᠠᠭᠠᠨ ᠤ ᠨᠠᠭᠠᠳᠤᠮ ᠤᠨ ᠶᠡᠭᠡ ᠬᠤᠷᠠᠯ ᠤᠨ 1024 ᠪᠦᠭᠡ ᠳᠤ ᠭᠠᠯᠰᠠᠩᠷᠠᠰᠢ᠂ ᠬᠠᠩᠰᠢ᠂ ᠤᠳᠤᠰᠤᠳᠤ᠂ ᠪᠠᠳᠤᠵᠢᠷᠭᠠᠯ ᠨᠠᠷ ᠢᠶᠠᠷ ᠠᠷᠪᠠ ᠲᠠᠪᠠᠵᠦ ᠲᠡᠷᠢᠭᠦᠯᠠᠵᠠᠢ᠃ ᠪᠠᠶᠠᠷᠪᠠᠭᠠᠳᠣᠷ ᠤᠨ 1024 ᠪᠦᠬᠡ ᠲᠠᠢ ᠨᠠᠶᠢᠷ ᠤᠨ ᠲᠡᠳ᠋︵1︶ 2006 ᠣᠨ ᠳᠤ ᠵᠡᠬᠦᠨ ᠦᠵᠦᠮᠦᠴᠢᠨ ᠬᠤᠰᠢᠭᠤᠨ ᠤ 1024 ᠪᠦᠬᠡ ᠲᠠᠢ ᠨᠠᠶᠢᠷ ᠲᠤ ᠪᠠᠳᠣᠰᠦ᠋ᠬᠡ ᠳᠤ ᠣᠶᠢᠴᠢᠵᠣ ᠲᠡᠳ᠋ᠯᠠᠵᠠᠢ ︵2︶ 2012 ᠣᠨ ᠤ ᠰᠢᠯᠢ ᠶᠢᠨ ᠭᠤᠣᠯ ᠠᠶᠢᠮᠠᠭ ᠤᠨ 1024 ᠪᠦᠬᠡ ᠲᠠᠢ ᠨᠠᠶᠢᠷ ᠲᠤ ᠪᠠᠶᠠᠨᠵᠢᠷᠭᠠᠯ  ᠳᠤ ᠤᠶᠢᠴᠢᠵᠦ ᠲᠡᠳ᠋ᠯᠡᠵᠠᠢ︵3︶ 2014 ᠣᠨ ᠤ ᠬᠦᠯᠦᠨ ᠪᠤᠶᠢᠷ ᠤᠨ ᠮᠠᠨᠠᠩ ᠤᠨ ᠪᠣᠭᠳᠠᠭᠭᠤᠯᠡ ᠶᠢᠨ ᠲᠠᠬᠢᠯᠭᠠᠳᠣ 1024 ᠪᠦᠬᠡ ᠲᠠᠢ ᠨᠠᠶᠢᠷ ᠲᠤ ᠬᠦᠯᠦᠨ ᠪᠤᠶᠢᠷ ᠤᠨ ᠬᠠᠳᠠ᠂ ᠴᠢᠨᠠᠷ᠂ ᠡᠸᠡᠩᠬᠢ ᠶᠢᠨ ᠢᠳᠡᠷ᠂ ᠮᠣᠩᠭᠤᠯ ᠣᠯᠣᠰ ᠤᠨ ᠮᠦᠩᠬᠡᠪᠡᠳᠣ ᠨᠠᠷ ᠢᠶᠠᠷ ᠶᠢᠰᠦ ᠲᠠᠪᠠᠵᠦ᠂ ᠠᠯᠳᠠᠨᠱᠠᠭ᠎ᠠ ᠳᠤ ᠤᠶᠢᠴᠢᠵᠦ ᠲᠡᠳ᠋ᠯᠠᠵᠠᠢ︔     ᠪᠠᠶᠠᠷᠪᠠᠭᠠᠳᠤᠷ ᠠᠪᠤᠷᠭᠤ 1024 ᠪᠦᠭᠡ ᠲᠠᠢ ᠨᠠᠭᠠᠳᠤᠮ ᠳᠤ ᠭᠤᠷᠪᠠ ᠲᠡᠷᠢᠭᠦᠯᠠᠵᠦ᠂ ᠭᠤᠷᠪᠠ ᠲᠡᠳ᠋ᠯᠡᠵᠦ᠂ 512 ᠪᠦᠭᠡ ᠲᠠᠢ ᠨᠠᠭᠠᠳᠤᠮ ᠳᠤ 6 ᠲᠡᠷᠢᠭᠦᠯᠠᠵᠦ᠂ 9 ᠲᠡᠳ᠋ᠯᠡᠵᠦ᠂ 256 ᠪᠥᠬᠡ ᠲᠠᠢ ᠨᠠᠭᠠᠳᠣᠮ  ᠳᠤ 35 ᠲᠡᠷᠢᠭᠦᠯᠡᠵᠦ᠂ ᠶᠡᠭᠡ ᠨᠠᠭᠠᠳᠤᠮ ᠳᠤ 500 ᠰᠢᠬᠠᠭᠤ ᠲᠡᠷᠢᠭᠦᠯᠡᠵᠦ ᠶᠠᠪᠤᠭ᠎ᠠ ᠡᠨᠡ ᠴᠠᠭ ᠤᠨ ᠪᠦᠭᠡᠴᠤᠳ ᠲᠤᠳᠤᠷ᠎ᠠ ᠪᠠᠨ ᠬᠠᠮᠤᠭ ᠤᠨ ᠶᠡᠭᠡ ᠠᠮᠵᠢᠯᠳᠠ ᠲᠠᠢ ᠪᠥᠬᠡ᠃    
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号