ᠠᠴᠢᠯᠠᠯ ᠢ ᠬᠦᠢᠴᠡᠳᠭᠡᠬᠦ
ᠨᠡᠶᠢᠲᠡᠯᠡᠭᠰᠡᠨ ᠴᠠᠭ᠄
2022/11/22
            ᠠᠴᠢᠯᠠᠯ ᠢ ᠬᠦᠢᠴᠡᠳᠭᠡᠬᠦ                                  ᠪᠦ᠊᠂ ᠪᠠᠭᠠᠳᠣᠷ ᠣᠷᠴᠢᠭᠤᠯᠪᠠ ᠠᠪᠤ ᠡᠵᠢ ᠳᠠᠭᠤᠳᠠᠪᠠᠯ ᠠᠯᠠᠭᠤᠷᠰᠢᠵᠣ ᠦᠯᠦ ᠪᠣᠯᠣᠮᠣᠢ ᠠᠪᠤ ᠡᠵᠢ  ᠵᠠᠬᠢᠪᠠᠯ ᠬᠤᠶᠢᠰᠢᠯᠠᠵᠣ ᠡᠰᠡ ᠪᠣᠯᠣᠮᠣᠢ ᠠᠪᠤ ᠡᠵᠢ ᠶᠢᠨ ᠰᠣᠷᠭᠠᠯ ᠢ ᠡᠷᠬᠡᠪᠰᠢ ᠭᠦᠨᠳᠣᠳᠭᠡᠨ ᠰᠣᠨᠣᠰᠣᠮᠣᠢ ᠠᠪᠤ ᠡᠵᠢ ᠶᠢᠨ ᠰᠢᠭᠦᠮᠵᠢᠯᠡᠯ ᠢ ᠡᠷᠬᠡᠪᠰᠢ ᠬᠦᠯᠢᠶᠡᠨ ᠠᠪᠣᠮᠣᠢ   ᠴᠠᠰᠣ ᠲᠠᠢ ᠡᠪᠣᠯ ᠲᠣᠯᠠᠭᠠᠨ ᠪᠠᠶᠢᠯᠭᠠᠵᠣ ᠴᠡᠴᠡᠭ ᠲᠠᠢ ᠵᠣᠨ ᠰᠡᠷᠢᠬᠦᠨ ᠪᠠᠶᠢᠯᠭᠠᠵᠣ ᠦᠷᠯᠦᠭᠡ ᠪᠣᠰᠪᠠᠯ ᠮᠡᠨᠳᠣ ᠶᠢ ᠨᠢ ᠠᠰᠠᠭᠤᠨ ᠦᠳᠡᠰᠢ ᠣᠨᠳᠠᠬᠤ ᠳᠤ ᠣᠷᠣ ᠶᠢ ᠨᠢ ᠳᠡᠪᠢᠰᠣᠮᠣᠢ ᠭᠠᠳᠠᠭᠰᠢ ᠭᠠᠷᠪᠠᠯ ᠬᠡᠯᠡᠵᠣ ᠪᠣᠴᠠᠵᠣ ᠢᠷᠡᠪᠡᠯ ᠮᠡᠳᠡᠭᠳᠡᠮᠣᠢ ᠣᠷᠣᠨ ᠰᠠᠭᠤᠴᠠ ᠲᠣᠭᠳᠠᠪᠣᠷᠢᠲᠠᠢ ᠦᠢᠯᠡᠰ ᠠᠵᠢᠯ ᠨᠠᠶᠢᠳᠠᠪᠣᠷᠢᠲᠠᠢ ᠬᠡᠷᠡᠭ ᠶᠠᠪᠣᠳᠠᠯ ᠪᠠᠭ᠎ᠠ ᠪᠣᠯᠪᠠᠴᠣ ᠬᠡᠵᠢᠶᠡᠳᠡ ᠪᠢᠳᠡᠭᠡᠢ ᠡᠵᠡᠨ ᠮᠡᠳᠡ ᠬᠡᠷᠪᠡ ᠦᠨᠡᠭᠡᠷ ᠡᠵᠡᠨ ᠮᠡᠳᠡᠪᠡᠯ ᠬᠡᠣᠬᠡᠳ ᠦᠷ᠎ᠡ ᠶᠢᠨ ᠶᠣᠰᠣᠨ ᠳᠤ ᠦᠯᠦ ᠨᠡᠶᠢᠴᠡᠮᠣᠢ ᠪᠣᠳᠠᠰ ᠪᠠᠭ᠎ᠠ ᠪᠣᠯᠪᠠᠴᠣ ᠪᠢᠳᠡᠭᠡᠢ ᠨᠢᠭᠤᠵᠣ ᠬᠤᠷᠢᠶᠠ ᠬᠤᠷᠢᠶᠠᠵᠣ ᠨᠢᠭᠤᠭᠰᠠᠨ ᠢ ᠴᠢᠨᠢ ᠮᠡᠳᠡᠪᠡᠯ ᠬᠤᠶᠠᠷ ᠪᠣᠭᠤᠷᠣᠯ ᠭᠤᠮᠣᠳᠠᠮᠣᠢ ᠠᠪᠤ ᠡᠵᠢ ᠶᠢᠨ ᠲᠣᠷᠠᠲᠠᠢ ᠶᠠᠭᠤᠮ᠎ᠠ ᠶᠢ ᠠᠯᠢ ᠴᠢᠳᠠᠬᠤ ᠪᠠᠷ ᠣᠶᠢᠷᠠᠳᠣᠭᠤᠯᠣᠮᠣᠢ ᠠᠪᠤ ᠡᠵᠢ ᠶᠢᠨ ᠳᠠᠭᠠᠯᠠᠬᠤ ᠦᠭᠡᠢ ᠶᠠᠭᠤᠮ᠎ᠠ ᠶᠢ ᠠᠪᠠᠴᠢᠵᠣ ᠳᠠᠯᠳᠠ ᠣᠷᠣᠭᠤᠯᠣᠮᠣᠢ ᠪᠡᠶ᠎ᠡ ᠳᠤ ᠰᠢᠷᠬ᠎ᠠ ᠲᠠᠢ ᠪᠣᠯᠪᠠᠯ ᠠᠪᠤ ᠡᠵᠢ ᠰᠡᠳᠬᠢᠯ ᠵᠣᠪᠠᠮᠣᠢ ᠮᠣᠷᠠᠯ ᠳᠤ ᠰᠢᠷᠬ᠎ᠠ ᠲᠠᠢ ᠪᠣᠯᠪᠠᠯ ᠠᠪᠤ ᠡᠵᠢ ᠨᠢᠭᠤᠷ ᠭᠡᠭᠡᠮᠣᠢ ᠠᠪᠤ ᠡᠵᠢ ᠰᠠᠨᠠᠵᠣ ᠪᠠᠶᠢᠬᠤ ᠳᠤ ᠠᠴᠢᠯᠠᠯ ᠢ ᠬᠦᠢᠴᠡᠳᠭᠡᠬᠦ ᠳᠤ ᠬᠢᠯᠪᠠᠷ ᠠᠪᠤ ᠡᠵᠢ ᠰᠠᠨᠠᠬᠤ ᠦᠭᠡᠢ ᠦᠶ᠎ᠡ ᠳᠤ ᠠᠴᠢᠯᠠᠯ ᠢ ᠬᠦᠢᠴᠡᠳᠭᠡᠬᠦ ᠢᠨᠤ ᠡᠷᠬᠢᠮ ᠠᠪᠤ ᠡᠵᠢ ᠪᠣᠷᠣᠭᠤ ᠲᠠᠢ ᠦᠶ᠎ᠡ ᠳᠤ ᠢᠳᠬᠠᠨ ᠬᠡᠯᠡᠵᠣ ᠵᠠᠯᠠᠷᠠᠭᠤᠯᠣᠮᠣᠢ ᠵᠦᠪ ᠣᠪᠣᠷ ᠢᠶᠠᠷ ᠬᠠᠨᠳᠣᠵᠣ ᠵᠦᠭᠡᠯᠡᠨ ᠦᠭᠡ ᠪᠠᠷ ᠢᠳᠬᠠᠮᠣᠢ ᠪᠠᠰᠠ ᠳᠠᠬᠢᠵᠣ ᠢᠳᠬᠠᠬᠤ ᠳᠠᠭᠠᠨ ᠪᠠᠶᠠᠷᠲᠠᠢ ᠮᠦᠴᠡ ᠶᠢ ᠨᠢ ᠰᠣᠩᠭᠤᠮᠣᠢ ᠭᠤᠶᠣᠬᠤ ᠳᠠᠭᠠᠨ ᠨᠢᠯᠪᠣᠰᠣ ᠲᠠᠢ ᠭᠤᠶᠠᠳᠠᠭᠰᠠᠨ ᠴᠣ᠋ ᠭᠤᠮᠣᠳᠠᠬᠤ ᠦᠭᠡᠢ ᠡᠵᠢ ᠠᠪᠤ ᠡᠪᠡᠳᠴᠢᠯᠡᠪᠡᠯ ᠡᠮ ᠢ ᠨᠢ ᠣᠷᠢᠳᠠᠪᠡᠷ ᠠᠮᠰᠠᠮᠣᠢ ᠡᠳᠦᠷ ᠰᠦᠨᠢ ᠦᠭᠡᠢ ᠠᠰᠠᠷᠠᠨ ᠦᠷᠬᠦᠯᠵᠢ ᠳᠡᠷᠭᠡᠳᠡ ᠨᠢ ᠪᠠᠶᠢᠮᠣᠢ ᠦᠭᠡᠳᠡ ᠪᠣᠯᠣᠭᠰᠠᠨ ᠭᠤᠷᠪᠠᠨ ᠵᠢᠯ ᠳᠤ ᠦᠷᠭᠦᠯᠵᠢ ᠡᠮᠭᠡᠨᠢᠨ ᠭᠠᠰᠢᠭᠤᠳᠠᠮᠣᠢ ᠡᠮᠣᠰᠭᠡᠯ ᠵᠡᠬᠦᠳᠡᠯ ᠪᠣᠷᠣᠭᠵᠢᠭᠤᠨ ᠪᠠᠶᠢᠵᠣ ᠦᠭᠡᠬᠦ ᠮᠢᠬ᠎ᠠ ᠠᠷᠢᠬᠢ ᠶᠢ ᠡᠷᠡᠰ ᠴᠡᠭᠡᠷᠯᠡᠮᠣᠢ ᠳᠠᠯᠪᠢᠵᠣ ᠣᠷᠣᠰᠢᠭᠤᠯᠬᠤ ᠠᠨᠣ ᠶᠣᠰᠣ ᠪᠠᠷ ᠨᠢ ᠬᠦᠢᠴᠡᠳᠬᠡᠵᠣ              ᠳᠠᠬᠢᠯᠭ᠎ᠠ ᠣᠳᠠᠯᠭ᠎ᠠ ᠶᠢ ᠠᠨᠣ ᠦᠨᠡᠨ ᠢᠶᠠᠷ ᠨᠢ ᠪᠡᠶᠡᠯᠡᠬᠦᠯᠦᠮᠣᠢ ᠳᠠᠭᠠᠯᠠᠯ ᠲᠡᠭᠦᠰᠦᠭᠰᠡᠳ ᠳᠡᠭᠡᠨ ᠬᠠᠨᠳᠣᠬᠤ ᠳᠠᠭᠠᠨ ᠳᠡᠷᠭᠡᠳᠡ ᠬᠡᠵᠢᠶᠡᠳᠡ ᠠᠮᠢᠳᠣ ᠪᠠᠶᠢᠭᠰᠠᠨ ᠮᠡᠳᠣ
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号