︽ᠠᠪᠤᠷᠭᠤ ᠶᠢᠨ ᠴᠣᠮᠣ︾᠎ ᠶᠢᠨ ᠲᠤᠬᠠᠢ ᠪᠢᠴᠢᠬᠠᠨ ᠲᠡᠦᠬᠡ
ᠨᠡᠶᠢᠲᠡᠯᠡᠭᠰᠡᠨ ᠴᠠᠭ᠄
2022/11/21
     2022 ᠣᠨ ᠤ ᠺᠠᠲ᠋ᠠᠷ ᠤᠨ ᠬᠥᠯ ᠪᠥᠮᠪᠦᠭᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠤ ᠨᠡᠭᠡᠭᠡᠯᠲᠡ ᠶᠢᠨ ᠲᠣᠭᠯᠠᠯᠲᠠ ᠲᠤᠬᠠᠢ ᠶᠢᠨ ᠭᠠᠵᠠᠷ ᠤᠨ ᠴᠠᠭ ᠢᠶᠠᠷ 2022 ᠣᠨ ᠤ 11 ᠳ᠋ᠦ᠋ᠭᠡᠷ ᠰᠠᠷ᠎ᠠ ᠶᠢᠨ 20 ᠎ ᠤ 19 ᠴᠠᠭ᠂ ᠪᠡᠭᠡᠵᠢᠩ ᠤᠨ ᠴᠠᠭ ᠢᠶᠠᠷ 21᠎ ᠤ ᠲᠡᠭ ᠴᠠᠭ ᠲᠤ ᠡᠬᠢᠯᠡᠬᠦ ᠭᠡᠵᠦ ᠪᠠᠶᠢᠭ᠎ᠠ ᠶᠤᠮ᠃ ᠡᠶᠢᠨ ᠬᠦ ᠳᠥᠷᠪᠡᠨ ᠵᠢᠯ ᠬᠦᠯᠢᠶᠡᠯᠭᠡᠭᠰᠡᠨ ᠦᠪᠡᠳᠡᠭᠰᠢ ᠴᠤᠭᠯᠠᠭᠠᠨ ᠥᠨᠥ ᠰᠥᠨᠢ ᠡᠬᠢᠯᠡᠬᠦ ᠭᠡᠵᠦ ᠪᠠᠶᠢᠭ᠎ᠠ ᠡᠨᠡ ᠢᠯᠳᠠᠮ ᠳᠤ᠂ ᠠᠪᠤᠷᠭᠤ ᠶᠢᠨ ᠴᠣᠮᠣ ᠶᠢᠨ ᠲᠤᠬᠠᠢ ᠪᠢᠴᠢᠬᠠᠨ ᠲᠡᠦᠬᠡ ᠶᠢ ᠲᠠ ᠪᠦᠬᠦᠨ ᠲᠠᠢ ᠪᠠᠨ ᠬᠤᠪᠢᠶᠠᠯᠴᠠᠶ᠎ᠠ ᠭᠡᠵᠦ ᠪᠣᠳᠣᠯ᠎ᠠ᠃ ᠲᠡᠷᠲᠡᠭᠡ 1930 ᠣᠨ ᠠᠴᠠ ᠡᠬᠢᠯᠡᠭᠰᠡᠨ ᠳᠡᠯᠡᠬᠡᠢ ᠶᠢᠨ ᠠᠪᠤᠷᠭᠤ ᠶᠢᠨ ᠲᠡᠮᠡᠴᠡᠭᠡᠨ 1942᠂ 1946 ᠣᠨ ᠎ ᠳᠤ ᠳᠠᠶᠢᠨ ᠠᠴᠠ ᠪᠣᠯᠵᠤ ᠠᠯᠭᠠᠰᠠᠭᠰᠠᠨ ᠢ ᠭᠠᠷᠭᠠᠪᠠᠯ ᠳᠥᠷᠪᠡᠨ ᠵᠢᠯ ᠲᠤᠲᠤᠮ ᠲᠠᠰᠤᠷᠠᠯᠲᠠ ᠦᠭᠡᠢ ᠪᠣᠯᠵᠤ᠂ ᠥᠨᠥ ᠵᠢᠯ 22᠎ ᠳᠠᠬᠢ ᠤᠳᠠᠭ᠎ᠠ ᠪᠠᠨ ᠶᠠᠪᠤᠭᠳᠠᠵᠤ ᠪᠠᠶᠢᠭ᠎ᠠ ᠶᠤᠮ᠃      ᠳᠡᠯᠡᠬᠡᠢ ᠶᠢᠨ ᠠᠪᠤᠷᠭᠤ ᠳᠤ ᠲᠡᠷᠢᠭᠦᠯᠡᠭᠰᠡᠨ ᠪᠠᠭ ᠲᠤ ᠬᠥᠯ ᠪᠥᠮᠪᠦᠭᠡ ᠶᠢᠨ ᠠᠯᠳᠠᠷ ᠤᠨ ᠮᠠᠩᠯᠠᠢ ᠶᠢ ᠪᠡᠯᠭᠡᠳᠡᠭᠰᠡᠨ ︽ᠠᠪᠤᠷᠭᠤ ᠶᠢᠨ ᠴᠣᠮᠣ︾ ᠣᠯᠭᠤᠳᠠᠭ᠃ ᠣᠳᠣ ᠪᠣᠯᠲᠠᠯ᠎ᠠ᠂ ᠬᠤᠶᠠᠷ ᠴᠣᠮᠣ ᠪᠠᠶᠢᠳᠠᠭ ᠤᠨ ᠨᠢᠭᠡ ᠨᠢ 1928 ᠣᠨ ᠳᠤ ᠪᠦᠲᠦᠭᠡᠭᠰᠡᠨ ︽ᠢᠯᠠᠯᠲᠠ ᠶᠢᠨ ᠴᠣᠮᠣ︾ ᠪᠤᠶᠤ ︽ᠵᠦᠯᠧᠰ ᠷᠢᠮᠧᠲ ᠴᠣᠮᠣ︾᠂ ᠨᠥᠭᠦᠭᠡ ᠨᠢ ᠲᠠ ᠪᠢᠳᠠᠨ ᠤ ᠰᠠᠶᠢᠨ ᠮᠡᠳᠡᠬᠦ ︽ᠳᠡᠯᠡᠬᠡᠢ ᠶᠢᠨ ᠠᠪᠤᠷᠭᠤ ᠶᠢᠨ ᠴᠣᠮᠣ︾ ᠪᠠᠶᠢᠭ᠎ᠠ ᠶᠤᠮ᠃ ᠡᠭᠦᠨ ᠤ ᠤᠴᠢᠷ ᠢ ᠥᠭᠦᠯᠡᠪᠡᠰᠦ᠂ ᠠᠩᠬᠠᠨ ᠤ ᠴᠣᠮᠣ ᠶᠢ ᠭᠷᠧᠭ ᠤᠨ ᠡᠷᠲᠡᠨ ᠤ ᠳᠣᠮᠤᠭ ᠤᠨ ᠢᠯᠠᠯᠲᠠ ᠶᠢᠨ ᠥᠬᠢᠨ ᠲᠡᠭᠷᠢ ᠶᠢ ᠳᠠᠭᠤᠷᠢᠶᠠᠵᠤ ᠪᠦᠲᠦᠭᠡᠭᠰᠡᠨ ᠪᠣᠯᠬᠤᠷ ︽ᠢᠯᠠᠯᠲᠠ ᠶᠢᠨ ᠴᠣᠮᠣ︾ ᠭᠡᠵᠦ ᠨᠡᠷᠡᠯᠡᠵᠦ ᠪᠠᠶᠢᠭᠰᠠᠨ ᠢᠶᠠᠨ᠂ 1946 ᠣᠨ ᠳᠤ᠂ ᠳᠡᠯᠡᠬᠡᠢ ᠶᠢᠨ ᠠᠪᠤᠷᠭᠤ ᠶᠢᠨ ᠲᠡᠮᠡᠴᠡᠭᠡᠨ ᠢ ᠡᠭᠦᠰᠬᠡᠨ ᠪᠠᠶᠢᠭᠤᠯᠤᠭᠴᠢ᠂ ᠣᠯᠠᠨ ᠤᠯᠤᠰ ᠤᠨ ᠬᠥᠯ ᠪᠥᠮᠪᠦᠭᠡ ᠶᠢᠨ ᠬᠤᠯᠪᠣᠭᠠᠨ ᠤ ᠭᠤᠷᠪᠠᠳᠠᠭᠴᠢ ᠲᠡᠷᠢᠭᠦᠯᠡᠭᠴᠢ ᠪᠠᠶᠢᠭᠰᠠᠨ ᠵᠦᠯᠧᠰ ᠷᠢᠮᠧᠲ ︵Jules Rimet︶᠎ ᠢ ᠳᠤᠷᠠᠰᠬᠠᠵᠤ ︽ᠵᠦᠯᠧᠰ ᠷᠢᠮᠧᠲ ᠴᠣᠮᠣ︾ ᠭᠡᠵᠦ ᠨᠡᠷᠡᠯᠡᠬᠦ ᠪᠣᠯᠣᠭᠰᠠᠨ ᠶᠤᠮ᠃ ᠮᠥᠨ ᠲᠤᠬᠠᠢ ᠶᠢᠨ ᠦᠶ᠎ᠡ ᠳᠤ ᠶᠠᠮᠠᠷ ᠨᠢᠭᠡᠨ ᠤᠯᠤᠰ ᠭᠤᠷᠪᠠ ᠤᠳᠠᠭ᠎ᠠ ᠳᠡᠯᠡᠬᠡᠢ ᠶᠢᠨ ᠠᠪᠤᠷᠭᠤ ᠪᠣᠯᠪᠠᠯ ᠡᠨᠡ ᠴᠣᠮᠣ ᠶᠢ ᠥᠨᠢᠳᠡ ᠥᠮᠴᠢᠯᠡᠬᠦ ᠡᠷᠬᠡ ᠎ ᠲᠠᠢ ᠭᠡᠰᠡᠨ ᠳᠦᠷᠢᠮ ᠲᠣᠭᠲᠠᠭᠠᠯ ᠲᠠᠢ ᠪᠠᠶᠢᠵᠠᠢ᠃ 1970 ᠣᠨ ᠳᠤ ᠪᠷᠠᠽᠢᠯ ᠭᠤᠷᠪᠠᠳᠠᠭᠢ ᠤᠳᠠᠭ᠎ᠠ ᠪᠠᠨ ᠠᠪᠤᠷᠭᠤ ᠪᠣᠯᠵᠤ ᠡᠨᠡ ᠪᠣᠯᠵᠣᠯ ᠢ ᠬᠠᠩᠭᠠᠭᠰᠠᠨ ᠢᠶᠠᠷ ︽ᠢᠯᠠᠯᠲᠠ ᠶᠢᠨ ᠴᠣᠮᠣ︾ ᠪᠤᠶᠤ ︽ᠵᠦᠯᠧᠰ ᠷᠢᠮᠧᠲ ᠴᠣᠮᠣ ︾᠎ ᠶᠢ ᠥᠨᠢᠳᠡ ᠥᠮᠴᠢᠯᠡᠬᠦ ᠪᠣᠯᠣᠭᠰᠠᠨ ᠶᠤᠮ᠃ ᠬᠠᠷᠠᠮᠰᠠᠯᠲᠠᠢ ᠨᠢ᠂ 1983 ᠣᠨ ᠳᠤ ᠬᠤᠯᠠᠭᠠᠢ ᠳᠤ ᠠᠯᠳᠠᠵᠤ᠂ ᠡᠷᠢᠵᠦ ᠮᠥᠷᠳᠡᠭᠰᠡᠨ ᠬᠡᠳᠦᠢ ᠴᠦ ᠣᠯᠣᠭᠰᠠᠨ ᠦᠭᠡᠢ ᠶᠤᠮ᠃     ︽ᠢᠯᠠᠯᠲᠠ ᠶᠢᠨ ᠴᠣᠮᠣ︾᠎ ᠶᠢ ᠪᠷᠠᠽᠢᠯ ᠥᠨᠢᠳᠡ ᠥᠮᠴᠢᠯᠡᠭᠰᠡᠨ ᠢᠶᠠᠷ ᠰᠢᠨ᠎ᠡ ᠴᠣᠮᠣ ᠬᠢᠬᠦ ᠱᠠᠭᠠᠷᠳᠠᠯᠭ᠎ᠠ ᠲᠠᠢ ᠪᠣᠯᠵᠤ᠂ 7 ᠤᠯᠤᠰ ᠤᠨ 53 ᠪᠦᠲᠦᠭᠡᠯ ᠳᠤᠮᠳᠠ ᠠᠴᠠ ᠰᠢᠭᠰᠢᠵᠦ ᠭᠠᠷᠭᠠᠭᠰᠠᠨ ᠨᠢ ᠥᠨᠥ ᠶᠢᠨ ᠲᠠ ᠪᠢᠳᠠᠨ ᠤ ᠬᠠᠷᠠᠵᠤ ᠪᠠᠶᠢᠭ᠎ᠠ ︽ᠳᠡᠯᠡᠬᠡᠢ ᠶᠢᠨ ᠠᠪᠤᠷᠭᠤ ᠶᠢᠨ ᠴᠣᠮᠣ︾ ᠪᠠᠶᠢᠭ᠎ᠠ ᠶᠤᠮ᠃ ᠮᠥᠨ ᠣᠯᠠᠨ ᠤᠯᠤᠰ ᠤᠨ ᠬᠥᠯ ᠪᠥᠮᠪᠦᠭᠡ ᠶᠢᠨ ᠬᠤᠯᠪᠣᠭᠠᠨ ᠠᠴᠠ ᠡᠨᠡ ᠴᠣᠮᠣ ᠶᠢ ᠬᠡᠳᠦ ᠤᠳᠠᠭ᠎ᠠ ᠠᠪᠤᠷᠭᠤ ᠪᠣᠯᠣᠭᠰᠠᠨ ᠴᠦ ᠶᠠᠮᠠᠷ ᠨᠢᠭᠡᠨ ᠤᠯᠤᠰ ᠎ ᠲᠤ ᠥᠮᠴᠢᠯᠡᠭᠦᠯᠬᠦ ᠦᠭᠡᠢ ᠭᠡᠵᠦ ᠲᠣᠭᠲᠠᠭᠠᠭᠰᠠᠨ ᠪᠠᠶᠢᠨ᠎ᠠ᠃ 1974 ᠣᠨ ᠠᠴᠠ ᠠᠪᠤᠷᠭᠤ ᠪᠣᠯᠣᠭᠰᠠᠨ ᠤᠯᠤᠰ ᠎ ᠤᠨ ᠨᠡᠷ᠎ᠡ ᠶᠢ ᠴᠣᠮᠣ ᠶᠢᠨ ᠢᠷᠤᠭᠠᠷ ᠲᠤᠨᠢ ᠰᠡᠶᠢᠯᠵᠦ ᠲᠠᠯᠪᠢᠬᠤ ᠪᠣᠯᠣᠭᠰᠠᠨ ᠪᠥᠭᠡᠳ 1974 ᠣᠨ ᠠᠴᠠ 2038 ᠣᠨ ᠪᠣᠯᠲᠠᠯᠠᠬᠢ 17 ᠤᠳᠠᠭᠠᠨ ᠤ ᠠᠪᠤᠷᠭᠤ ᠶᠢᠨ ᠨᠡᠷ᠎ᠡ ᠶᠢ ᠪᠠᠭᠲᠠᠭᠠᠨ ᠰᠡᠶᠢᠯᠵᠦ ᠴᠢᠳᠠᠬᠤ ᠶᠤᠮ ᠪᠠᠶᠢᠨ᠎ᠠ᠃ ᠬᠠᠷᠢᠨ ᠲᠡᠭᠦᠨ ᠠᠴᠠ ᠴᠠᠭᠠᠰᠢ ᠶᠠᠭᠠᠬᠢᠬᠤ ᠨᠢ ᠣᠳᠣ ᠪᠠᠷ ᠪᠠᠰᠠ ᠲᠣᠳᠣᠷᠬᠠᠢ ᠦᠭᠡᠢ ᠪᠠᠶᠢᠭᠰᠠᠭᠠᠷ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号