ᠬᠤᠩᠭᠤᠷ ᠨᠤᠲᠤᠭ ᠤᠨ ᠵᠠᠯᠠᠭᠤ ᠪᠥᠬᠡᠴᠢᠨ ᠰᠠᠷᠠᠨᠰᠦ᠋ᠬᠡ
ᠨᠡᠶᠢᠲᠡᠯᠡᠭᠰᠡᠨ ᠴᠠᠭ᠄
2022/11/16
    ᠵᠡᠭᠦᠨ ᠦᠵᠦᠮᠦᠴᠢᠨ ᠬᠤᠰᠢᠭᠤ ᠭᠡᠵᠤ ᠮᠤᠩᠭᠤᠯ ᠪᠥᠬᠡ ᠶᠢᠨ ᠳᠠᠭᠱᠢᠨ ᠤᠷᠤᠨ᠂ ᠪᠥᠬᠡ ᠶᠢᠨ ᠦᠯᠦᠭᠡᠢ ᠭᠡᠮᠨᠨ ᠠᠯᠳᠠᠷ ᠨᠡᠷ᠎ᠡ ᠪᠠᠨ ᠲᠠᠶᠠᠩ ᠤᠨ ᠰᠤᠨᠤᠷ ᠲᠤ ᠳᠠᠭᠤᠷᠢᠰᠤᠭᠤᠯᠤᠭᠰᠠᠨ ᠰᠠᠶᠢᠬᠠᠨ ᠨᠤᠳᠤᠭ ᠶᠤᠮ᠃ ᠡᠨᠡ ᠨᠤᠲᠤᠭ ᠤᠨ ᠡᠪᠡᠰᠤ ᠤᠷᠭᠤᠮᠠᠯ ᠨᠢ ᠰᠠᠬᠤᠯᠢᠭ᠂ ᠦᠷᠡᠵᠢᠯᠲᠤ ᠰᠦᠷᠦᠭ ᠨᠢ ᠵᠤᠵᠠᠭᠠᠨ᠂ ᠤᠰᠤ ᠨᠢ ᠲᠤᠩᠭᠠᠯᠠᠭ ᠪᠤᠯᠬᠤᠷ ᠬᠦᠦᠴᠤᠳ ᠨᠢ ᠬᠦᠴᠤ ᠳᠤᠷᠪᠢᠲᠠᠢ ᠲᠦᠷᠤᠳᠡᠭ ᠪᠠᠶᠢᠵᠠᠢ᠃     ᠦᠵᠤᠮᠤᠴᠢᠨ ᠨᠤᠳᠤᠭ ᠲᠤ ᠡᠷᠲᠡ ᠳᠡᠭᠡᠳᠤ ᠦᠶ᠎ᠡ ᠠᠴᠠ ᠪᠠᠨ ᠠᠪᠤᠭᠠᠳ ᠤᠳᠤ ᠳᠤ ᠬᠦᠷᠲᠡᠯ᠎ᠡ ᠠᠯᠳᠠᠷ ᠨᠡᠷ᠎ᠡ ᠲᠠᠢ ᠠᠪᠤᠷᠭᠤ ᠪᠦᠬᠡᠴᠢᠳ ᠲᠦᠷᠤᠵᠤ᠂ ᠤᠯᠤᠰ ᠤᠷᠤᠨ ᠤ ᠲᠠᠮᠢᠷ ᠤᠨ ᠳᠡᠪᠴᠠᠩ ᠳᠤ ᠠᠯᠳᠠᠷ ᠨᠡᠷ᠎ᠡ ᠪᠠᠨ ᠲᠠᠭᠤᠷᠢᠰᠤᠭᠤᠯᠵᠦ ᠶᠠᠪᠤᠭᠰᠠᠨ ᠲᠡᠤᠬᠡ ᠲᠠᠢ ᠪᠢᠯᠡ᠃ ᠡᠨᠡ ᠨᠤᠲᠤᠭ ᠲᠤ ᠦᠶ᠎ᠡ ᠵᠠᠯᠭᠠᠨ ᠡᠷ᠎ᠡ ᠶᠢᠨ ᠬᠡᠶᠢᠮᠤᠷᠢ ᠪᠠᠨ ᠡᠷᠭᠦᠨ᠂ ᠨᠤᠭᠤᠭᠠᠨ ᠲᠠᠯ᠎ᠠ ᠶᠢᠨ ᠢᠶᠠᠨ ᠲᠤᠷᠭᠠᠨ ᠬᠦᠷᠤᠰᠤᠨ ᠳᠡᠭᠡᠷ᠎ᠡ ᠨᠠᠶᠢᠷ ᠨᠠᠭᠠᠳᠤᠮ ᠤᠨ ᠲᠡᠪᠵᠢᠶᠡᠨ ᠳᠤ ᠨᠡᠷ᠎ᠡ ᠴᠤᠤ ᠲᠠᠢ ᠶᠠᠪᠤᠭ᠎ᠠ ᠠᠪᠤᠷᠭᠤᠴᠤᠳ ᠮᠤᠩ ᠦᠭᠡᠢ ᠤᠯᠠᠨ ᠭᠠᠷᠤᠭᠰᠠᠨ ᠰᠠᠨ᠃     ᠤᠯᠤᠰ ᠪᠠᠶᠢᠭᠤᠯᠤᠭᠳᠠᠭᠰᠠᠨ ᠠᠴᠠ ᠨᠠᠭᠠᠰᠢ ᠠᠯᠳᠠᠷᠲᠤ ᠪᠥᠬᠡ ᠡᠷᠬᠢᠮᠪᠡᠲᠤ᠂ ᠦᠨᠳᠤᠷ ᠰᠤᠳᠨᠡᠮ᠂ ᠮᠢ᠊ · ᠭᠸᠡᠭᠳᠦᠨ᠂ ᠪᠠᠨᠽᠠᠷ᠂ ᠠᠪᠤᠷᠭᠤ ᠴᠠᠭᠠᠨᠵᠠᠭᠠᠨ᠂ ᠬᠠᠳᠠ᠂ ᠪᠠᠳᠤᠰᠦ᠋ᠬᠡ᠂ ᠪᠠᠶᠠᠷᠪᠠᠭᠠᠲᠤᠷ᠂ ᠪᠠᠲᠤᠵᠢᠷᠭᠠᠯ ᠭᠡᠳ ᠤᠯᠠᠨ ᠤ ᠪᠠᠨ ᠳᠤᠮᠳᠠ ᠤᠳᠤ ᠪᠤᠯᠵᠤ ᠭᠢᠯᠠᠯᠵᠠᠨ᠂ ᠰᠤᠳᠤ ᠪᠤᠯᠵᠤ ᠶᠠᠪᠤᠭᠰᠠᠨ ᠡᠳᠡᠭᠡᠷ ᠤᠯᠠᠨ ᠠᠪᠤᠷᠭᠤᠴᠤᠳ ᠤᠨ ᠠᠯᠢ ᠶᠢ ᠨᠢ ᠲᠤᠭᠠᠴᠢᠭᠠᠳ ᠪᠠᠷᠠᠬᠤ ᠪᠢᠯᠡ᠃     ᠲᠡᠭᠡᠪᠡᠯ ᠡᠨᠡ ᠨᠤᠲᠤᠭ ᠤᠨ ᠰᠢᠨ᠎ᠡ ᠪᠠᠷ ᠴᠤᠯᠭᠤᠷᠠᠵᠤ ᠶᠠᠪᠤᠭ᠎ᠠ ᠵᠠᠯᠠᠭᠤ ᠪᠥᠬᠡ ᠰᠠᠷᠠᠨᠰᠦ᠋ᠬᠡ ᠭᠡᠵᠤ ᠤᠶᠢᠷ᠎ᠠ ᠶᠢᠨ ᠬᠡᠳᠦᠨ ᠵᠢᠯ ᠠᠴᠠ ᠨᠠᠶᠢᠷ ᠤᠨ ᠳᠡᠪᠵᠢᠶᠡᠨ ᠳᠤ ᠤᠳᠤ ᠲᠠᠢ ᠰᠠᠶᠢᠨ ᠪᠠᠷᠢᠯᠳᠤᠵᠤ ᠪᠠᠶᠢᠭ᠎ᠠ ᠵᠠᠯᠠᠭᠤ ᠪᠥᠬᠡ ᠶᠢᠨ ᠨᠢᠭᠡ ᠪᠢᠯᠡ᠃     ᠰᠠᠷᠠᠨᠰᠦ᠋ᠬᠡ 1993 ᠤᠨ ᠳᠤ ᠤᠳᠤ ᠶᠢᠨ ᠵᠡᠭᠦᠨ ᠦᠵᠦᠮᠦᠴᠢᠨ ᠬᠤᠰᠢᠭᠤᠨ ᠤ ᠡᠵᠢᠨᠠᠭᠤᠷ ᠪᠠᠯᠭᠠᠰᠤᠨ ᠤ ︵ᠤᠤᠯ ᠤᠨ ᠡᠬᠡᠪᠤᠯᠠᠭ︶ ᠬᠤᠩᠭᠤᠷ ᠨᠤᠲᠤᠭ ᠤᠨ ᠤᠤᠭᠠᠯ ᠮᠠᠯᠴᠢᠨ ᠪᠢᠯᠢᠭᠲᠦ᠂ ᠬᠤᠸᠠᠷ ᠬᠤᠶᠠᠷ ᠤᠨ ᠤᠳᠬᠤᠨ ᠬᠦᠦ ᠨᠢ ᠪᠤᠯᠵᠤ ᠡᠵᠢ ᠶᠢᠨ ᠭᠡᠰᠢᠭ ᠲᠠᠢ ᠥᠭᠭᠢᠶᠡᠮᠦᠷ ᠰᠠᠶᠢᠬᠠᠨ ᠡᠨᠡ ᠨᠤᠲᠤᠭ ᠲᠤ ᠡᠯᠢᠭᠡᠳᠡᠵᠦ ᠤᠨᠠᠨ᠂ ᠡᠷ᠎ᠡ ᠶᠢᠨ ᠴᠢᠩᠭᠠᠬᠠᠨ ᠲᠠᠭᠤ ᠪᠠᠨ ᠡᠷᠭᠦᠵᠦ᠂ ᠬᠦᠮᠦᠨ ᠤ ᠤᠷᠴᠢᠯᠠᠩ ᠳᠤ ᠲᠤᠭ᠎ᠠ ᠨᠢᠭᠡ ᠶᠢ ᠨᠡᠮᠡᠵᠦ᠂ ᠠᠪᠤ ᠡᠵᠢ ᠪᠠᠨ ᠪᠠᠶᠠᠰᠬᠠᠭᠰᠠᠨ ᠠᠮᠢᠨ ᠡᠷᠳᠡᠨᠢ ᠨᠢ ᠪᠤᠯᠵᠤ ᠵᠠᠶᠠᠭᠠᠭᠰᠠᠨ ᠪᠠᠶᠢᠨ᠎ᠠ᠃     ᠰᠠᠷᠠᠨᠰᠦ᠋ᠬᠡ ᠪᠥᠬᠡ ᠶᠢᠨ ᠠᠰᠤᠷᠤ ᠶᠡᠭᠡ ᠤᠳᠤᠮ ᠰᠤᠳᠤᠷ ᠦᠭᠡᠢ ᠴᠤ ︽ᠨᠠᠶᠢᠷ ᠲᠤ ᠭᠤᠷᠪᠠᠨ ᠳᠠᠭᠤᠤ ᠲᠠᠢ᠂ ᠨᠠᠭᠠᠳᠤᠮ ᠳᠤ ᠭᠤᠷᠪᠠᠨ ᠳᠠᠪᠠᠭ᠎ᠠ ᠲᠠᠢ︾ ᠭᠡᠳᠡᠭᠴᠢᠯᠡᠨ ᠲᠡᠬᠦᠨ ᠤ ᠠᠪᠤ ᠪᠤᠯᠤᠨ ᠠᠪᠠᠭ᠎ᠠ ᠨᠠᠷ ᠨᠢ ᠶᠡᠷᠤ ᠳᠤ ᠪᠠᠨ ᠨᠤᠳᠤᠭ ᠤᠨ ᠨᠤᠭᠤᠭᠠᠨ ᠬᠦᠷᠤᠰᠤᠨ ᠳᠡᠭᠡᠷ᠎ᠡ ᠨᠠᠶᠢᠷ ᠤᠨ ᠲᠤᠷᠭᠠᠨ ᠲᠡᠪᠵᠢᠶᠡᠨ ᠳᠤ ︽ᠲᠤᠭᠠᠲᠤ ᠪᠥᠬᠡ ᠶᠢᠨ ᠲᠤᠭᠠᠨ ᠳᠤ ᠤᠷᠤᠵᠤ᠂ ᠲᠤᠪᠤᠷᠤᠤᠲᠤ ᠵᠤᠳᠤᠭ ᠤᠨ ᠰᠠᠡᠴᠢᠭ ᠰᠢᠭᠦᠷᠴᠤ︾ ᠶᠠᠪᠤᠬᠤ ᠳᠤ ᠪᠠᠨ ᠭᠤᠷᠪᠠ ᠶᠢᠨ ᠳᠠᠪᠠᠭ᠎ᠠ ᠶᠢ ᠡᠷᠬᠢᠴᠡᠳᠡᠭ ᠪᠥᠬᠡ ᠳᠤ ᠬᠤᠷᠤᠬᠠᠢ ᠲᠠᠢ ᠮᠤᠷᠢᠨ ᠳᠤ ᠬᠢᠷᠠᠬᠠᠢ ᠤᠯᠤᠰ ᠶᠤᠮ᠃     ᠰᠠᠷᠠᠨᠰᠦ᠋ᠬᠡ ᠬᠡᠳᠦ᠋ᠢᠪᠡᠷ ᠪᠡᠶ᠎ᠡ ᠪᠢᠯᠳᠠᠷ ᠪᠠᠭ᠎ᠠ ᠪᠣᠯᠪᠠᠴᠤ ᠬᠠᠷᠠᠬᠠᠨ ᠪᠠᠭ᠎ᠠ ᠠᠴᠠ ᠪᠠᠨ ᠬᠤᠷᠠᠭ᠎ᠠ ᠲᠤᠭᠤᠯ ᠲᠠᠢ ᠨᠤᠴᠤᠯᠳᠤᠵᠤ᠂ 15 ᠬᠦᠷᠦᠮᠡᠭᠴᠡ ᠪᠠᠨ ᠠᠳᠤᠭᠤ ᠮᠠᠯ᠂ ᠡᠮᠨᠢᠭ ᠳᠤᠭᠰᠢᠨ ᠰᠤᠷᠭᠠᠵᠤ ᠶᠠᠪᠤᠭᠰᠠᠨ ᠢᠶᠠᠷ ᠭᠠᠷ᠂ ᠬᠥᠯ ᠳᠤ ᠨᠢ ᠢᠳᠡ ᠬᠦᠴᠦ ᠰᠠᠭᠤᠵᠤ᠂ ᠪᠤᠰᠢᠭᠤ ᠱᠠᠯᠠᠮᠠᠭᠠᠢ ᠤᠮᠤᠭᠯᠠᠩ ᠪᠠᠷᠢᠯᠳᠤᠳᠠᠭ ᠪᠠᠶᠢᠪᠠ᠃ ᠰᠠᠷᠠᠨᠰᠦ᠋ᠬᠡ ᠵᠥᠪ ᠰᠤᠯᠤᠭᠠᠢ ᠬᠤᠶᠠᠷ ᠲᠠᠯ᠎ᠠ ᠪᠠᠷ ᠪᠦᠷ ᠪᠠᠷᠢᠯᠳᠤᠵᠤ ᠴᠢᠳᠠᠳᠠᠭ ᠠᠴᠠ ᠶᠠᠮᠠᠷ ᠲᠠᠯ᠎ᠠ ᠶᠢᠨ ᠪᠠᠷᠢᠯᠳᠤᠯᠭ᠎ᠠ ᠲᠠᠢ ᠪᠥᠬᠡ ᠠᠴᠠ ᠴᠦ ᠠᠶᠦᠵᠤ ᠰᠦᠷᠲᠡᠯ ᠦᠭᠡᠢ ᠤᠷᠤᠳᠠᠭ ᠪᠠᠶᠢᠨ᠎ᠠ᠃ ᠲᠡᠭᠦᠨ ᠤ ᠠᠮᠢᠯᠠᠭᠰᠠᠨ ᠬᠢᠴᠡ ᠨᠢ ︽ᠬᠤᠶᠠᠷ ᠲᠠᠯ᠎ᠠ ᠶᠢᠨ ᠴᠤᠬᠢᠶ᠎ᠠ︾ ᠪᠠᠶᠢᠵᠤ᠂ ᠬᠤᠶᠠᠷ ᠲᠠᠯ᠎ᠡ ᠶᠢᠨ ᠵᠠᠶᠢᠯᠠᠭ᠎ᠠ ᠠᠴᠠ ᠭᠠᠳᠠᠨ᠎ᠡ ᠭᠠᠨᠵᠤᠭᠠᠯᠠᠭ᠎ᠠ᠂ ᠬᠠᠰᠢᠶ᠎ᠠ ᠵᠡᠷᠭᠡ ᠮᠡᠭᠡ ᠶᠢ ᠳᠠᠳᠮᠠᠭᠠᠢ ᠬᠡᠷᠡᠭᠯᠡᠳᠡᠭ ᠪᠢᠯᠡ᠃     ᠰᠠᠷᠠᠨᠰᠦ᠋ᠬᠡ 2006 ᠤᠨ ᠳᠤ ᠬᠠᠮᠤᠭ ᠤᠨ ᠠᠩᠬ᠎ᠠ ᠰᠢᠯᠢ ᠶᠢᠨ ᠭᠤᠤᠯ ᠠᠶᠢᠮᠠᠭ ᠤᠨ ︽ᠪᠤᠷᠬᠠᠨ ᠬᠠᠯᠳᠤᠨ︾ ᠪᠦᠬᠡ ᠶᠢᠨ ᠺᠯᠦ᠋ᠪ ᠲᠤ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠨᠠᠭᠤᠷ ᠢᠶᠠᠷ ᠨᠤᠲᠤᠭ ᠲᠠᠢ ᠨᠢᠭᠡ ᠦᠶ᠎ᠡ ᠶᠢᠨ ᠨᠡᠷᠡᠲᠤ ᠪᠦᠬᠡ ᠴᠠᠬᠢᠯᠭᠠᠨ ᠪᠦᠬᠡ ᠶᠢᠨ ᠭᠠᠷ ᠳᠤᠤᠷ᠎ᠠ 2 ᠰᠠᠷ᠎ᠠ ᠢᠯᠡᠭᠦᠦ ᠪᠡᠯᠡᠳᠬᠡᠯ ᠰᠤᠷᠢᠶ᠎ᠠ ᠬᠢᠭᠰᠡᠨ ᠢᠶᠠᠨ ᠰᠡᠭᠦᠯ ᠢᠶᠠᠷ ᠨᠢ ᠵᠡᠭᠦᠨ ᠦᠵᠦᠮᠦᠴᠢᠨ ᠬᠤᠰᠢᠭᠤᠨ ᠳᠤ ᠪᠠᠨ ᠬᠦᠷᠴᠦ ᠠᠪᠤᠷᠭᠤ ᠪᠠᠲᠦᠰᠦ᠋ᠬᠡ᠂ ᠰᠠᠮᠠᠢ ᠶᠢᠨ ᠪᠠᠲᠦ᠂ ᠲᠡᠪᠰᠢᠯᠲᠤ ᠵᠡᠷᠭᠡ ᠭᠤᠷᠪᠠᠨ ᠪᠠᠭᠰᠢ ᠳᠤ ᠱᠠᠪᠢᠯᠠᠵᠤ᠂ ᠬᠠᠲᠠᠭᠤ ᠴᠢᠩᠭ᠎ᠠ ᠰᠤᠷᠢᠶ᠎ᠠ ᠪᠤᠯᠪᠠᠰᠤᠷᠠᠯ ᠬᠦᠷᠲᠡᠵᠦ᠂ ᠪᠦᠬᠡ ᠪᠤᠯᠬᠤ ᠠᠩᠬᠠᠨ ᠤ ᠠᠯᠬᠤᠮ ᠢᠶᠠᠨ ᠡᠬᠢᠯᠡᠭᠰᠡᠨ ᠪᠢᠯᠡ᠃     ᠠᠯᠳᠠᠷᠲᠤ ᠪᠦᠬᠡ ᠪᠠᠨᠽᠠᠷ ᠭᠡᠵᠦ ᠶᠡᠭᠡ ᠵᠥᠩᠴᠢ ᠬᠦᠮᠦᠨ᠂ ᠪᠦᠬᠡ ᠶᠢᠨ ᠲᠠᠯ᠎ᠠ ᠪᠠᠷ ᠨᠢᠳᠤ ᠬᠢᠷᠠᠬᠠᠢ ᠬᠦᠮᠦᠨ ᠪᠠᠶᠢᠵᠤ᠂ ᠵᠠᠯᠠᠭᠤ ᠪᠠᠭ᠎ᠠ ᠨᠠᠰᠤᠨ ᠤ ᠰᠠᠷᠠᠨᠰᠦ᠋ᠬᠡ ᠶᠢ ᠶᠡᠭᠡ ᠲᠤᠭᠤᠵᠤ ︽ᠡᠨᠡ ᠬᠡᠦᠬᠡᠳ ᠢ ᠰᠠᠶᠢᠬᠠᠨ ᠳᠤᠳᠤᠮᠳᠠᠵᠤ ᠴᠢᠳᠠᠪᠠᠯ ᠬᠤᠵᠢᠮ ᠬᠠᠷᠢᠨ ᠨᠢᠭᠡ ᠰᠠᠶᠢᠨ ᠪᠥᠬᠡ ᠪᠤᠯᠬᠤ ᠶᠤᠮ ᠰᠢᠦ︾ ᠭᠡᠵᠤ ᠬᠡᠯᠡᠯ᠎ᠡ ᠭᠡᠳᠡᠭ᠃ ᠲᠡᠷᠡ ᠪᠠᠰᠠ ᠠᠷᠪᠠᠨ ᠭᠡᠳᠤᠳᠡᠢ ᠵᠢᠯ ᠨᠢ ᠰᠠᠷᠠᠨᠰᠦ᠋ᠬᠡ ᠶᠢ ᠬᠡᠳᠦᠨ ᠵᠠᠯᠠᠭᠤᠴᠤᠳ ᠲᠠᠢ ᠪᠠᠷᠢᠯᠳᠤᠭᠤᠯᠵᠤ ᠦᠵᠡᠭᠡᠳ᠄ ︽ᠴᠢᠨᠤ ᠡᠨᠡ ᠴᠤᠬᠢᠶ᠎ᠠ ᠴᠢᠨᠢ ᠤᠷᠭᠤᠭ᠎ᠠ ᠡᠷᠳᠡᠮ ᠪᠤᠯᠤᠨ᠎ᠡ ᠰᠢᠤ︾ ᠭᠡᠵᠤ ᠤᠴᠢᠷᠲᠠᠶᠢᠬᠠᠨ ᠬᠡᠯᠡᠭᠰᠡᠨ ᠭᠡᠨ᠎ᠡ᠃ ᠪᠠᠨᠽᠠᠷ ᠤᠨ ᠬᠡᠯᠡᠭᠰᠡᠨ ᠠᠴᠠ ᠭᠠᠷᠤᠭᠰᠠᠨ ᠦᠭᠡᠢ᠃ ᠬᠡᠳᠤ ᠤᠳᠠᠭ᠎ᠠ ᠶᠢᠨ ᠨᠠᠶᠢᠷ ᠲᠤ ᠰᠠᠷᠠᠨᠰᠦ᠋ᠬᠡ ᠶᠢᠨ ᠴᠤᠬᠢᠶ᠎ᠠ ᠮᠡᠷᠭᠡᠵᠢᠯ ᠨᠢ ᠨᠡᠯᠢᠶᠡᠳ ᠪᠤᠯᠪᠠᠰᠤᠷᠠᠩᠭᠤᠢ ᠪᠤᠯᠤᠭᠰᠠᠨ ᠨᠢ ᠨᠠᠭᠠᠳᠤᠮᠴᠢᠳ ᠤᠨ ᠠᠩᠬᠠᠷᠤᠯ ᠢ ᠲᠠᠲᠠᠵᠤ ᠪᠠᠶᠢᠯ᠎ᠠ᠃     ᠰᠠᠷᠠᠨᠰᠦ᠋ᠬᠡ 2013 ᠤᠨ ᠳᠤ ᠰᠢᠯᠢ ᠶᠢᠨ ᠭᠤᠣᠯ ᠠᠶᠢᠮᠠᠭ ᠤᠨ ᠴᠣᠯᠠ ᠣᠯᠭᠤᠬᠤ ᠨᠠᠶᠢᠷ ᠢᠶᠠᠷ ᠠᠶᠢᠮᠠᠭ ᠤᠨ ︽ᠬᠠᠷᠴᠠᠭᠠᠢ︾ ᠴᠣᠯᠠ ᠭᠦ᠋ᠷᠳᠡᠵᠦ᠂ 2014 ᠤᠨ ᠳᠤ ᠴᠣᠯᠠ ᠪᠠᠨ ᠲᠠᠪᠲᠠᠵᠤ᠂ 2020 ᠤᠨ ᠳᠤ ᠰᠢᠯᠤᠭᠤᠨ ᠬᠥᠬᠡ ᠬᠤᠰᠢᠭᠤᠨ ᠳᠤ ᠶᠠᠪᠤᠭᠳᠠᠭᠰᠠᠨ 15 ᠳ᠋ᠤᠭᠠᠷ ᠤᠳᠠᠭᠠᠨ ᠤ ᠰᠢᠯᠢ ᠶᠢᠨ ᠭᠤᠣᠯ ᠠᠶᠢᠮᠠᠭ ᠤᠨ ᠴᠣᠯᠠ ᠤᠯᠭᠤᠬᠤ ᠨᠠᠶᠢᠷ ᠢᠶᠠᠷ ᠤᠤᠯ ᠤᠨ ᠴᠣᠯᠠ ᠪᠠᠨ ᠠᠬᠢᠭᠤᠯᠵᠤ ︽ᠵᠠᠭᠠᠨ︾ ᠴᠣᠯᠠ ᠳᠤ ᠬᠦᠷᠦᠭᠰᠡᠨ ᠪᠠᠶᠢᠨ᠎ᠡ᠃ 2013 ᠤᠨ ᠳᠤ ᠵᠡᠭᠦᠨ ᠦᠵᠤᠮᠤᠴᠢᠨ ᠬᠤᠰᠢᠭᠤᠨ ᠳᠤ ᠪᠤᠯᠤᠭᠰᠠᠨ ᠰᠢᠯᠢ ᠶᠢᠨ ᠭᠤᠣᠯ ᠠᠶᠢᠮᠠᠭ ᠤᠨ ᠵᠠᠩᠭᠢᠶᠠᠲᠤ ᠪᠥᠬᠡ ᠶᠢᠨ ᠨᠠᠶᠢᠷ ᠤᠨ ᠵᠠᠯᠠᠭᠤᠴᠤᠳ ᠪᠠᠭᠠᠴᠤᠳ ᠤᠨ 256 ᠪᠥᠬᠡ ᠶᠢᠨ ᠪᠠᠷᠢᠯᠳᠤᠭᠠᠨ ᠳᠤ ᠪᠠᠷᠠᠭᠤᠨ ᠦᠵᠤᠮᠤᠴᠢᠨ ᠬᠤᠰᠢᠭᠤᠨ ᠤ ᠵᠠᠯᠠᠭᠤ ᠰᠦᠯᠳᠡ ᠳᠤ ᠡᠪᠦᠳᠦᠭ ᠰᠢᠷᠦ᠋ᠢᠲᠤᠵᠤ ᠳᠡᠳ᠋ᠯᠡᠭᠰᠡᠨ ᠪᠠᠶᠢᠨ᠎ᠠ᠃ ᠮᠥᠨ 2013 ᠤᠨ ᠤ 5 ᠰᠠᠷ᠎ᠠ ᠳᠤ ᠰᠢᠯᠢ ᠶᠢᠨ ᠬᠤᠳᠠ ᠳᠤ ᠪᠤᠯᠤᠭᠰᠠᠨ ᠰᠢᠯᠢ ᠶᠢᠨ ᠭᠤᠣᠯ ᠠᠶᠢᠮᠠᠭ ᠤᠨ ︽ᠺᠯᠦ᠋ᠪ︾ ᠬᠤᠨᠳᠠᠭᠠᠲᠤ ᠮᠤᠩᠭᠤᠯ ᠪᠦᠬᠡ ᠶᠢᠨ ᠨᠠᠶᠢᠷ ᠤᠨ 256 ᠪᠦᠬᠡ ᠶᠢᠨ ᠪᠠᠷᠢᠯᠳᠤᠭᠠᠨ ᠳᠤ ᠮᠤᠩᠭᠤᠯ ᠤᠯᠤᠰ ᠤᠨ ᠬᠠᠷᠴᠠᠭᠠᠢ ᠴᠤᠯᠠᠲᠠᠨ ᠤᠶᠤᠨᠪᠤᠯᠤᠳ ᠲᠠᠢ ᠲᠡᠷᠢᠭᠦᠨ ᠳᠡᠳ᠋ ᠤᠨ ᠪᠠᠷᠢᠯᠳᠤᠭᠠᠨ ᠳᠤ ᠤᠶᠦᠨᠪᠤᠯᠤᠳ ᠲᠤ ᠡᠪᠦᠳᠦᠭ ᠰᠢᠷᠦ᠋ᠢᠲᠤᠨ ᠳᠡᠳ᠋ᠯᠡᠵᠤ ᠪᠠᠶᠢᠭᠰᠠᠨ᠃ 2014 ᠤᠨ ᠳᠤ ᠰᠢᠯᠢ ᠶᠢᠨ ᠬᠤᠳᠠ ᠳᠤ ᠶᠠᠪᠤᠭᠳᠠᠭᠰᠠᠨ ᠰᠢᠯᠢ ᠶᠢᠨ ᠭᠤᠣᠯ ᠠᠶᠢᠮᠠᠭ ᠤᠨ ︽ᠺᠯᠦ᠋ᠪ ᠬᠤᠨᠳᠠᠭᠠᠲᠤ︾ ᠵᠠᠯᠠᠭᠤᠴᠤᠳ ᠤᠨ ᠮᠤᠩᠭᠤᠯ ᠪᠦᠬᠡ ᠶᠢᠨ 256 ᠪᠦᠬᠡ ᠶᠢᠨ ᠪᠠᠷᠢᠯᠳᠤᠭᠠᠨ ᠤ ᠲᠡᠷᠢᠭᠦᠨ ᠳᠡᠳ᠋ ᠲᠤ ᠠᠪᠠᠭ᠎ᠠ ᠬᠤᠰᠢᠭᠤᠨ ᠤ ᠠᠮᠢᠨᠪᠥ᠋ᠬᠡ ᠶᠢ ᠬᠠᠶᠠᠵᠤ ᠲᠡᠷᠢᠭᠦᠯᠡᠨ᠂ ᠲᠤᠰ ᠵᠢᠯ ᠳᠤ ᠨᠢ ᠵᠡᠭᠦᠨ ᠦᠵᠤᠮᠤᠴᠢᠨ ᠬᠤᠰᠢᠭᠤ ᠠᠴᠠ ᠰᠠᠷᠠᠨᠰᠦ᠋ᠬᠡ ᠳᠤ ᠬᠤᠰᠢᠭᠤ ᠵᠠᠰᠠᠭ ᠤᠨ ᠵᠠᠩᠭᠢᠶ᠎ᠠ ᠤᠯᠭᠤᠵᠤ ᠵᠤᠷᠢᠭ ᠢ ᠨᠢ ᠭᠦᠪᠴᠢᠯᠡᠭᠰᠡᠨ ᠪᠠᠶᠢᠨ᠎ᠠ     2014 ᠤᠨ ᠪᠣᠯ ᠰᠠᠷᠠᠨᠰᠦ᠋ᠬᠡ ᠳᠤ ᠠᠪᠴᠤ ᠬᠡᠯᠡᠪᠡᠯ ᠠᠵᠠ ᠬᠡᠶᠢᠮᠤᠷᠢ ᠳᠤᠬᠢᠶᠠᠯᠳᠤᠭᠰᠠᠨ ᠨᠢᠭᠡ ᠵᠢᠯ ᠪᠢᠯᠡ᠃ ᠲᠡᠷᠡ ᠵᠢᠯ ᠰᠢᠯᠢ ᠶᠢᠨ ᠭᠤᠣᠯ ᠠᠶᠢᠮᠠᠭ ᠢᠶᠠᠨ ᠲᠦᠯᠤᠭᠡᠯᠡᠵᠤ᠂ ᠠᠯᠤᠰ ᠬᠤᠯᠠ ᠶᠢᠨ ᠠᠷᠠᠯᠲᠤ ᠤᠯᠤᠰ ᠶᠠᠫᠤᠨ ᠳᠤ ᠬᠦᠷᠴᠦ ᠮᠤᠩᠭᠤᠯ ᠪᠦᠬᠡ ᠶᠢᠨ ᠦᠵᠡᠭᠦᠯᠭᠡ ᠶᠢᠨ 2 ᠲᠠᠯᠠᠪᠠᠢ ᠤᠷᠤᠯᠳᠤᠭᠠᠨ ᠳᠤ 1 ᠤᠳᠠᠭ᠎ᠠ ᠳᠡᠳ᠋ᠯᠡᠵᠤ᠂ 1 ᠤᠳᠠᠭ᠎ᠠ ᠳᠡᠭᠡᠳᠤ ᠳᠦᠷᠪᠡ ᠳᠤ ᠲᠤᠳᠤᠷᠠᠵᠤ᠂ ᠮᠤᠩᠭᠤᠯ ᠪᠥᠬᠡ ᠶᠢᠨ ᠦᠵᠡᠭᠦᠯᠭᠡ ᠪᠠᠷᠢᠯᠳᠤᠭᠠᠨ ᠳᠤ ᠳᠡᠭᠡᠳᠤ ᠨᠠᠢᠮᠠ ᠳᠤ ᠦᠯᠡᠳᠡᠭᠰᠡᠨ ᠰᠠᠶᠢᠬᠠᠨ ᠳᠤᠷᠠᠳᠬᠠᠯ ᠲᠠᠢ ᠪᠢᠯᠡ᠃ ᠲᠤᠰ ᠵᠢᠯ ᠳᠤ ᠰᠠᠷᠠᠨᠰᠦ᠋ᠬᠡ ᠪᠠᠰᠠ ᠱᠠᠨ ᠰᠢ ᠮᠤᠵᠢ ᠶᠢᠨ ᠱᠸᠡ ᠵᠸᠤ ᠬᠤᠲᠠ ᠳᠤ ᠪᠤᠯᠤᠭᠰᠠᠨ ᠳᠤᠮᠳᠠᠲᠤ ᠮᠠᠶ᠋ᠢᠭ ᠤᠨ ᠪᠦᠬᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠳᠠᠭᠤᠲᠤ ᠶᠢᠨ ᠲᠠᠮᠤᠷ᠂ ᠪᠠᠷᠠᠭᠤᠨ ᠰᠦᠨᠢᠳ ᠤᠨ ᠨᠠᠶᠢᠷᠰᠠᠭ᠂ ᠠᠪᠠᠭ᠎ᠠ ᠶᠢᠨ ᠠᠮᠢᠨᠪᠥ᠋ᠬᠡ ᠵᠡᠷᠭᠡ ᠪᠥᠬᠡᠴᠤᠳ ᠢ ᠢᠯᠠᠵᠤ᠂ ᠨᠢᠭᠡ ᠨᠤᠲᠤᠭ ᠤᠨ ᠪᠥᠬᠡ ᠪᠣᠯᠬᠤ ᠤᠷᠭᠢᠯᠪᠠᠭᠠᠲᠤᠷ ᠲᠤ ᠢᠯᠠᠭᠳᠠᠵᠤ ᠳᠡᠳ᠋ᠯᠡᠭᠡᠳ ᠮᠦᠩᠭᠦᠨ ᠮᠧᠳᠠᠯ ᠭᠠᠷᠳᠠᠵᠤ᠂ ᠳᠤᠮᠳᠠᠳᠤ ᠮᠠᠶ᠋ᠢᠭ ᠤᠨ ᠪᠥᠬᠡ ᠶᠢᠨ ᠠᠪᠤᠷᠭᠤ ᠶᠢᠨ ᠴᠣᠯᠠ ᠬᠦᠷᠳᠡᠭᠰᠡᠨ ᠪᠢᠯᠡ᠃     ᠤᠳᠤᠬᠠᠨ ᠪᠤᠯᠳᠠᠯ᠎ᠠ ᠰᠠᠷᠠᠨᠰᠦ᠋ᠬᠡ 128 ᠪᠦᠬᠡ ᠲᠠᠢ ᠨᠠᠶᠢᠷ ᠤᠨ 7 ᠤᠳᠠᠭ᠎ᠠ ᠶᠢᠨ ᠲᠡᠷᠢᠭᠦᠨ᠂ 256 ᠪᠥᠬᠡ ᠲᠠᠢ ᠨᠠᠶᠢᠷ ᠤᠨ 1 ᠤᠳᠠᠭ᠎ᠠ ᠶᠢᠨ ᠲᠡᠷᠢᠭᠦᠨ᠂ 3 ᠤᠳᠠᠭ᠎ᠠ ᠶᠢᠨ ᠳᠡᠳ᠋᠂ ᠶᠡᠭᠡ ᠪᠠᠭ᠎ᠠ ᠨᠠᠶᠢᠷ ᠨᠠᠭᠠᠳᠤᠮ ᠢᠶᠠᠷ 100 ᠰᠢᠬᠠᠮ ᠲᠡᠷᠢᠭᠦᠯᠡᠵᠤ᠂ ᠨᠠᠶᠢᠷ ᠤᠨ ᠲᠡᠪᠵᠢᠶᠡᠨ᠂ ᠨᠠᠭᠠᠳᠤᠮᠴᠢᠨ ᠤᠯᠠᠨ ᠢᠶᠠᠨ ᠤᠤᠬᠠᠶᠢᠯᠠᠭᠤᠯᠤᠨ ᠦᠵᠤᠮᠤᠴᠢᠨ ᠨᠤᠳᠤᠭ ᠤᠨ ᠢᠶᠠᠨ ᠠᠯᠳᠠᠷ ᠢ ᠨᠡᠶᠢᠭᠡᠮ ᠨᠡᠶᠢᠲᠡ ᠳᠤ ᠡᠷᠭᠦᠵᠤ ᠶᠠᠪᠤᠭ᠎ᠠ ᠪᠢᠯᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号