ᠴᠢᠯᠠᠭᠤᠨ ᠳᠤ ᠵᠠᠩ ᠦᠢᠯᠡ᠂ ᠦᠵᠡᠯ ᠰᠡᠳᠭᠢᠯᠭᠡ᠂ ᠤᠷᠴᠢᠯ ᠤᠯᠠᠮᠯᠠᠬᠤᠢ᠂ ᠪᠡᠳᠦ ᠪᠠᠬᠢ ᠶᠢᠨ ᠪᠡᠯᠭᠡᠳᠡᠯ᠂ | ᠦᠨᠢ ᠮᠦᠩᠭᠡ ᠶᠢᠨ ᠲᠡᠯᠭᠡᠷᠡᠯ᠂ ᠲᠡᠥᠬᠡᠨ ᠢᠮ ᠲᠠᠮᠠᠭ᠎ᠠ ᠁ ᠬᠡᠬᠦᠴᠢᠯᠡᠨ ᠤᠯᠠᠨ ᠤᠴᠢᠷ ᠤᠳᠬ᠎ᠠ ᠠᠭᠤᠰᠳᠠᠭ | ᠬᠡᠮᠡᠨ ᠬᠦᠮᠦᠰ ᠦᠨᠡᠮᠰᠢᠨ᠂ ᠪᠢᠰᠢᠷᠡᠨ ᠰᠦᠰᠦᠭᠯᠡᠭᠰᠡᠭᠡᠷ ᠢᠷᠡᠭᠰᠡᠨ ᠪᠦᠯᠦᠬᠡ᠃ ᠮᠢᠨᠦ ᠤᠬᠠᠭᠠᠨ ᠪᠢᠯᠢᠭ᠂ ᠤᠶᠤᠨ | ᠰᠦᠨᠡᠰᠦ᠂ ᠬᠠᠷᠠᠭᠠᠮᠡᠳᠡᠷᠡᠯ ᠳᠠᠬᠢ ᠴᠢᠯᠠᠭᠤᠳ ᠴᠦ ᠦᠪᠡᠷᠮᠢᠴᠡ ᠤᠨᠴᠠᠯᠢᠭ ᠲᠠᠢ ᠦᠦᠬᠡ ᠲᠡᠦᠬᠡ ᠪᠠᠨ ᠠᠴᠢᠭᠠᠳ᠂ | ᠠᠷᠠᠨᠵᠠᠯ ᠵᠢᠷᠦᠬᠡᠨ ᠳᠤ ᠮᠢᠨᠢ ᠦᠪᠡᠷ ᠦᠪᠡᠷ ᠤᠨ ᠠᠨᠢᠷ ᠴᠢᠮᠡᠭᠡ ᠪᠠᠨ ᠵᠢᠷᠤᠭᠯᠠᠨ᠂ ᠤᠴᠢᠯᠠᠭᠠᠳ ᠤᠴᠢᠯᠠᠭᠠᠳ | ᠢᠷᠡᠨ᠎ᠡ ᠪᠢᠯᠡ᠃ | ᠵᠢᠷᠦᠬᠡᠨ ᠪᠤᠷᠤ ᠴᠢᠯᠠᠭᠤ | ︽ᠵᠢᠷᠦᠬᠡᠨ ᠪᠤᠷᠤ ᠴᠢᠯᠠᠭᠤ︾ ᠭᠡᠵᠤ ᠬᠦᠦ ᠶᠢᠨ ᠮᠢᠨᠢ ᠬᠦᠢᠰᠦ ᠶᠢ ᠲᠡᠷᠤᠭᠰᠠᠨ ᠴᠢᠯᠠᠭᠤ᠃ ᠨᠠᠮ᠎ᠠ ᠶᠢ | ᠠᠶᠢᠯ ᠤᠨ ᠪᠡᠷᠢ ᠪᠤᠯᠵᠦ ᠤᠴᠢᠭᠰᠠᠨ ᠴᠠᠭ ᠲᠤ ᠬᠦᠷᠢᠶᠡᠨ ᠶᠡᠭᠡ ᠡᠭᠦᠳᠡᠨ ᠤ ᠬᠢᠨᠢ ᠪᠠᠷᠠᠭᠤᠨ ᠲᠠᠯ᠎ᠠ ᠶᠢᠨ ᠴᠢᠯᠠᠭᠤᠨ | ᠬᠡᠷᠡᠮ ᠤᠨ ᠲᠡᠭᠡᠷ᠎ᠡ ᠪᠦᠳᠦᠭᠦᠨ ᠲᠠᠯ᠎ᠠ ᠨᠢ ᠭᠦᠯᠢᠭᠡᠷ ᠪᠦᠭᠡᠳ ᠯᠠᠨᠳᠤᠭᠠᠷ᠂ ᠱᠥᠪᠦᠭᠡᠷ ᠲᠠᠯ᠎ᠠ ᠳᠠᠭᠠᠨ ᠪᠠᠭ᠋ᠠᠨ | ᠢᠷ ᠲᠠᠢ ᠵᠢᠷᠦᠬᠡᠨ ᠬᠡᠯᠪᠡᠷᠢ ᠲᠠᠢ ᠪᠤᠷᠤ ᠴᠢᠯᠠᠭᠤ ᠲᠠᠯᠪᠢᠭᠠᠰᠤᠳᠠᠢ ᠪᠠᠶᠢᠭᠰᠠᠨ᠃ ᠨᠠᠮᠤᠷ ᠨᠢ ᠨᠤᠭᠤᠭ᠎ᠠ ᠲᠠᠷᠤᠬᠤ | ᠪᠤᠯᠬᠤᠯᠠᠷ ᠪᠢ ᠲᠡᠷᠡ ᠴᠢᠯᠠᠭᠤ ᠶᠢ ᠰᠢᠭᠦᠷᠦᠭᠡᠳ ᠢᠷᠡᠭᠰᠡᠨ ᠴᠢᠨᠢ ᠬᠠᠳᠠᠮ ᠡᠵᠢ ︽ᠬᠤᠷᠳᠤᠨ ᠤᠷᠤᠨ ᠳᠤᠨᠢ | ᠠᠪᠠᠴᠢᠵᠦ ᠲᠠᠯᠪᠢ᠂ ᠠᠪᠦ ᠶᠢᠨ ᠴᠢᠨᠢ ᠠᠮᠢ ᠨᠢ ᠭᠠᠷᠤᠨ᠎ᠠ︾ ᠭᠡᠰᠡᠨ ᠶᠤᠮ᠃ | ᠲᠠᠷᠠᠭ᠎ᠠ ᠨᠠᠮᠤᠷ ᠨᠢ ᠤᠷᠭᠤᠬᠤ ᠨᠠᠷᠠᠨ ᠤ ᠦᠶ᠎ᠡ ᠪᠠᠷ ᠬᠦᠦ ᠮᠢᠨᠢ ᠠᠩᠭᠢᠷ ᠲᠠᠭᠤᠨ ᠢᠶᠠᠨ ᠬᠠᠳᠠᠭᠠᠪᠠ᠃ ︽ | ᠬᠦᠦ ᠲᠦᠷᠦᠪᠡᠯ ᠬᠦᠢᠰᠦ ᠶᠢ ᠨᠢ ᠭᠠᠯ ᠭᠤᠯᠤᠮᠳᠠ ᠪᠠᠨ ᠪᠠᠳᠤᠵᠢᠨ ᠰᠠᠬᠢᠬᠤ ᠶᠢ ᠪᠡᠯᠭᠡᠳᠡᠭᠡᠳ ᠲᠤᠳᠤᠭᠠᠳᠦ | ᠬᠠᠭᠠᠯᠭᠠᠨ ᠤ ᠠᠷᠦ ᠳᠠᠭᠠᠨ ᠪᠤᠯᠠᠳᠠᠭ᠃ ᠦᠬᠢᠨ ᠲᠦᠷᠦᠪᠡᠯ᠂ ᠦᠷ᠎ᠡ ᠲᠠᠷᠢᠶ᠎ᠠ ᠰᠢᠭ᠋ ᠦᠷᠡᠵᠢᠨ ᠲᠡᠯᠭᠡᠷᠡᠵᠦ ᠤᠷᠳᠦ | ᠨᠠᠰᠤᠯᠠᠵᠦ ᠤᠳᠠᠭᠠᠨ ᠵᠢᠷᠭᠠᠭ ᠭᠡᠵᠤ ᠤᠷᠳᠦ ᠵᠤᠷᠬ᠎ᠠ ᠲᠠᠢ ᠲᠠᠷᠢᠶᠠᠨ ᠦᠵᠦᠭᠦᠷ ᠲᠡᠭᠡᠨ ᠪᠤᠯᠠᠳᠠᠭ ᠭᠡᠰᠡᠨ︾᠃ | ᠡᠪᠦᠭᠡ ᠨᠢ ᠲᠡᠷᠡ ᠪᠤᠷᠤ ᠴᠢᠯᠠᠭᠤ ᠶᠢ ᠠᠪᠴᠢᠷᠠᠭᠠᠳ ︽ᠫᠥ᠋᠂ ᠫᠥ᠋︾ ᠭᠡᠵᠤ ᠬᠡᠳᠦ ᠦᠯᠢᠶᠡᠭᠡᠳ ᠬᠤᠪᠤᠩ ᠲᠠᠢ | ᠭᠠᠯ ᠤᠨ ᠬᠠᠵᠠᠭᠤ ᠬᠠᠪᠢᠷᠭ᠎ᠠ ᠪᠠᠷ ᠭᠤᠯᠤᠮᠳᠠᠵᠦ ᠭᠤᠯᠤᠮᠳᠠᠭᠠᠳ ᠬᠦᠦ ᠶᠢᠨ ᠮᠢᠨᠢ ᠬᠦᠢ ᠶᠢ ᠲᠤᠳᠤᠷ᠎ᠠ ᠬᠠᠭᠠᠯᠭᠠᠨ ᠤ | ᠠᠷᠦ ᠳᠤ ᠮᠠᠯᠳᠠᠭᠰᠠᠨ ᠤᠩᠭᠤᠷᠬᠠᠢ ᠲᠤᠳᠤᠷ᠎ᠠ ᠮᠦᠨ ᠴᠢᠯᠠᠭᠤ ᠪᠠᠷ ᠲᠡᠷᠤᠵᠦ ᠲᠠᠯᠪᠢᠭᠰᠠᠨ ᠢ ᠪᠢ ᠨᠡᠬᠡᠬᠡᠯᠳᠡᠳᠡᠢ | ᠬᠠᠭᠠᠯᠭ᠎ᠠ ᠪᠠᠷ ᠬᠠᠷᠠᠭᠰᠠᠨ ᠪᠢᠯᠡ᠃ | ᠡᠨᠡ ᠵᠠᠩᠰᠢᠯ ᠨᠢ ᠦᠶ᠎ᠡ ᠶᠢᠨ ᠦᠶ᠎ᠡ ᠳᠤ ᠬᠠᠳᠠᠭᠤ ᠶᠠᠰᠦ ᠲᠠᠢ ᠬᠠᠯᠠᠭᠤᠨ ᠴᠢᠰᠤ ᠲᠠᠢ ᠦᠷ᠎ᠡ ᠬᠤᠶᠢᠴᠢᠰ ᠢᠶᠠᠨ | ᠰᠢᠵᠢᠮ ᠨᠢ ᠲᠠᠰᠤᠷᠠᠭᠰᠠᠨ ᠴᠠᠭᠠᠰᠤᠨ ᠰᠢᠪᠠᠭᠤ ᠰᠢᠭ᠋ ᠠᠯᠳᠠᠵᠦ ᠶᠠᠪᠤᠭᠤᠯᠬᠤ ᠠᠴᠠ ᠬᠢᠴᠢᠶᠡᠨ᠂ ᠤᠭᠳᠤᠯᠤᠭᠰᠠᠨ ᠴᠦ | ᠲᠠᠰᠤᠷᠠᠬᠤ ᠦᠭᠡᠢ ᠠᠯᠳᠠᠨ ᠠᠷᠭᠠᠮᠵᠢᠶ᠎ᠠ ᠶᠢ ᠨᠢ ᠢᠩᠬᠢᠵᠦ ᠨᠤᠳᠤᠭ ᠪᠠᠭᠤᠴᠠᠨ ᠳᠠᠭᠠᠨ ᠲᠠᠷᠤᠵᠦ᠂ ᠦᠨᠢ | ᠤᠷᠤᠰᠢᠭᠠᠳᠠᠭ ᠶᠤᠮ ᠪᠠᠶᠢᠨ᠎ᠠ ᠭᠡᠵᠤ ᠤᠴᠢᠷᠯᠠᠨ ᠪᠤᠳᠤᠪᠠ᠃ ᠮᠦᠨ ᠴᠤ ᠴᠢᠯᠠᠭᠤ ᠮᠡᠳᠦ ᠪᠠᠳᠦ ᠪᠦᠭᠡ ᠶᠢ | ᠪᠡᠯᠭᠡᠰᠢᠶᠡᠭᠰᠡᠨ ᠤᠴᠢᠷᠳᠡᠢ᠃ ︽ᠬᠦᠮᠦᠨ ᠨᠤᠳᠤᠭ ᠲᠠᠢ ᠪᠠᠨ ᠬᠦᠢᠰᠦ ᠪᠠᠷ ᠢᠶᠠᠨ ᠬᠤᠯᠪᠤᠭᠠᠲᠠᠢ︾ ᠬᠡᠮᠡᠬᠦ ᠤᠵᠤᠭᠤᠷ | ᠦᠭᠡᠨ ᠤ ᠮᠡᠷᠭᠡᠨ ᠰᠠᠨᠠᠭ᠎ᠠ ᠠᠳᠡ ᠪᠢᠯᠢᠦ᠃ | ᠴᠢᠯᠠᠭᠤᠨ ᠳᠤ ᠰᠡᠳᠬᠢᠯᠭᠡ ᠲᠠᠢ ᠭᠡᠳᠡᠭ ᠢ ᠪᠢ ᠲᠡᠷᠡ ᠤᠳᠠᠭ᠎ᠠ ᠵᠢᠷᠦᠬᠡ ᠪᠠᠷ ᠢᠶᠠᠨ ᠮᠡᠳᠡᠷᠡᠵᠡᠢ᠃ ᠠᠵᠢᠯ | ᠠᠮᠢᠳᠤᠷᠠᠯ ᠤᠨ ᠱᠠᠭᠠᠷᠳᠠᠯᠭ᠎ᠠ ᠠᠴᠠ ᠲᠠᠪᠤᠨ ᠰᠠᠷ᠎ᠠ ᠪᠤᠯᠤᠭᠠᠳ ᠤᠮᠪᠤᠯᠵᠠᠨ ᠱᠤᠪᠤᠯᠵᠠᠵᠦ ᠪᠠᠶᠢᠭ᠎ᠠ ᠬᠦᠦ ᠪᠠᠨ | ᠲᠡᠪᠡᠷᠢᠭᠡᠳ ᠲᠡᠷᠡ ᠭᠡᠷ ᠠᠴᠠ ᠮᠤᠷᠳᠠᠬᠤ ᠦᠶ᠎ᠡ ᠳᠤ᠂ ᠬᠠᠭᠠᠯᠭᠠᠨ ᠤ ᠠᠷᠦ ᠠᠴᠠ ᠵᠢᠷᠦᠭᠡᠨ ᠪᠤᠷᠤ ᠴᠢᠯᠠᠭᠤ ᠮᠢᠨᠢ | ᠰᠢᠷᠤᠢ ᠡᠷᠭᠦᠭᠡᠳ ᠨᠠᠮ ᠲᠠᠭᠤᠳᠠᠵᠦ ᠪᠠᠶᠢᠬᠤ ᠴᠦ ᠰᠢᠭ᠋᠃ ᠡᠷᠬᠢᠨ ᠡᠷᠭᠢᠨ ᠲᠠᠳᠠᠯᠳᠤᠭᠠᠳ ᠪᠠᠶᠢᠬᠤᠯᠠᠷ ᠬᠠᠳᠠᠮ ᠠᠪᠤ | ᠄ ︽ᠰᠠᠨᠠᠭ᠎ᠠ ᠠᠮᠦᠷ ᠶᠠᠪᠤ ᠡ᠂ ᠮᠢᠨᠦ ᠪᠤᠬᠠᠨᠳᠠᠢ ︵ᠤᠮᠪᠤᠯᠤ ᠪᠠᠨ ᠡᠩᠭᠦᠷᠡᠶᠢᠯᠡᠨ ᠲᠠᠭᠤᠳᠠᠭᠰᠠᠨ ᠨᠡᠷ᠎ᠡ︶ ᠬᠠᠮᠢᠭ᠎ᠠ | ᠶᠠᠪᠤᠭᠰᠠᠨ ᠴᠦ ᠬᠦᠢ ᠶᠢ ᠨᠢ ᠲᠠᠷᠤᠭᠰᠠᠨ ᠢᠷ ᠲᠠᠢ ᠴᠢᠯᠠᠭᠤᠨ ᠳᠤ ᠠᠳᠠᠯᠢ ᠡᠷᠡᠰ ᠬᠠᠳᠠᠨ ᠰᠠᠶᠢᠨ ᠡᠷ᠎ᠡ ᠪᠤᠯᠬᠤ | ᠶᠤᠮ᠃ ᠭᠤᠯᠤᠮᠳᠠ ᠪᠠᠨ ᠰᠠᠬᠢᠭᠰᠠᠨ ᠬᠦᠢ ᠨᠢ ᠡᠨᠡ ᠬᠠᠭᠤᠴᠢᠨ ᠪᠠᠭᠤᠷᠢ ᠶᠢ ᠬᠡᠵᠢᠶᠡᠳᠡ ᠲᠤᠯᠠᠭᠠᠴᠡᠭᠤᠯᠵᠦ ᠪᠠᠶᠢᠭ ᠁ | ︾ ᠭᠡᠵᠤ ᠤᠴᠢᠷ ᠲᠠᠢ ᠶᠠᠷᠢᠭᠰᠠᠨ᠃ ᠲᠡᠭᠡᠭᠡᠳ ︽ᠦᠷ᠎ᠡ ᠦᠨᠳᠦᠰᠦ᠂ ᠦᠭᠡᠳᠡ ᠰᠠᠶᠢᠬᠠᠨ ᠵᠡᠷᠭᠡ ᠤᠯᠠᠨ | ᠶᠠᠭᠤᠮᠠᠨ ᠤ ᠪᠡᠯᠭᠡᠳᠡᠯ ᠪᠤᠯᠤᠭᠰᠠᠨ ᠵᠢᠷᠦᠬᠡᠨ ᠪᠤᠷᠤ ᠴᠢᠯᠠᠭᠤ ᠮᠢᠨᠢ︾ ᠭᠡᠵᠤ ᠰᠢᠪᠡᠨᠡᠭᠡᠳ ᠮᠤᠷᠳᠠᠭᠰᠠᠨ ᠶᠤᠮ᠃ | ᠴᠢᠯᠠᠭᠤᠨ ᠳᠤ ᠠᠮᠢ ᠲᠠᠢ ᠭᠡᠳᠡᠭ ᠢ ᠪᠢ ᠲᠡᠷᠡ ᠤᠳᠠᠭ᠎ᠠ ᠠᠴᠠ ᠯᠡ ᠢᠳᠡᠭᠡᠵᠡᠢ᠃ ᠬᠠᠳᠠᠮ ᠠᠪᠤ ᠴᠢᠯᠠᠭᠤᠨ | ᠪᠠᠶᠢᠰᠢᠩ ᠢᠶᠠᠨ ᠪᠠᠷᠢᠬᠤ ᠶᠢᠨ ᠦᠶ᠎ᠡ ᠳᠤ᠂ ᠵᠢᠷᠦᠬᠡᠨ ᠬᠡᠯᠪᠡᠷᠢ ᠲᠠᠢ ᠡᠨᠡ ᠪᠤᠷᠤ ᠴᠢᠯᠠᠭᠤ ᠶᠢ ᠰᠤᠩᠭᠤᠨ᠂ ᠭᠤᠯᠤᠮᠳᠠ | ᠭᠡᠷ ᠤᠨ ᠢᠶᠠᠨ ᠬᠡᠷᠡᠮ ᠤᠨ ᠤᠷᠤᠢ ᠲᠡᠭᠡᠷ᠎ᠡ ᠡᠷᠬᠦᠨ᠂ ᠪᠠᠶᠢᠭᠠᠯᠢ ᠶᠢᠨ ᠨᠠᠷᠠ ᠬᠤᠷ᠎ᠠ ᠠᠴᠠ ᠦᠭᠡᠷ᠎ᠡ ᠶᠠᠭᠤ ᠴᠦ | ᠬᠦᠷᠭᠡᠯ ᠦᠭᠡᠢ ᠠᠷᠢᠭᠤᠨ ᠲᠠᠷᠬᠠᠨ ᠢᠶᠠᠷ ᠪᠦᠬᠡᠴᠡᠶᠢᠯᠡᠨ᠂ ᠬᠦᠰᠡᠯ ᠰᠡᠳᠬᠢᠯ᠂ ᠢᠷᠦᠭᠡᠯ ᠵᠦᠩᠨᠡᠯ ᠢᠶᠠᠨ ᠰᠢᠩᠭᠡᠭᠡᠨ | ᠠᠭᠤᠰᠬᠠᠵᠦ᠂ ᠭᠡᠭᠡᠨ ᠲᠤᠩᠭᠠᠯᠠᠭ ᠤᠷᠴᠢᠯᠠᠩ ᠤᠨ ᠤᠬᠠᠭᠠᠨ ᠪᠠ ᠬᠦᠮᠦᠨ ᠤᠬᠠᠭᠠᠨ ᠢ ᠶᠠᠷᠢᠵᠦ ᠰᠤᠨᠤᠰᠬᠠᠨ᠂ | ᠲᠤᠮᠨᠤᠵᠦ ᠰᠢᠪᠰᠢᠭᠰᠡᠭᠡᠷ ᠪᠠᠶᠢᠭᠠᠳ ᠠᠮᠢ ᠠᠮᠢᠵᠢᠷᠠᠯ ᠲᠠᠢ ᠪᠤᠯᠭᠠᠴᠢᠬᠠᠵᠠᠢ ᠰᠢᠦ᠃ ᠬᠦᠦ ᠪᠢᠳᠡ ᠬᠤᠶᠠᠷ ᠢ ᠮᠤᠷᠳᠠᠬᠤ | ᠭᠡᠬᠦᠯᠡᠷ ᠰᠢᠷᠤᠢ ᠪᠠᠨ ᠬᠦᠷᠳᠡᠯ᠎ᠡ ᠡᠷᠭᠦᠴᠢᠬᠡᠬᠡᠳ ᠤᠪᠤᠯᠵᠠᠭᠰᠠᠨ ᠪᠠᠶᠢᠬᠤ ᠦᠭᠡᠢ ᠤᠤ ᠳᠡᠷᠡ᠃ | ᠴᠢᠯᠠᠭᠤᠨ ᠳᠤ ᠪᠢ ᠰᠦᠵᠢᠭ ᠲᠠᠢ᠃ ᠵᠢᠷᠦᠬᠡᠨ ᠪᠤᠷᠤ ᠴᠢᠯᠠᠭᠤᠨ ᠳᠤ ᠪᠢ ᠨᠡᠩ ᠰᠦᠵᠢᠭ ᠲᠠᠢ᠃ ᠭᠠᠯ | ᠭᠤᠯᠤᠮᠳᠠ ᠶᠢᠨ ᠬᠦᠢᠰᠦᠨ ᠳᠤ ᠲᠠᠪᠢᠯᠠᠩ ᠤᠨ ᠬᠦᠬᠡ ᠮᠡᠩᠬᠡ ᠰᠢᠭ ᠦᠨᠢ ᠤᠷᠭᠤᠬᠤ ᠡᠨᠡ ᠴᠢᠯᠠᠭᠤ᠂ ᠬᠦᠦ ᠶᠢᠨ | ᠮᠢᠨᠢ ᠠᠯᠢᠪᠠ ᠶᠢ ᠲᠡᠮᠦᠷ ᠴᠢᠯᠠᠭᠤ ᠰᠢᠭ᠋ ᠪᠦᠬᠡ ᠪᠤᠯᠭᠠᠨ ᠢᠪᠡᠭᠡᠬᠦ ᠳᠤ ᠪᠢ ᠦᠨᠢ ᠢᠳᠡᠭᠡᠯ ᠲᠠᠢ᠃ ᠦᠨᠦᠳᠦᠷ | ᠨᠤᠳᠤᠭ ᠤᠨ ᠬᠠᠭᠤᠴᠢᠨ ᠪᠠᠭᠤᠴᠠᠨ ᠲᠡᠭᠡᠷ᠎ᠡ ᠲᠦᠷᠪᠡᠨ ᠲᠠᠪᠬᠤᠷ ᠠᠰᠠᠷ ᠤᠨ ᠬᠢᠷᠢ ᠦᠨᠳᠦᠷ ᠬᠠᠷᠢ ᠬᠦᠮᠦᠨ ᠤ | ᠵᠤᠰᠠᠯᠠᠩ ᠤᠨ ᠮᠤᠳᠤᠨ ᠬᠠᠷᠰᠢ ᠨᠡᠳᠦ᠋ᠢᠨ ᠰᠦᠨᠳᠡᠷᠯᠡᠴᠢᠬᠡᠬᠦ ᠪᠠᠷ ᠪᠢ ᠵᠢᠷᠦᠬᠡᠨ ᠪᠤᠷᠤ ᠴᠢᠯᠠᠭᠤᠨ ᠤ ᠪᠠᠶᠢᠷᠢ ᠶᠢ | ᠮᠡᠳᠡᠬᠦ ᠦᠭᠡᠢ ᠪᠤᠯᠵᠠᠢ᠃ ᠨᠢᠭᠡᠨ ᠰᠦᠨᠢ ᠵᠡᠭᠦᠳᠦᠨ ᠳᠡᠭᠡᠨ ︽ᠵᠢᠷᠦᠭᠡᠨ ᠪᠤᠷᠤ ᠴᠢᠯᠠᠭᠤ ᠁︾ ᠭᠡᠵᠤ | ᠤᠬᠢᠯᠠᠭᠠᠳ ᠲᠡᠷᠡ ᠵᠦᠭ ᠲᠤ ᠬᠦᠶᠦᠬᠦᠶᠡ᠂ ᠬᠠᠷᠠᠭᠠᠨ ᠤ ᠡᠮᠦᠨ᠎ᠡ ᠪᠤᠷᠤ ᠭᠡᠷᠡᠯ ᠦᠨᠳᠦᠷ ᠲᠤ ᠰᠠᠴᠤᠷᠠᠭᠠᠳ ᠯᠡ | ᠪᠠᠶᠢᠯ᠎ᠠ᠃ ᠲᠡᠭᠡᠭᠡᠳ ᠪᠢ ︽ᠲᠡᠷᠡ ᠮᠢᠨᠢ ᠦᠴᠦᠬᠡᠨ ᠴᠦ ᠰᠡᠪᠳᠦᠭᠡ ᠦᠭᠡᠢ᠂ ᠬᠠᠭᠤᠴᠢᠨ ᠭᠤᠯᠤᠮᠳᠠ ᠶᠢᠨ | ᠡᠵᠡᠨ ᠤ ᠬᠤᠪᠢ ᠪᠠᠷ ᠁︾ ᠭᠡᠵᠤ ᠢᠳᠡᠭᠡᠵᠡᠢ᠃ | ᠰᠡᠪ ᠦᠭᠡᠢ ᠬᠦᠯᠢᠭᠡᠷ ᠮᠦᠷᠳᠡᠭᠡᠨ ᠦᠵᠦᠭᠦᠷ ᠢᠷ ᠲᠠᠢ ᠵᠢᠷᠦᠭᠡᠨ ᠪᠤᠷᠤ ᠴᠢᠯᠠᠭᠤ ᠮᠢᠨᠢ᠂ ᠦᠶ᠎ᠡ ᠶᠢᠨ ᠦᠶ᠎ᠡ | ᠨᠤᠳᠤᠭ ᠪᠠᠭᠤᠴᠠ ᠶᠢ ᠰᠠᠬᠢᠭᠰᠠᠨ ᠮᠡᠷᠭᠡᠨ ᠪᠤᠭᠤᠷᠤᠯᠴᠤᠳ ᠤᠨ ᠲᠤᠩᠭᠠᠯᠠᠭ ᠭᠡᠭᠡᠨ ᠤᠬᠠᠭᠠᠨ ᠮᠡᠳᠡᠯ ᠢ ᠠᠴᠢᠶᠠᠯᠠᠨ | ᠤᠯᠠᠮᠵᠢᠯᠠᠬᠤ ᠮᠦᠷᠳᠡᠭᠡᠨ ᠲᠡᠳᠡᠨ ᠤ ᠮᠦᠬᠦᠵᠦ ᠰᠦᠨᠦᠰᠢ ᠦᠭᠡᠢ ᠬᠠᠳᠠᠨ ᠪᠠᠳᠦ ᠵᠢᠷᠦᠬᠡᠨ ᠰᠢᠨᠳᠠᠰᠦ ᠶᠢ ᠦᠨᠢ | ᠦᠪᠯᠡᠬᠦ ᠶᠤᠰᠤᠳᠠᠢ ᠡ᠃ | ᠲᠡᠭᠡᠷᠮ᠎ᠡ ᠶᠢᠨ ᠴᠢᠯᠠᠭᠤ | ᠠᠪᠤ ᠶᠢᠨ ᠢᠶᠠᠨ ᠵᠠᠬᠢᠶ᠎ᠠ ᠪᠠᠷ ᠭᠡᠷ ᠤᠨ ᠴᠠᠳᠢᠭ ᠪᠢᠴᠢᠭᠡᠳ ᠨᠤᠮ ᠬᠡᠪᠯᠡᠬᠦᠯᠬᠦ ᠲᠡᠭᠡᠷ᠎ᠡ ᠬᠦᠷᠦᠭᠡᠳ ᠲᠡᠭᠡᠳᠦ ᠶᠢᠨ | ᠨᠤᠳᠤᠭ ᠤᠨ ᠦᠵᠡᠮᠵᠢ ᠪᠤᠶᠤ ᠪᠠᠭᠤᠷᠢ ᠦᠯᠡᠳᠡᠭᠳᠡᠯ ᠢ ᠰᠡᠭᠦᠳᠡᠷᠯᠡᠵᠦ ᠨᠤᠮ ᠳᠠᠭᠠᠨ ᠵᠢᠭᠢᠷᠢᠭᠯᠡᠬᠦᠯᠬᠦ ᠪᠠᠷ | ᠲᠦᠰᠦᠪᠯᠡᠭᠡᠳ᠂ ᠬᠦᠯ ᠲᠠᠯᠪᠢᠭᠠᠳᠤᠢ ᠤᠳᠠᠵᠦ ᠪᠠᠶᠢᠭ᠎ᠠ ᠲᠡᠷᠡ ᠨᠤᠳᠤᠭ ᠲᠤ ᠬᠦᠷᠦᠮᠡᠭᠴᠡ ᠵᠢᠷᠦᠭᠡ ᠶᠡᠭᠡ | ᠰᠢᠮᠰᠢᠷᠡᠭᠰᠡᠨ ᠶᠤᠮ᠃ | ᠪᠠᠭ᠎ᠠ ᠶᠢᠨ ᠦᠶ᠎ᠡ ᠳᠤ ᠡᠯᠥᠨᠴᠡ ᠶᠢᠨ ᠲᠡᠭᠡᠷᠮ᠎ᠡ ᠪᠠᠶᠢᠬᠤ ᠦᠭᠡᠢ ᠪᠤᠯ ᠠᠶᠢᠯ ᠤᠰᠤᠨ ᠤ ᠬᠢᠨᠢ ᠪᠤᠳᠠᠭ᠎ᠠ ᠪᠠᠨ | ᠴᠠᠶᠢᠯᠭᠠᠬᠤ ᠠᠷᠭ᠎ᠠ ᠦᠭᠡᠢ ᠪᠠᠶᠢᠭᠰᠠᠨ᠃ ᠶᠠᠭ ᠡᠶᠢᠮᠦ ᠠᠴᠠ ︽ᠡᠯᠦᠨᠴᠡ ᠶᠢᠨ ᠲᠡᠭᠡᠷᠮ᠎ᠡ︾ ᠨᠢ ᠬᠠᠯᠳᠠᠵᠦ ᠪᠤᠯᠤᠰᠢ | ᠦᠭᠡᠢ ᠠᠷᠢᠭᠤᠨ ᠲᠠᠷᠬᠠᠨ ᠤ ᠬᠤᠪᠢ ᠪᠠᠷ ᠬᠡᠨ ᠪᠦᠬᠦᠨ ᠤ ᠰᠡᠳᠬᠢᠯ ᠵᠢᠷᠦᠬᠡᠨ ᠳᠤ ᠭᠡᠷᠡᠯᠳᠦᠵᠦ ᠪᠠᠶᠢᠵᠠᠢ᠃ ᠠᠮᠦ | ᠪᠤᠳᠠᠭ᠎ᠠ ᠪᠠᠨ ᠢᠩᠳᠡᠵᠦ ᠲᠡᠭᠡᠷᠮᠡᠳᠡᠵᠦ ᠪᠤᠯᠬᠤ ᠠᠴᠠ ᠪᠢᠰᠢ ᠲᠡᠭᠡᠷ᠎ᠡ ᠨᠢ ᠮᠠᠴᠤᠬᠤ ᠪᠤᠶᠤ ᠬᠢᠰᠬᠢᠵᠦ ᠰᠠᠭᠤᠵᠦ ᠯᠡ | ᠪᠤᠯᠬᠤ ᠦᠭᠡᠢ᠃ ᠨᠡᠩ ᠪᠦᠰᠡᠬᠦᠢ ᠬᠦᠮᠦᠨ ᠰᠠᠭᠤᠬᠤ ᠶᠢ ᠲᠤᠩ ᠶᠡᠭᠡ ᠴᠡᠭᠡᠷᠯᠡᠨ᠎ᠡ᠃ ᠡᠰᠡ ᠲᠡᠭᠡᠪᠡᠯ ᠲᠡᠭᠷᠢ | ᠠᠭᠤᠷᠯᠠᠨ᠎ᠠ ᠭᠡᠳᠡᠭ᠃ ᠬᠡᠦᠬᠡᠳ ᠢ ᠪᠤᠯ ᠲᠡᠭᠡᠷᠮ᠎ᠡ ᠶᠢᠨ ᠴᠢᠯᠠᠭᠤᠨ ᠲᠡᠭᠡᠷ᠎ᠡ ᠰᠠᠭᠤᠪᠠᠯ ᠲᠡᠭᠷᠢ ᠲᠤᠤᠭᠠᠷᠪᠠᠯ ᠠᠶᠤᠬᠤ | ᠪᠤᠯᠤᠨ᠎ᠠ ᠭᠡᠳ ᠲᠡᠭᠡᠷᠮ᠎ᠡ ᠲᠠᠢ ᠬᠠᠯᠳᠠᠬᠤ ᠶᠢ ᠲᠠᠭ ᠪᠤᠯᠢᠭᠤᠯᠳᠠᠭ᠃ | ︽ᠡᠯᠤᠨᠴᠡ ᠶᠢᠨ ᠲᠡᠭᠡᠷᠮ᠎ᠡ︾ ᠶᠢ ᠵᠠᠷᠤᠶ᠎ᠠ ᠭᠡᠪᠡᠯ ᠡᠷᠬᠡᠪᠰᠢ ᠡᠯᠥᠨᠴᠡ ᠠᠴᠠ ᠠᠰᠠᠭᠤᠳᠠᠭ᠃ ᠦᠨᠡᠨ ᠳᠡᠭᠡᠨ | ᠲᠡᠭᠡᠷᠮ᠎ᠡ ᠶᠢ ᠬᠡᠨ ᠪᠦᠬᠦᠨ ᠳᠤ ᠪᠦᠷ ᠵᠠᠷᠤᠭᠤᠯᠤᠨᠠ᠃ ᠪᠦᠷ ᠵᠠᠷᠤᠬᠤ ᠡᠷᠬᠡ ᠲᠠᠢ᠃ ᠭᠡᠪᠡᠴᠦ ᠡᠯᠦᠨᠴᠠ ᠠᠴᠠ | ᠠᠰᠠᠭᠤᠵᠦ ᠵᠦᠪᠰᠢᠶᠡᠷᠡᠭᠦᠯᠬᠦ ᠨᠢ ᠲᠤᠭᠳᠠᠭᠰᠠᠨ ᠨᠢᠭᠡ ᠶᠠᠪᠤᠴᠠ ᠮᠠᠶ᠋ᠢᠭᠳᠠᠢ᠃ ᠡᠯᠤᠨᠴᠡ ᠡᠪᠦᠭᠡ ᠲᠠᠶ᠋ᠢᠭ | ᠲᠤᠯᠴᠢᠬᠠᠭᠰᠠᠨ ᠴᠢᠭ ᠢᠶᠠᠷ ᠢᠶᠠᠨ ᠵᠤᠭᠰᠤᠴᠢᠬᠠᠭᠠᠳ ︽ᠰᠠᠶᠢᠬᠠᠨ ᠵᠠᠷᠦ ᠡ᠂ ᠪᠢᠳᠡᠭᠡᠢ ᠬᠡᠷᠡᠭᠦᠯ ᠴᠤᠤᠬᠢᠶᠠᠨ ᠭᠠᠷᠭ᠎ᠠ | ︾ ᠭᠡᠳᠡᠭ᠃ ᠡᠨᠡ ᠦᠭᠡᠨ ᠳᠤᠨᠢ ᠲᠡᠳᠡᠭᠡᠷ ᠴᠡᠭᠡᠷ ᠤᠳ ᠪᠠᠭᠳᠠᠵᠦ ᠪᠠᠶᠢᠬᠤ ᠮᠦᠷᠳᠡᠭᠡᠨ ᠬᠡᠨ ᠨᠢ ᠤᠷᠢᠳ ᠢᠶᠠᠷ | ᠵᠠᠷᠤᠬᠤ ᠪᠠᠨ ᠦᠷᠢᠰᠦᠯᠳᠦᠭᠡᠳ ᠬᠡᠷᠡᠭᠦᠯ ᠪᠤᠯᠬᠤ ᠠᠴᠠ ᠨᠢ ᠰᠡᠷᠭᠡᠶᠢᠯᠡᠵᠦ ᠪᠠᠶᠢᠬᠤ ᠤᠬᠠᠭᠠᠨ ᠪᠤᠢ᠃ | ᠲᠡᠭᠡᠷᠮ᠎ᠡ ᠶᠢ ᠡᠷᠳᠡ ᠲᠡᠭᠡᠳᠦ ᠠᠴᠠ ᠠᠪᠤᠭᠠᠳ ᠴᠠᠭᠠᠨ ᠠᠷᠰᠯᠠᠨ ᠤ ᠪᠦᠷᠢᠯᠸ᠎ᠠ ᠭᠡᠳᠡᠭ᠃ ᠴᠠᠭᠠᠨ ᠠᠷᠰᠯᠠᠨ ᠤ | ᠰᠢᠳᠦᠭᠡᠨ ᠴᠦ ᠭᠡᠳᠡᠭ᠃ ᠠᠷᠰᠯᠠᠨ ᠭᠡᠵᠤ ᠠᠷᠢᠶᠠᠳᠠᠨ ᠤ ᠬᠠᠭᠠᠨ᠃ ᠨᠡᠩ ᠴᠠᠭᠠᠨ ᠠᠷᠰᠯᠠᠨ ᠭᠡᠵᠤ ᠠᠷᠰᠯᠠᠨ ᠤ | ᠲᠤᠳᠤᠷᠠᠬᠢ ᠬᠠᠮᠤᠭ ᠡᠷᠳᠡᠨ ᠤ ᠲᠦᠷᠦᠯ ᠵᠦᠢᠯ ᠪᠦᠭᠡᠳ ᠡᠵᠡᠯᠡᠪᠦᠷᠢ ᠲᠠᠢ ᠬᠠᠭᠠᠨ ᠨᠢ᠃ ᠡᠨᠡ ᠬᠦ ᠠᠷᠢᠶᠠᠳᠠᠨ ᠤ | ᠬᠠᠭᠠᠨ ᠢ ᠲᠡᠭᠡᠳᠦᠭᠦᠯᠡ ᠮᠢᠨᠢ ᠬᠠᠮᠢᠭ᠎ᠠ ᠠᠴᠠ ᠵᠠᠯᠠᠵᠦ ᠢᠷᠡᠭᠰᠡᠨ ᠢ ᠮᠡᠳᠡᠬᠦ ᠬᠦᠮᠦᠨ ᠦᠭᠡᠢ᠃ ᠬᠠᠷᠢᠨ ᠠᠷᠰᠯᠠᠨ | ᠭᠡᠳᠡᠭ ᠴᠢᠨᠢ ᠬᠡᠵᠢᠶᠡᠳᠡ ᠡᠷᠬᠡ ᠴᠢᠯᠥᠭᠡ ᠲᠠᠢ ᠬᠦᠷᠬᠢᠷᠡᠨ ᠲᠤᠭᠯᠠᠳᠠᠭ ᠠᠷᠢᠶᠠᠳᠠᠨ ᠲᠤᠯᠠ ᠲᠡᠭᠡᠷᠮ᠎ᠡ ᠶᠢ ᠬᠡᠳᠦᠢ | ᠠᠷᠪᠢᠨ ᠬᠡᠷᠡᠭᠯᠡᠵᠦ ᠪᠠᠶᠢᠪᠠᠯ ᠲᠤᠰ ᠠᠶᠢᠯ ᠤᠰᠤᠨ ᠲᠡᠳᠦᠢ ᠡᠰᠡᠷᠡᠭ ᠰᠠᠶᠢᠬᠠᠨ ᠪᠤᠯᠳᠠᠭ ᠭᠡᠳᠡᠭ᠃ ᠡᠨᠡ ᠨᠢ ᠠᠶᠢᠯ | ᠤᠰᠤᠨ ᠳᠠᠭᠠᠨ ᠬᠤᠪᠤᠷ ᠪᠠᠶᠢᠳᠠᠭ ᠲᠡᠭᠡᠷᠮ᠎ᠡ ᠶᠢ ᠬᠠᠷᠠᠮᠨᠠᠵᠦ ᠬᠤᠪᠢᠨᠴᠢᠷᠯᠠᠯ ᠦᠭᠡᠢ ᠪᠠᠷ ᠵᠠᠷᠤᠵᠦ ᠬᠡᠷᠡᠭᠯᠡᠨ᠂ ᠡᠶ᠎ᠡ | ᠨᠠᠶᠢᠷᠰᠠᠭ ᠡᠪ ᠪᠦᠯᠬᠦᠮᠳᠡᠯ ᠲᠠᠢ ᠤᠷᠤᠰᠢᠨ ᠠᠮᠢᠳᠤᠷᠠᠬᠤ ᠶᠢ ᠰᠤᠷᠳᠠᠯᠴᠢᠯᠠᠭᠰᠠᠨ ᠭᠡᠵᠤ ᠪᠢ ᠬᠤᠵᠢᠮ ᠨᠢ ᠤᠬᠠᠵᠠᠢ᠃ | ᠪᠠᠭ᠎ᠠ ᠶᠢᠨ ᠦᠶ᠎ᠡ ᠳᠤ᠂ ᠡᠯᠵᠢᠭᠡᠨ ᠤ ᠨᠢᠳᠦ ᠶᠢ ᠪᠦᠰ ᠢᠶᠠᠷ ᠲᠠᠭ ᠪᠦᠳᠡᠭᠡᠴᠢᠭᠡᠭᠡᠳ ᠲᠡᠭᠡᠷᠮ᠎ᠡ ᠳᠤ | ᠬᠦᠯᠤᠳᠡᠭ ᠢ ᠮᠡᠳᠡᠨ᠎ᠡ᠃ ᠦᠨᠦᠳᠦᠷ ᠤᠨ ᠬᠡᠦᠬᠡᠳ ᠬᠠᠷᠢᠨ ᠲᠡᠭᠡᠷᠮ᠎ᠡ ᠪᠠᠷ ᠭᠤᠯᠢᠷ ᠪᠤᠳᠠᠭ᠎ᠠ ᠴᠠᠶᠢᠯᠭᠠᠬᠤ ᠶᠢ | ᠮᠡᠳᠡᠬᠦ ᠨᠢ ᠴᠦᠬᠡᠨ ᠪᠤᠯᠵᠠᠢ᠃ ᠴᠠᠭ ᠨᠡᠶᠢᠭᠡᠮ ᠤᠨ ᠬᠦᠭᠵᠢᠯᠳᠡ ᠪᠠᠨ ᠲᠠᠭᠠᠭᠠᠳ ᠡᠶᠢᠮᠦ ᠪᠤᠯᠤᠭᠰᠠᠨ ᠢ ᠲᠡᠮᠡᠢ | ᠰᠤᠨᠢᠨ ᠳᠤ ᠲᠤᠭᠠᠴᠢᠬᠤ ᠶᠢ ᠪᠠᠶᠢᠶ᠎ᠠ᠃ ᠦᠨᠦᠳᠦᠷ ᠬᠠᠷᠢᠨ ᠲᠡᠭᠡᠳᠦ ᠶᠢᠨ ᠨᠤᠳᠤᠭ ᠠᠴᠠ ᠬᠡᠳᠦᠨ ᠰᠠᠶᠢᠬᠠᠨ | ᠰᠡᠭᠦᠳᠡᠷ ᠠᠪᠬᠤ ᠪᠠᠷ ᠢᠷᠡᠭᠡᠳ ︽ᠡᠯᠥᠨᠴᠡ ᠶᠢᠨ ᠲᠡᠭᠡᠷᠮ᠎ᠡ︾ ᠶᠢᠨ ᠫᠢᠯᠠ ︵ᠢᠩ ᠤᠨ ᠫᠠᠨᠰᠠ ᠪᠤᠶᠤ ᠢᠩ ᠤᠨ | ᠲᠠᠶᠢᠰᠠ ᠭᠡᠳᠡᠭ︶ ᠨᠢ ᠲᠡᠭ ᠲᠤᠮᠳᠠᠭᠤᠷ ᠢᠶᠠᠨ ᠳ᠋ᠢᠶᠠᠮᠧᠲᠷ ᠭᠡᠮᠡᠷ ᠬᠠᠭᠠᠷᠠᠴᠢᠬᠠᠭᠠᠳ ᠲᠡᠭᠡᠷᠮ᠎ᠡ ᠶᠢᠨ ᠪᠤᠯᠤ ᠲᠠᠢ ᠪᠠᠨ | ᠦᠯᠥᠩ ᠡᠪᠡᠰᠤᠨ ᠲᠤᠮᠳᠠ ᠭᠤᠨᠢᠭ ᠲᠠᠢ ᠬᠡᠪᠳᠡᠵᠦ ᠪᠠᠶᠢᠭᠰᠠᠨ ᠨᠢ ᠪᠤᠷᠬᠠᠨ ᠤ ᠤᠷᠤᠨ ᠳᠠᠭᠠᠨ ᠶᠠᠪᠤᠭᠠᠳ ᠤᠳᠠᠵᠦ | ᠪᠠᠶᠢᠭ᠎ᠠ ᠡᠯᠥᠨᠴᠡ ᠬᠤᠯᠤᠨᠴᠠ ᠨᠠᠷ ᠠᠴᠠ ᠴᠦ ᠢᠯᠡᠬᠦᠦ ᠲᠤᠷᠠᠰᠤᠯ ᠪᠤᠳᠤᠯᠭᠠᠰᠢᠷᠠᠯ ᠳᠤ ᠰᠢᠬᠢᠳᠤᠬᠦᠯᠵᠦ᠂ ᠰᠡᠳᠬᠢᠯ | ᠵᠢᠷᠦᠬᠡ ᠶᠢ ᠡᠮᠵᠡᠭᠯᠡᠭᠦᠯᠵᠦ ᠪᠢᠯᠡ᠃ | ᠲᠡᠭᠡᠳᠦ ᠶᠢᠨ ᠦᠶ᠎ᠡ ᠠᠴᠠ ᠠᠵᠦ ᠠᠮᠢᠳᠤᠷᠠᠯ ᠳᠤ ᠦᠨᠡᠨᠴᠢ ᠦᠢᠯᠡᠴᠢᠯᠡᠵᠦ ᠢᠷᠡᠭᠰᠡᠨ ᠲᠡᠭᠡᠷᠮ᠎ᠡ ᠶᠢᠨ ᠴᠢᠯᠠᠭᠤ | ᠮᠢᠨᠢ᠂ ᠡᠬᠡ ᠪᠠᠶᠢᠭᠠᠯᠢ ᠳᠠᠬᠢ ᠠᠷᠢᠶᠠᠳᠠᠨ ᠤ ᠬᠠᠭᠠᠨ ᠤ ᠡᠷᠬᠡ ᠰᠦᠷ ᠢᠶᠠᠷ ᠡᠬᠡ ᠨᠤᠳᠤᠭ ᠤᠨ ᠰᠦᠷ ᠢ ᠡᠷᠭᠦᠨ᠂ | ᠨᠤᠳᠤᠭ ᠤᠰᠤᠨ ᠤ ᠵᠠᠩ ᠦᠢᠯᠡ᠂ ᠲᠠᠷᠢᠶᠠᠯᠠᠬᠤ ᠠᠮᠢᠳᠤᠷᠠᠯ ᠤᠨ ᠰᠤᠶᠤᠯ ᠤᠨ ᠨᠢᠭᠡᠨ ᠤ ᠬᠢᠨᠢ ᠬᠤᠪᠢ ᠪᠠᠷ | ᠪᠤᠷᠤᠭᠵᠢᠭᠤᠨ ᠭᠤᠸ᠎ᠠ ᠤᠴᠢᠷ ᠤᠳᠬ᠎ᠠ᠂ ᠲᠦᠷᠢ ᠲᠦᠷᠬᠦ ᠪᠠᠷ ᠢᠶᠠᠨ ᠠᠷᠪᠠᠨ ᠲᠠᠪᠤᠨ ᠤ ᠰᠠᠷᠠᠨ ᠰᠢᠭ᠋ ᠲᠡᠷᠭᠡᠯ | ᠪᠦᠳᠦᠨ ᠢᠶᠠᠷ ᠤᠶᠤᠨ ᠰᠦᠨᠡᠰᠦᠨ ᠤ ᠡᠴᠢᠨ᠎ᠡ ᠳᠤ ᠴᠠᠬᠢᠯᠤᠨ ᠴᠠᠬᠢᠯᠤᠭᠠᠳ ᠁ | ᠤᠪᠤᠭᠠᠨ ᠴᠢᠯᠠᠭᠤ | ᠤᠯᠠᠩᠬᠢ ᠬᠦᠮᠦᠰ ᠴᠢᠯᠠᠭᠤ ᠶᠢ ᠡᠩ ᠤᠨ ᠪᠤᠳᠠᠰ ᠭᠡᠵᠤ ᠤᠶᠢᠰᠢᠶᠠᠬᠤ ᠴᠦ ᠦᠭᠡᠢ ᠨᠢ ᠦᠨᠡᠨ᠃ ᠬᠠᠷᠢᠨ | ᠮᠢᠨᠦ ᠡᠵᠢ ᠴᠡᠴᠡᠷᠯᠢᠭ ᠲᠤ ᠵᠤᠭᠠᠴᠡᠪᠠᠴᠦ᠂ ᠬᠦᠳᠡᠭᠡ ᠲᠤᠭᠤᠷᠢᠪᠠᠴᠦ᠂ ᠬᠡᠨ ᠤ ᠬᠤᠷᠢᠶᠠᠯᠠᠯ ᠳᠤ ᠤᠷᠤᠪᠠᠴᠦ ᠴᠢᠯᠠᠭᠤ | ︽ᠬᠤᠯᠠᠭᠠᠶᠢᠯᠠᠬᠤ︾ ᠭᠡᠳ ᠪᠠᠶᠢᠳᠠᠭ ᠪᠦᠭᠡᠳ ︽ᠡᠨᠡ ᠴᠢᠨᠢ ᠦᠨᠳᠡᠭᠡᠨ ᠴᠢᠯᠠᠭᠤ᠂ ᠡᠨᠡ ᠨᠢ ᠦᠬᠡᠭᠦᠨ ᠴᠢᠯᠠᠭᠤ︾ | ᠁ ᠭᠡᠵᠤ ᠲᠦᠳᠦᠨᠡᠭᠡᠳ ᠪᠠᠶᠢᠳᠠᠭ᠃ | ᠲᠡᠶᠢᠮᠦ᠃ ᠴᠢᠯᠠᠭᠤ ᠶᠢ ᠤᠷᠤᠰᠢᠯ ᠤᠷᠤᠨ ᠪᠠᠶᠢᠷᠢ ᠪᠠᠷ ᠨᠢ ᠤᠷᠤᠰᠬᠠᠯ ᠤᠨ ᠴᠢᠯᠠᠭᠤ᠂ ᠠᠭᠤᠯᠠᠨ ᠴᠢᠯᠠᠭᠤ᠂ | ᠡᠭᠦᠳᠡᠨ ᠴᠢᠯᠠᠭᠤ᠂ ᠬᠠᠳᠠᠨ ᠴᠢᠯᠠᠭᠤ ᠭᠡᠵᠤ︔ ᠪᠡᠶ᠎ᠡ ᠪᠠᠷ ᠨᠢ ᠦᠭᠡᠷ ᠴᠢᠯᠠᠭᠤ᠂ ᠬᠤᠨᠢᠨ ᠴᠢᠯᠠᠭᠤ᠂ ᠦᠨᠳᠡᠭᠡᠨ | ᠴᠢᠯᠠᠭᠤ ᠭᠡᠵᠤ︔ ᠬᠡᠷᠡᠭᠴᠡᠭᠡ ᠪᠠᠷ ᠨᠢ ᠲᠡᠭᠡᠷᠮ᠎ᠡ ᠶᠢᠨ ᠴᠢᠯᠠᠭᠤ᠂ ᠪᠢᠯᠡᠬᠦᠦ ᠴᠢᠯᠠᠭᠤ᠂ ᠨᠤᠭᠤᠭ᠎ᠠ ᠲᠠᠷᠤᠰᠢᠭᠤᠯᠬᠤ | ᠴᠢᠯᠠᠭᠤ᠂ ᠪᠠᠷᠢᠯᠭ᠎ᠠ ᠶᠢᠨ ᠴᠢᠯᠠᠭᠤ᠂ ᠡᠪᠡᠳᠴᠢᠨ ᠠᠨᠠᠭᠠᠳᠠᠭ ᠴᠢᠯᠠᠭᠤ ᠭᠡᠵᠤ︔ ᠦᠩᠭᠡ ᠪᠠ ᠰᠢᠷᠬᠡᠭ ᠢᠶᠠᠷ ᠨᠢ | ᠬᠦᠭᠡ ᠴᠢᠯᠠᠭᠤ᠂ ᠬᠦᠷᠡᠩ ᠴᠢᠯᠠᠭᠤ᠂ ᠪᠤᠷᠦ ᠴᠢᠯᠠᠭᠤ᠂ ᠴᠠᠭᠠᠨ ᠴᠢᠯᠠᠭᠤ᠂ ᠲᠠᠪᠤᠰᠤᠨ ᠴᠢᠯᠠᠭᠤ᠂ ᠦᠬᠡᠬᠦᠨᠳᠡᠢ | ᠴᠢᠯᠠᠭᠤ᠂ ᠮᠤᠭᠠᠢ ᠲᠤᠯᠢᠶᠠᠭᠰᠠᠨ ᠴᠢᠯᠠᠭᠤ ᠭᠡᠵᠤ︔ ᠤᠳᠬ᠎ᠠ ᠴᠢᠨᠠᠷ ᠢᠶᠠᠷ ᠨᠢ ᠲᠤᠷᠠᠰᠬᠠᠯ ᠤᠨ ᠴᠢᠯᠠᠭᠤ᠂ ᠭᠤᠶᠤᠯᠠᠯ | ᠵᠠᠰᠠᠯ ᠤᠨ ᠴᠢᠯᠠᠭᠤ᠂ ᠰᠢᠨᠵᠢᠯᠡᠭᠡᠨ ᠤ ᠴᠢᠯᠠᠭᠤ᠂ ᠬᠦᠢ ᠲᠠᠷᠤᠭᠰᠠᠨ ᠴᠢᠯᠠᠭᠤ᠂ ᠲᠡᠷᠡ ᠶᠢᠨ ᠴᠢᠯᠠᠭᠤ᠂ ᠤᠪᠤᠭᠠᠨ | ᠴᠢᠯᠠᠭᠤ ᠁ ᠭᠡᠵᠤ ᠤᠯᠡᠨ ᠲᠦᠷᠦᠯ ᠬᠤᠪᠢᠶᠠᠳᠠᠭ ᠪᠦᠭᠡᠳ ᠮᠦᠩᠭᠡ ᠶᠢᠨ ᠰᠠᠶᠢᠬᠠᠨ ᠤᠳᠬ᠎ᠠ ᠴᠢᠨᠠᠷ ᠲᠠᠢ | ᠪᠠᠶᠢᠳᠠᠭ ᠢ ᠲᠤᠮᠤᠭᠠᠵᠢᠵᠦ ᠢᠳᠡᠷᠵᠢᠬᠦ ᠶᠢ ᠲᠠᠭᠠᠯᠳᠤᠨ ᠮᠡᠳᠡᠭᠰᠡᠨ ᠶᠤᠮ᠃ | ᠤᠪᠤᠭᠠᠨ ᠴᠢᠯᠠᠭᠤ ᠭᠡᠵᠤ ᠲᠡᠷᠡ ᠪᠦᠬᠦᠨ ᠤ ᠲᠤᠮᠳᠠ ᠪᠠᠨ ᠶᠡᠷᠦᠩᠬᠡᠶᠢᠯᠡᠵᠦ ᠬᠤᠷᠢᠶᠠᠩᠭᠤᠶᠢᠯᠠᠭᠰᠠᠨ᠂ | ᠬᠠᠮᠤᠭ ᠤᠨ ᠡᠷᠬᠢᠮ ᠰᠠᠶᠢᠬᠠᠨ ᠤ ᠪᠦᠷᠢᠯᠸ᠎ᠠ᠂ ᠤᠳᠬ᠎ᠠ ᠴᠢᠨᠠᠷ ᠢᠶᠠᠷ ᠬᠠᠮᠤᠭ ᠤᠨ ᠬᠦᠨᠳᠦ ᠨᠢᠭᠡ ᠨᠢ᠃ ᠮᠢᠨᠦ | ᠰᠠᠭᠤᠭ᠎ᠠ ᠨᠤᠳᠤᠭ ᠤᠨ ᠠᠷᠦ ᠳᠤ ︽ᠬᠡᠰᠢᠭᠳᠦ ᠤᠪᠤᠭ᠎ᠠ︾ ᠶᠢ ᠪᠤᠰᠬᠠᠭᠰᠠᠨ ᠶᠠᠪᠤᠴᠠ ᠨᠢ ᠨᠠᠳᠠ ᠳᠤ ᠲᠤᠩ | ᠴᠢᠬᠤᠯᠠ ᠤᠯᠵᠠᠷᠬᠠᠯ ᠪᠤᠯᠤᠭᠰᠠᠨ᠃ ᠴᠢᠯᠠᠭᠤᠨ ᠳᠤ ᠨᠠᠭᠠᠯᠳᠤᠭᠰᠠᠨ ᠪᠤᠬᠢᠷ ᠪᠤᠷᠳᠠᠭ᠂ ᠪᠠᠷᠴᠢᠳ ᠪᠦᠬᠦᠨ ᠢ | ᠨᠤᠮ ᠤᠨ ᠲᠠᠭᠤ᠂ ᠲᠠᠷᠨᠢ ᠶᠢᠨ ᠬᠦᠴᠦ ᠪᠠᠷ ᠠᠷᠢᠭᠤᠯᠠᠬᠤ ᠭᠡᠵᠤ ᠲᠤᠯᠤᠭᠠᠨ ᠡᠳᠦᠷ ᠨᠤᠮ ᠤᠩᠰᠢᠭᠤᠯᠵᠠᠢ᠃ | ᠡᠨᠡ ᠨᠢ ᠤᠪᠤᠭᠠᠨ ᠳᠤ ᠤᠷᠤᠬᠤ ᠰᠢᠷᠬᠡᠭ ᠴᠢᠯᠠᠭᠤ ᠪᠦᠬᠦᠨ ᠤ ᠲᠤᠭᠠᠯᠠᠩ ᠢᠶᠠᠷ ᠦᠭᠡᠳᠡ ᠰᠠᠶᠢᠬᠠᠨ ᠡᠷᠡᠭᠦᠯ | ᠪᠦᠳᠦᠨ ᠤ ᠷᠢᠳᠢ ᠰᠢᠳᠢ ᠰᠤᠨᠤᠷᠳᠠᠭᠤᠯᠤᠨ ᠠᠭᠤᠰᠬᠠᠵᠦ᠂ ᠰᠢᠨ᠎ᠡ ᠪᠤᠰᠬᠠᠭᠰᠠᠨ ᠤᠪᠤᠭᠠᠨ ᠤ ᠴᠢᠯᠠᠭᠤ | ᠪᠦᠬᠦᠨ ᠠᠴᠠ ᠨᠤᠳᠤᠭ ᠤᠰᠤᠨ ᠤ ᠢᠷᠡᠭᠡᠳᠦᠢ ᠶᠢᠨ ᠬᠦᠭᠵᠢᠯ ᠪᠠᠳᠠᠷᠠᠯ ᠪᠠ ᠪᠠᠶᠠᠨ ᠬᠦᠴᠦᠷᠭᠡᠭ ᠤᠨ ᠭᠢᠯᠪᠠᠭ᠎ᠠ | ᠤᠷᠭᠤᠭᠤᠯᠵᠠᠢ ᠭᠡᠵᠤ ᠲᠠᠨᠢᠵᠠᠢ᠃ ᠶᠠᠭ ᠡᠶᠢᠮᠦ ᠠᠴᠠ ᠤᠪᠤᠭᠠᠨ ᠳᠤ ᠤᠷᠤᠭᠰᠠᠨ ᠴᠢᠯᠠᠭᠤ ᠪᠦᠬᠦᠨ ᠨᠢ ᠨᠤᠳᠤᠭ | ᠤᠰᠤᠨ ᠤ ᠬᠦᠮᠦᠨ ᠵᠤᠨ ᠤ ᠶᠠᠭᠤ ᠪᠦᠬᠦᠨ ᠤ ᠬᠢᠨᠢ ᠦᠬᠦᠰᠢ ᠦᠭᠡᠢ ᠮᠦᠩᠬᠡ᠂ ᠦᠭᠦᠭᠡᠷᠡᠰᠢ ᠦᠭᠡᠢ ᠪᠠᠶᠠᠨ᠂ | ᠤᠨᠳᠠᠷᠠᠰᠢ ᠦᠭᠡᠢ ᠲᠦᠯᠦ᠂ ᠤᠬᠤᠷᠢᠰᠢ ᠦᠭᠡᠢ ᠬᠠᠳᠠᠨ᠂ ᠴᠠᠷᠴᠠᠰᠢ ᠦᠭᠡᠢ ᠬᠠᠶᠢᠯᠭᠠᠨ ᠁ ᠪᠠᠶᠢᠬᠤ ᠶᠢ | ᠲᠦᠯᠦᠭᠡᠯᠡᠵᠦ᠂ ᠪᠡᠯᠭᠡᠳᠡᠵᠦ᠂ ᠵᠦᠩᠨᠡᠵᠦ ᠪᠠᠶᠢᠳᠠᠭ᠃ | ᠤᠯᠠᠨ ᠤᠯᠠᠨ ᠴᠢᠯᠠᠭᠤ ᠶᠢ ᠵᠡᠷᠬᠡᠯᠡᠨ ᠲᠠᠯᠪᠢᠵᠦ ᠤᠪᠤᠭ᠎ᠠ ᠪᠤᠰᠬᠠᠬᠤ ᠳᠤ ᠪᠠᠰᠠ ᠶᠡᠭᠡ ᠠᠷᠪᠢᠨ ᠤᠴᠢᠷ | ᠶᠤᠰᠤ ᠲᠠᠢ ᠭᠡᠵᠤ ᠨᠠᠶᠠ ᠭᠠᠷᠤᠭᠰᠠᠨ ᠪᠠᠶᠠᠨᠪᠤᠯᠠᠭ ᠨᠠᠰᠤᠳᠠᠨ ᠠᠴᠠ ᠰᠤᠨᠤᠰᠤᠭᠰᠠᠨ᠃ ᠤᠪᠤᠭᠠᠨ ᠴᠢᠯᠠᠭᠤ ᠶᠢ | ᠶᠤᠰᠤᠨ ᠳᠠᠭᠠᠨ ᠨᠠᠢᠮᠠᠨ ᠶᠡᠭᠡ ᠠᠭᠤᠯᠠ ᠪᠡ ᠭᠡᠭᠡᠨ ᠤᠷᠤᠰᠬᠠᠯᠳᠦ ᠨᠠᠶᠠᠨ ᠭᠤᠤᠯ ᠤᠨ ᠬᠦᠪᠡᠭᠡᠨ ᠠᠴᠠ᠂ ᠪᠠᠰᠠ | ᠤᠳᠠᠢ ᠠᠭᠤᠯᠠᠨ ᠠᠴᠠ ᠪᠠᠳᠢᠷᠯᠠᠵᠦ ᠠᠪᠴᠢᠷᠠᠨ ᠡᠬᠢ ᠬᠦᠷᠦᠩᠭᠡ ᠪᠤᠯᠭᠠᠳᠠᠭ ᠭᠡᠨ᠎ᠡ᠃ ᠮᠢᠨᠦ ᠨᠤᠳᠤᠭ ᠤᠨ ︽ | ᠬᠡᠰᠢᠭᠳᠦ ᠤᠪᠤᠭ᠎ᠠ︾ ᠶᠢᠨ ᠬᠦᠷᠦᠩᠭᠡ ᠶᠢ ᠶᠠᠭ ᠡᠶᠢᠮᠦ ᠡᠳᠡᠭᠡᠳ ᠡᠷᠬᠢᠨ ᠶᠤᠰᠤ ᠪᠠᠷ ᠪᠦᠷᠢᠳᠦᠭᠦᠯᠦᠭᠰᠡᠨ ᠡᠰᠡᠭᠦ ᠶᠢ | ᠪᠢ ᠦᠨᠡᠭᠡᠷ ᠮᠡᠳᠡᠭᠰᠡᠨ ᠦᠭᠡᠢ᠃ | ᠪᠠᠶᠠᠨᠪᠤᠯᠠᠭ ᠨᠠᠰᠤᠳᠠᠨ ᠤ ᠬᠡᠯᠡᠬᠦ ᠪᠠᠷ᠂ ᠦᠨᠢ ᠡᠷᠳᠡᠨ ᠠᠴᠠ ᠤᠪᠤᠭ᠎ᠠ ᠪᠤᠰᠬᠠᠬᠤ ᠳᠠᠭᠠᠨ ᠦᠷᠡᠵᠢᠯ | ᠬᠦᠭᠵᠢᠯ ᠤᠨ ᠪᠡᠯᠬᠡ ᠲᠡᠮᠳᠡᠭ ᠭᠡᠵᠤ ᠤᠪᠤᠭᠠᠨ ᠤ ᠰᠠᠭᠤᠷᠢᠨ ᠳᠤᠨᠢ ᠪᠤᠭᠤᠳᠠᠢ᠂ ᠲᠤᠳᠤᠷᠭ᠎ᠠ᠂ ᠪᠤᠷᠴᠠᠭ᠂ ᠨᠠᠷᠢᠮᠦ᠂ | ᠰᠢᠯᠥᠬᠡᠢ ᠵᠡᠷᠭᠡ ᠲᠠᠪᠤᠨ ᠲᠠᠷᠢᠶᠠᠨ ᠤ ᠦᠷ᠎ᠡ ᠶᠢ ᠪᠤᠯᠠᠵᠦ᠂ ᠪᠦᠬᠡ ᠰᠠᠪᠠᠨ ᠳᠤ ᠤᠰᠤ ᠬᠢᠵᠦ ᠪᠠᠬᠢᠯᠡᠨ ᠲᠠᠯᠪᠢᠳᠠᠭ᠃ | ᠭᠡᠬᠦ ᠳᠡᠭᠡᠨ ᠲᠡᠷᠡ ᠤᠰᠤ ᠨᠢ ᠲᠦᠷᠪᠡᠨ ᠲᠠᠯᠠᠢ ᠶᠢᠨ ᠤᠰᠤ ᠪᠤᠶᠤ ᠯᠠᠪᠷᠦ᠋ᠩ᠂ ᠬᠦᠮᠪᠦᠮ᠂ ᠲᠦᠪᠡᠳ᠂ ᠤᠳᠠᠢ ᠶᠢᠨ | ᠪᠤᠯᠠᠭ ᠵᠡᠷᠭᠡ ᠶᠢᠨ ᠪᠤᠷᠬᠠᠨ ᠤᠷᠤᠨ ᠠᠴᠠ ᠭᠤᠶᠤᠵᠦ ᠠᠪᠴᠢᠷᠠᠭᠰᠠᠨ ᠤᠰᠤ ᠪᠠᠶᠢᠬᠤ ᠭᠡᠷᠡᠭᠳᠡᠢ᠃ ᠤᠪᠤᠭᠠᠨ ᠤ | ᠭᠤᠤᠯ ᠳᠤᠨᠢ ᠤᠳᠠ ᠮᠤᠳᠤ ᠶᠢ ᠪᠤᠰᠬᠠᠬᠤ ᠶᠤᠰᠤ ᠲᠠᠢ᠃ ᠤᠪᠤᠭᠠᠨ ᠤ ᠭᠤᠤᠯ ᠳᠠᠬᠢ ᠣᠳᠠ ᠮᠤᠳᠤ ᠪᠠᠷ ᠡᠭᠡ ᠶᠢᠨ | ᠪᠡᠯᠬᠡᠳᠡᠯ ᠪᠤᠯᠭᠠᠵᠤ᠂ ᠤᠪᠤᠭᠠᠨ ᠴᠢᠯᠠᠭᠤ ᠪᠠᠷ ᠡᠴᠢᠭᠡ ᠶᠢᠨ ᠪᠡᠯᠬᠡᠳᠡᠯ ᠪᠤᠯᠭᠠᠳᠠᠭ᠃ ᠡᠷᠳᠡᠨ ᠤ ᠦᠶ᠎ᠡ ᠳᠤ | ᠤᠪᠤᠭ᠎ᠠ ᠶᠢ ᠪᠠᠰᠠ ᠡᠬᠡ ᠬᠦ᠋ᠮᠦᠨ ᠤ ᠬᠦᠬᠦᠨ ᠬᠡᠯᠪᠡᠷᠢᠳᠡᠢ ᠭᠡᠵᠦ ᠠᠮᠢ ᠨᠠᠰᠤᠨ ᠤ ᠪᠡᠯᠭᠡᠳᠡᠯ ᠴᠦ ᠬᠡᠳᠡᠭ᠃ ᠬᠦᠮᠦᠨ | ᠡᠨᠡ ᠶᠢᠷᠳᠢᠨᠴᠦ ᠳᠤ ᠢᠷᠡᠮᠡᠭᠴᠡ ᠡᠬᠡ ᠶᠢᠨ ᠢᠶᠠᠨ ᠬᠦᠬᠦ ᠶᠢ ᠰᠢᠮᠡᠵᠦ ᠠᠮᠢ ᠨᠠᠰᠦ ᠪᠠᠨ ᠦᠷᠭᠦᠯᠵᠢᠯᠡᠬᠦᠯᠳᠡᠭ ᠤᠨ | ᠤᠴᠢᠷ ᠠᠴᠠ ᠢᠩᠭᠢᠵᠦ ᠪᠡᠯᠬᠡᠳᠡᠳᠡᠭ ᠪᠠᠶᠢᠵᠠᠢ᠃ | ᠤᠪᠤᠭᠠᠨ ᠴᠢᠯᠠᠭᠤ ᠭᠡᠵᠤ ᠨᠢᠭᠡᠳ ᠨᠢᠭᠡ ᠪᠠᠷ ᠢᠶᠠᠨ ᠡᠴᠢᠭᠡ ᠬᠦᠮᠦᠨ ᠪᠦᠭᠡᠳ ᠠᠮᠢ ᠠᠮᠢᠵᠢᠷᠠᠯ ᠤᠨ ᠡᠰ | ᠪᠦᠬᠦᠨ ᠢ ᠲᠦᠯᠦᠭᠡᠯᠡᠵᠦ ᠪᠠᠶᠢᠳᠠᠭ ᠠᠵᠢ᠃ ᠡᠳᠡᠭᠡᠷ ᠤᠴᠢᠷ ᠶᠤᠰᠤ ᠶᠢ ᠮᠡᠳᠡᠳᠡᠭ ᠬᠦᠮᠦᠨ ᠪᠦᠬᠦᠨ ᠤᠪᠤᠭᠠᠨ | ᠴᠢᠯᠠᠭᠤ ᠶᠢ ᠬᠦᠨᠳᠦᠳᠭᠡᠳᠡᠭ ᠪᠦᠭᠡᠳ ᠤᠪᠤᠭᠠᠨ ᠳᠤ ᠴᠢᠯᠠᠭᠤ ᠲᠠᠯᠪᠢᠬᠤ ᠶᠢ ᠡᠷᠬᠢᠮᠯᠡᠳᠡᠭ᠃ ᠵᠠᠮ ᠢᠶᠠᠷ ᠦᠩᠭᠡᠷᠡᠬᠦ | ᠬᠦᠮᠦᠨ ᠴᠦ ᠮᠤᠷᠢ ᠤᠨᠤᠭᠠᠨ ᠠᠴᠠ ᠪᠠᠨ ᠪᠠᠭᠤᠭᠠᠳ ᠤᠪᠤᠭᠠᠨ ᠳᠠᠭᠠᠨ ᠴᠢᠯᠠᠭᠤ ᠲᠠᠯᠪᠢᠵᠦ ᠮᠦᠷᠭᠦᠭᠡᠳ ᠰᠠᠶ᠋ᠢ | ᠮᠤᠷᠳᠠᠳᠠᠭ ᠭᠡᠨ᠎ᠡ᠃ ᠠᠮᠠᠨ ᠲᠠᠷᠨᠢ ᠤᠩᠰᠢᠵᠦ ᠪᠠᠶᠢᠭᠠᠳ ᠭᠤᠷᠪᠠᠨ ᠴᠢᠯᠠᠭᠤ ᠲᠠᠯᠪᠢᠨ᠎ᠠ᠃ ᠤᠪᠤᠭ᠎ᠠ ᠶᠢ ᠨᠠᠷᠠᠨ ᠵᠦᠪ | ᠡᠷᠭᠢᠯᠳᠡ ᠪᠠᠷ ᠨᠢᠭᠡ ᠡᠷᠭᠢᠪᠡᠯ ᠨᠢᠭᠡ ᠴᠢᠯᠠᠭᠤ ᠲᠠᠯᠪᠢᠨ᠎ᠠ᠃ ᠭᠤᠷᠪᠠ ᠡᠷᠭᠢᠭᠡᠳ ᠭᠤᠷᠪᠠᠨ ᠴᠢᠯᠠᠭᠤ ᠲᠠᠯᠪᠢᠳᠠᠭ | ᠵᠠᠩᠰᠢᠯ ᠲᠠᠢ᠃ ᠶᠠᠭ ᠡᠶᠢᠮᠦ ᠠᠴᠠ ᠤᠪᠤᠭᠠᠨ ᠴᠢᠯᠠᠭᠤᠨ ᠳᠤ ᠡᠶᠢᠮᠦ ᠡᠷᠬᠢᠮ ᠰᠠᠶᠢᠬᠠᠨ ᠤᠳᠬ᠎ᠠ ᠴᠢᠨᠠᠷ᠂ ᠡᠭᠡᠯ | ᠬᠦᠨᠳᠦ ᠡᠬᠢ ᠶᠤᠰᠤᠨ᠂ ᠦᠭᠡᠳᠡ ᠰᠠᠶᠢᠬᠠᠨ ᠤ ᠢᠳᠡᠭᠡᠯ ᠨᠠᠶᠢᠳᠠᠯᠭ᠎ᠠ ᠲᠠᠢ ᠪᠠᠶᠢᠵᠠᠢ᠃ | ᠤᠪᠤᠭᠠᠨ ᠴᠢᠯᠠᠭᠤ ᠶᠢ ᠬᠠᠷᠠᠬᠤ ᠪᠦᠷᠢ ᠨᠤᠳᠤᠭ ᠦᠭᠰᠦᠭᠦᠯᠥᠨ᠂ ᠬᠤᠳᠤᠭ ᠰᠤᠯᠤᠩᠭᠠᠷᠠᠭᠤᠯᠵᠦ ᠪᠠᠶᠢᠭ᠎ᠠ | ᠲᠠᠷᠬᠠᠨ ᠡᠵᠡᠳ ᠭᠡᠵᠤ ᠰᠡᠳᠬᠢᠯ ᠵᠢᠷᠦᠬᠡᠨ ᠠᠴᠠ ᠪᠠᠨ ᠲᠤᠭᠳᠤᠯᠤᠭᠠᠳ ᠯᠡ ᠪᠠᠶᠢᠳᠠᠭ᠃ ᠦᠩᠭᠡᠷᠡᠭᠰᠡᠨ᠂ ᠦᠨᠦᠳᠦᠷ | ᠂ ᠢᠷᠡᠭᠡᠳᠦᠢ ᠠᠯᠢ ᠪᠦᠬᠦᠢ ᠲᠠᠪᠢᠯᠠᠩ ᠢ ᠨᠢ ᠪᠤᠳᠤᠪᠠᠯ ᠪᠤᠳᠤᠯᠭᠠᠰᠢᠷᠠᠭᠠᠳ ᠯᠡ ᠪᠠᠶᠢᠳᠠᠭ᠃ ᠤᠪᠤᠭᠠᠨ | ᠴᠢᠯᠠᠭᠤᠨ ᠠᠴᠠ ᠰᠠᠴᠤᠷᠠᠭᠰᠠᠨ ᠲᠤᠷᠭᠠᠨ ᠭᠡᠷᠡᠯ ᠨᠢ ᠬᠡᠯᠡ ᠤᠷᠭᠤᠴᠢᠬᠠᠭᠠᠳ ᠤᠶᠤᠨ ᠰᠦᠨᠡᠰᠦ᠂ ᠤᠬᠠᠭᠠᠨ | ᠮᠡᠳᠡᠷᠡᠯ ᠤᠷᠤᠭᠤ ᠠᠰ ᠴᠢᠭᠯᠡᠨ᠂ ᠤᠯᠠᠨ ᠤᠯᠠᠨ ᠬᠦᠨ ᠤᠬᠠᠭᠠᠨ ᠪᠠ ᠬᠠᠳᠠᠭᠤ ᠶᠤᠰᠤ ᠶᠢ ᠦᠪᠯᠡᠭᠦᠯᠦᠨ | ᠲᠠᠭᠤᠰᠤᠰᠢ ᠦᠭᠡᠢ ᠠᠨᠢᠷᠯᠠᠭᠠᠳ ᠯᠡ ᠪᠠᠶᠢᠳᠠᠭ᠃ | ᠵᠢᠯ ᠪᠦᠷᠢ ᠶᠢᠨ ᠪᠢᠯᠢᠭ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ᠎ᠠ᠂ ᠨᠠᠷᠠᠨ ᠪᠢᠳᠡᠭᠦᠦ ᠪᠠᠷ ᠬᠡᠰᠢᠭᠳᠦ | ᠤᠪᠤᠭᠠᠨ ᠤ ᠪᠠᠨ ᠴᠢᠯᠠᠭᠤ ᠪᠦᠬᠦᠨ ᠤ ᠬᠢᠨᠢ ᠤᠬᠠᠭᠠᠨ ᠰᠠᠨᠠᠭ᠎ᠠ ᠪᠠᠷ ᠦᠪᠡᠷ ᠢ ᠪᠠᠨ ᠠᠷᠢᠭᠤᠯᠠᠬᠤ᠂ ᠬᠤᠪᠢ | ᠲᠦᠬᠡᠷᠭᠡ ᠪᠠᠨ ᠲᠡᠪᠵᠢᠬᠦᠯᠬᠦ ᠪᠠᠷ ᠠᠭᠤᠯᠠᠨ ᠳᠠᠭᠠᠨ ᠮᠠᠴᠤᠳᠠᠭ ᠶᠤᠮ᠃ ᠲᠡᠷᠡ ᠦᠶ᠎ᠡ ᠳᠤ ᠤᠪᠤᠭᠠᠨ ᠴᠢᠯᠠᠭᠤᠳ | ᠰᠢᠷᠭᠡᠭ ᠰᠢᠷᠭᠡᠭ ᠢᠶᠠᠷ ᠢᠶᠠᠨ ᠭᠡᠷᠡᠯᠳᠦᠨ᠂ ᠬᠦᠷᠡᠩᠳᠦᠨ᠂ ᠴᠡᠩᠬᠡᠷᠯᠡᠨ ᠁ ᠡᠴᠢᠭᠡ ᠬᠦᠮᠦᠨ ᠢ ᠤᠷᠤᠯᠠᠨ᠂ | ᠬᠦᠮᠦᠰ ᠲᠤ ᠲᠤᠭᠠᠯᠠᠰᠢ ᠦᠭᠡᠢ ᠬᠠᠭᠠᠨ ᠤᠬᠠᠭᠠᠨ ᠶᠠᠷᠢᠵᠦ ᠪᠠᠶᠢᠬᠤ ᠴᠦ ᠰᠢᠭ᠋᠃ | ᠡᠨᠡᠷᠢᠯᠳᠦ ᠡᠴᠢᠭᠡ ᠶᠢᠨ ᠮᠢᠨᠢ ᠪᠡᠯᠭᠡᠳᠡᠯ ᠪᠤᠯᠤᠭᠰᠠᠨ ᠤᠪᠤᠭᠠᠨ ᠴᠢᠯᠠᠭᠤ᠂ ᠦᠨᠢᠳᠡ ᠭᠡᠷᠡᠯ ᠲᠠᠳᠠᠭᠤᠯᠤᠨ᠂ | ᠭᠡᠭᠡ ᠢᠪᠡᠭᠡᠭᠰᠡᠨ ᠴᠢᠭ ᠢᠶᠠᠷ ᠢᠶᠠᠨ ᠡᠬᠡ ᠤᠷᠤᠨ ᠤ ᠪᠠᠨ ᠭᠠᠵᠠᠷ ᠤᠰᠤᠨ ᠲᠡᠭᠡᠷ᠎ᠡ ᠰᠦᠨᠳᠡᠷᠯᠡᠨ ᠰᠦᠨᠳᠡᠷᠯᠡᠭᠡᠰᠡᠢ᠃ |