ᠭᠡᠵᠢᠭᠡ ᠪᠠᠨ ᠤᠬᠢᠶᠠᠭᠠᠳ ᠳᠠᠷᠣᠶᠢᠬᠠᠨ ᠦᠯᠢᠶᠡᠵᠦ ᠬᠠᠲᠠᠭᠠᠬᠤ ᠦᠦ︖
ᠨᠡᠶᠢᠲᠡᠯᠡᠭᠰᠡᠨ ᠴᠠᠭ᠄
2022/10/19
     ᠣᠷᠴᠢᠮ ᠳᠤ ᠮᠠᠰᠢ ᠣᠯᠠᠨ ᠬᠥᠮᠦᠨ ᠲᠣᠯᠣᠭᠠᠶ ᠪᠠᠨ ᠤᠬᠢᠶᠠᠭᠰᠠᠨ ᠤ ᠳᠠᠷᠠᠭ᠎ᠠ ᠳᠠᠷᠤᠢ ᠳᠤᠨᠢ ᠦᠯᠢᠶᠡᠵᠦ  ᠬᠠᠲᠠᠭᠠᠬᠤ ᠡᠰᠡᠬᠦ ᠶᠢ ᠰᠦᠯᠵᠢᠶᠡᠨ ᠳᠡᠭᠡᠷ᠎ᠡ  ᠮᠠᠷᠭᠤᠯᠳᠤᠵᠤ  ᠪᠠᠶᠢᠨ᠎ᠠ᠃  ᠪᠡᠭᠡᠵᠢᠩ  ᠶᠡᠭᠡ  ᠰᠤᠷᠭᠠᠭᠤᠯᠢ ᠶᠢᠨ  ᠨᠢᠭᠡᠳᠦᠭᠡᠷ  ᠡᠮᠨᠡᠯᠭᠡ ᠶᠢᠨ ᠬᠤᠷᠢᠶᠠᠨ ᠤ  ᠠᠷᠠᠰᠤᠨ ᠤ  ᠰᠠᠯᠠᠭᠠᠨ ᠤ  ᠡᠷᠬᠢᠯᠡᠭᠴᠢ  ᠡᠮᠴᠢ  ᠶᠠᠩ  ᠱᠤ᠋  ᠰᠢᠶᠠ  ᠢᠯᠡᠷᠬᠡᠶᠢᠯᠡᠬᠦ ᠳᠡᠭᠡᠨ᠄  ︽ᠲᠣᠯᠣᠭᠠᠶ ᠪᠠᠨ ᠤᠬᠢᠶᠠᠭᠰᠠᠨ ᠤ ᠳᠠᠷᠠᠭ᠎ᠠ ᠭᠡᠵᠢᠭᠡ ᠪᠠᠨ ᠳᠠᠷᠣᠶᠢᠬᠠᠨ ᠦᠯᠢᠶᠡᠨ ᠬᠠᠳᠠᠭᠠᠵᠤ ᠪᠣᠯᠬᠤ  ᠥᠬᠡᠶ︾᠂  ᠵᠠᠷᠢᠮ  ᠬᠥᠮᠦᠨ  ᠭᠡᠵᠢᠭᠡ ᠪᠠᠨ ᠤᠬᠢᠶᠠᠵᠤ ᠪᠠᠷᠠᠪᠠᠯ ᠴᠠᠬᠢᠯᠭᠠᠨ ᠦᠯᠢᠶᠡᠭᠦᠷ ᠢ ᠨᠡᠯᠢᠶᠡᠳ ᠶᠡᠭᠡ ᠬᠠᠯᠠᠭᠤᠨ ᠳᠤ ᠲᠣᠬᠢᠷᠠᠭᠤᠯᠤᠨ ᠦᠯᠢᠶᠡᠯᠭᠡᠳᠡᠭ᠂ ᠡᠨᠡ ᠦᠶ᠎ᠡ ᠳᠤ ᠭᠡᠵᠢᠭᠡᠨ ᠳᠣᠲᠣᠷᠠᠬᠢ ᠤᠰᠤ ᠨᠢ ᠠᠭᠤᠷᠰᠢᠭᠠᠳ ᠦᠰᠦ  ᠠᠮᠠᠷᠬᠠᠨ ᠬᠤᠭᠤᠷᠳᠠᠭ ᠭᠡᠪᠡ᠃ ᠠᠶᠠᠨᠳᠠᠭᠠᠨ ᠬᠠᠳᠠᠭᠠᠬᠤ ᠳᠤᠷᠠᠲᠠᠶ  ᠬᠥᠮᠦᠨ ᠳᠤ  ᠶᠠᠩ  ᠡᠮᠴᠢ  ᠰᠠᠨᠠᠭᠤᠯᠤᠭᠰᠠᠨ   ᠨᠢ᠄  ︽ᠠᠶᠠᠨᠳᠠᠭᠠᠨ‌ᠬᠠᠲᠠᠭᠠᠬᠤ ᠶᠠᠪᠤᠴᠠ ᠳᠤ ᠭᠡᠵᠢᠭᠡ ᠪᠠᠨ ᠪᠢᠲᠡᠭᠡᠶ ᠠᠬᠢᠨ ᠲᠠᠬᠢᠨ ᠰᠠᠮᠨᠠᠭᠠᠳ  ᠪᠤᠢ︾᠃  ᠦᠰᠦ  ᠨᠦᠢᠲᠠᠨ  ᠦᠶ᠎ᠡ  ᠳᠡᠭᠡᠨ᠂ ᠦᠰᠦᠨ ᠤ ᠦᠷᠦᠯᠲᠡ ᠶᠢᠨ ᠬᠦᠴᠦ ᠲᠦᠢᠯ ᠤᠨ ᠶᠡᠭᠡ᠂ ᠭᠡᠵᠢᠭᠡ ᠪᠠᠰᠠ ᠨᠡᠯᠢᠶᠡᠳ ᠬᠡᠪᠡᠷᠡᠭ ᠪᠠᠶᠢᠳᠠᠯ ᠳᠤ ᠤᠷᠤᠵᠤ᠂ ᠳᠠᠬᠢᠨ ᠳᠠᠪᠲᠠᠨ ᠰᠠᠮᠨᠠᠪᠠᠯ ᠭᠡᠵᠢᠭᠡ ᠶᠢ ᠭᠡᠮᠲᠦᠭᠡᠨ᠎ᠡ ᠭᠡᠯ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号