ᠡᠳᠡᠭᠡᠷ ᠢᠳᠡᠭᠡᠨ ᠢ ᠥᠯᠥᠨ ᠢᠶᠠᠷ ᠢᠳᠡᠵᠦ ᠪᠣᠯᠬᠤ ᠦᠭᠡᠢ
ᠨᠡᠶᠢᠲᠡᠯᠡᠭᠰᠡᠨ ᠴᠠᠭ᠄
2022/10/11
     ᠥᠯᠥᠨ ᠢᠶᠠᠷ ᠥᠳᠬᠡᠨ  ᠴᠠᠶ  ᠶᠡᠭᠡ  ᠤᠤᠭᠤᠬᠤ  ᠪᠤᠶᠤ  ᠺᠣᠹᠧ ᠬᠡᠲᠦᠷᠬᠡᠶ  ᠠᠷᠪᠢᠨ  ᠤᠤᠭᠤᠪᠠᠯ᠂  ᠵᠢᠷᠦᠬᠡᠨ  ᠴᠣᠬᠢᠯᠭ᠎ᠠ ᠲᠦᠷᠭᠡᠰᠴᠦ᠂ ᠴᠡᠭᠡᠵᠢ ᠪᠠᠭᠲᠠᠷᠠᠬᠤ᠂ ᠵᠢᠷᠦᠬᠡ ᠲᠦᠭᠰᠢᠬᠦ ᠵᠡᠷᠭᠡ ᠡᠪ ᠥᠬᠡᠶ ᠪᠠᠶᠢᠳᠠᠯ ᠢ ᠪᠣᠶ ᠪᠣᠯᠭᠠᠵᠤ ᠮᠡᠳᠡᠨ᠎ᠡ︔ ᠥᠯᠥᠨ ᠢᠶᠠᠷ ᠠᠷᠢᠬᠢ ᠤᠤᠭᠤᠪᠠᠯ ᠠᠮᠠᠷᠬᠠᠨ ᠴᠢᠰᠤᠨ ᠰᠢᠬᠢᠷ ᠳᠣᠣᠷ᠎ᠠ ᠪᠣᠯᠵᠤ᠂ ᠲᠣᠯᠣᠭᠠᠢ ᠡᠷᠭᠢᠬᠦ᠂ ᠬᠦᠢᠲᠡᠨ ᠬᠥᠯᠥᠰᠥ ᠭᠠᠷᠬᠤ ᠵᠡᠷᠭᠡ ᠡᠪ ᠦᠭᠡᠢ ᠰᠢᠨᠵᠢ ᠲᠡᠮᠳᠡᠭ ᠢᠯᠡᠷᠡᠨ᠎ᠡ᠃  ᠥᠯᠥᠨ ᠢᠶᠠᠷ  ᠬᠦᠢᠲᠡᠨ ᠢᠳᠡᠭᠡᠨ  ᠢᠳᠡᠬᠦ  ᠦᠬᠡᠢ  ᠪᠣᠯ  ᠰᠠᠶᠢᠨ᠃  ᠲᠡᠷᠡ ᠨᠢ  ᠬᠤᠳᠣᠭᠤᠳᠣ ᠭᠡᠳᠡᠰᠦᠨ ᠳᠤ ᠰᠡᠳᠦᠯᠲᠡ ᠥᠭᠴᠦ᠂ ᠤᠳᠠᠭᠠᠨ ᠳᠠᠭᠠᠨ ᠬᠤᠳᠣᠭᠤᠳᠣ ᠭᠡᠳᠡᠰᠦᠨ ᠤ ᠡᠪᠡᠳᠴᠢᠨ ᠢ ᠡᠭᠦᠰᠭᠡᠳᠡᠭ᠃  ᠬᠤᠳᠣᠭᠤᠳᠣ ᠭᠡᠨᠡᠳᠲᠡ ᠬᠦᠢᠲᠡᠨ ᠪᠣᠯᠬᠤ ᠨᠢ ᠵᠢᠷᠦᠬᠡᠨ ᠳᠤ ᠰᠡᠳᠦᠯᠲᠡ ᠥᠭᠴᠦ ᠮᠡᠳᠡᠨ᠎ᠡ᠃ ᠡᠶᠢᠮᠦ ᠠᠴᠠ ᠬᠦᠢᠲᠡᠨ ᠤᠮᠳᠠᠭᠠᠨ ᠢ ᠬᠠᠮᠤᠭ ᠰᠠᠶᠢᠨ ᠨᠢ ᠬᠤᠭᠤᠯᠠᠨ ᠤ ᠳᠤᠮᠳᠠ ᠤᠤᠭᠤᠨ᠎ᠠ᠂ ᠥᠯᠥᠨ ᠦᠶ᠎ᠡ ᠳᠤ᠂ ᠴᠠᠳᠲᠠᠯ᠎ᠠ ᠢᠳᠡᠭᠰᠡᠨ ᠤ  ᠳᠠᠷᠠᠭ᠎ᠠ  ᠪᠠ  ᠶᠡᠭᠡ ᠬᠥᠯᠥᠰᠥ ᠭᠠᠷᠬᠤ ᠦᠶ᠎ᠡ ᠳᠤ ᠪᠦᠷ ᠤᠤᠭᠤᠵᠤ ᠪᠣᠯᠬᠤ ᠦᠭᠡᠢ᠃              ᠥᠯᠥᠨ ᠢᠶᠠᠷ ᠲᠥᠪᠡᠳ ᠬᠠᠰᠢ ᠢᠳᠡᠵᠦ ᠪᠣᠯᠤᠨ᠎ᠠ᠃ ᠲᠦᠬᠦᠬᠡᠢ ᠲᠥᠪᠡᠳ ᠬᠠᠰᠢ ᠢᠳᠡᠬᠦ ᠦᠭᠡᠢ  ᠪᠣᠶᠣ  ᠡᠰᠡᠬᠦᠯ᠎ᠡ ᠨᠢᠭᠡ ᠯᠡ ᠳᠡᠭᠡᠷ᠎ᠡ ᠠᠷᠪᠢᠨ ᠢᠳᠡᠬᠦ ᠦᠬᠡᠢ ᠪᠣᠯ ᠰᠠᠶᠢᠨ᠃ ᠭᠡᠪᠡᠴᠦ ᠬᠤᠳᠣᠭᠤᠳᠣ ᠭᠡᠳᠡᠰᠦᠨ ᠤ  ᠠᠵᠢᠯᠯᠠᠭ᠎ᠠ ᠮᠠᠭᠤ ᠵᠠᠷᠢᠮ ᠬᠥᠮᠦᠰ᠂ ᠵᠢᠱᠢᠶᠡᠯᠡᠪᠡᠯ ᠥᠲᠡᠯᠦᠭᠡ ᠬᠥᠮᠦᠰ ᠥᠯᠥᠨ ᠢᠶᠠᠷ ᠲᠥᠪᠡᠳ ᠬᠠᠰᠢ ᠶᠢ  ᠠᠷᠪᠢᠨ ᠢᠳᠡᠵᠦ ᠪᠣᠯᠬᠤ ᠥᠬᠡᠶ᠃ ᠶᠡᠭᠡ ᠦᠯᠦᠰᠦᠭᠡᠳ ᠬᠤᠭᠤᠯᠠ ᠢᠳᠡᠬᠦ ᠳᠤ ᠪᠠᠰᠠ ᠡᠮᠦᠨ᠎ᠡ ᠬᠤᠶᠢᠨ᠎ᠠ ᠳᠡᠰ  ᠳᠠᠷᠠᠭ᠎ᠠ ᠲᠠᠢ ᠪᠠᠶᠢᠪᠠᠯ ᠵᠤᠬᠢᠨ᠎ᠠ᠃ ᠤᠷᠢᠳ ᠢᠶᠠᠷ ᠨᠣᠭᠤᠭ᠎ᠠ ᠵᠠᠭᠤᠰᠢ  ᠢᠳᠡᠵᠦ᠂  ᠳᠠᠷᠠᠭ᠎ᠠ ᠨᠢ  ᠮᠢᠬ᠎ᠠ ᠵᠡᠷᠭᠡ ᠤᠭᠤᠷᠠᠭ ᠲᠠᠢ ᠵᠥᠢᠯᠡᠰ ᠢᠳᠡᠨ᠎ᠡ᠃ ᠬᠡᠷᠪᠡ ᠡᠬᠢᠯᠡᠩᠭᠦᠳᠡ ᠮᠠᠰᠢ ᠣᠯᠠᠨ ᠲᠤᠲᠤᠷᠭᠠᠨ ᠭᠤᠯᠢᠷ ᠤᠨ ᠴᠠᠷᠳᠠᠭᠤᠯ ᠤᠨ ᠲᠥᠷᠥᠯ ᠤᠨ ᠢᠳᠡᠭᠡᠨ ᠢ ᠢᠳᠡᠪᠡᠯ ᠪᠠᠰᠠ ᠠᠮᠠᠷᠬᠠᠨ ᠴᠢᠰᠤᠨ‌‍ᠰᠢᠬᠢᠷ ᠢ ᠲᠦᠷᠭᠡᠨ ᠳᠡᠭᠡᠭᠰᠢᠯᠡᠭᠦᠯᠵᠦ᠂ ᠪᠡᠶ᠎ᠡ ᠶᠢᠨ ᠳᠣᠲᠣᠭᠠᠳᠤ ᠶᠢᠨ ᠨᠦᠢᠷ ᠤᠨ ᠠᠷᠠᠯ  ᠳᠤ ᠰᠡᠳᠦᠯᠲᠡ ᠥᠭᠭᠦᠨ᠎ᠡ᠃ ᠬᠠᠮᠤᠭ ᠰᠡᠭᠦᠯ ᠳᠤ ᠵᠢᠮᠢᠰ ᠢᠳᠡᠪᠡᠯ ᠵᠤᠬᠢᠨ᠎ᠠ᠂ ᠤᠴᠢᠷ ᠨᠢ  ᠵᠢᠮᠢᠰ ᠤᠨ  ᠰᠢᠬᠢᠷᠯᠢᠭ ᠤᠨ  ᠬᠡᠮᠵᠢᠶ᠎ᠡ  ᠶᠡᠭᠡ ᠮᠥᠷᠲᠡᠭᠡᠨ ᠪᠦᠷ ᠠᠮᠠᠷᠬᠠᠨ ᠰᠢᠩᠭᠡᠭᠡᠳᠡᠭ᠂ ᠬᠡᠷᠪᠡ ᠥᠯᠥᠨ ᠢᠶᠠᠷ ᠢᠳᠡᠪᠡᠯ ᠴᠢᠰᠤᠨ ᠰᠢᠬᠢᠷ ᠢ ᠪᠠᠰᠠ ᠠᠮᠠᠷᠬᠠᠨ ᠨᠡᠮᠡᠭᠳᠡᠭᠦᠯᠦᠨ᠎ᠡ᠃  ᠰᠢᠬᠢᠷᠯᠢᠭ ᠢᠳᠡᠭᠡᠨ ᠠᠴᠠ ᠬᠠᠮᠤᠭ ᠰᠠᠶᠢᠨ ᠨᠢ ᠬᠤᠯᠠᠬᠠᠨ ᠪᠤᠢ᠂ ᠬᠡᠷᠪᠡ ᠢᠳᠡᠶ᠎ᠡ ᠭᠡᠪᠡᠯ ᠬᠤᠭᠤᠯᠠᠨ ᠤ ᠲᠠᠷᠠᠭ᠎ᠠ ᠢᠳᠡᠭᠡᠷᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号