ᠢᠩᠭᠢᠵᠦ ᠢᠳᠡᠵᠦ ᠪᠣᠯᠬᠤ ᠥᠬᠡᠶ
ᠨᠡᠶᠢᠲᠡᠯᠡᠭᠰᠡᠨ ᠴᠠᠭ᠄
2022/10/10
     ᠵᠤᠨ ᠤ  ᠴᠠᠭ  ᠪᠣᠯ  ᠬᠠᠮᠤᠭ  ᠵᠢᠷᠭᠠᠯ ᠲᠠᠢ  ᠤᠯᠠᠷᠢᠯ᠂  ᠫᠢᠸᠤ᠋᠂  ᠬᠥᠬᠡ ᠪᠤᠷᠴᠠᠭ᠂ ᠲᠠᠷᠪᠤᠰ᠂ ᠨᠡᠭᠦᠷᠡᠰᠦ ᠬᠦᠴᠢᠯ ᠤᠨ ᠤᠮᠳᠠᠭᠠᠨ ᠁            1. ︽ᠬᠥᠬᠡ ᠪᠤᠷᠴᠠᠭ + ᠫᠢᠸᠤ᠋︾ ᠶᠢ ᠵᠠᠯᠭ᠎ᠠ ᠤᠤᠭᠤᠪᠠᠯ ᠲᠤᠯᠠᠢ ᠡᠪᠡᠳᠴᠢᠨ ᠤᠯᠬᠤ ᠠᠴᠠ ᠬᠢᠴᠢᠶᠡ᠂ ᠬᠠᠯᠠᠭᠤᠨ ᠤ ᠴᠠᠭ ᠲᠤ᠂ ᠲᠤᠯᠠᠢ ᠡᠪᠡᠳᠴᠢᠲᠡᠨ ᠡᠩ ᠤᠨ ᠦᠶ᠎ᠡ ᠶᠢᠨ ᠬᠢ ᠠᠴᠠ 30 % ᠠᠴᠠ  40  % ᠪᠠᠷ ᠨᠡᠮᠡᠭᠳᠡᠵᠦ᠂ ᠢᠳᠡᠭᠡᠨ ᠤᠮᠳᠠᠭᠠᠨ ᠳᠡᠭᠡᠷ᠎ᠡ ᠫᠢᠸᠤ᠋ ᠤᠤᠭᠤᠬᠤ ᠨᠢ ᠠᠷᠪᠢᠨ᠂ ᠤᠤᠯ ᠤᠨ ᠰᠢᠭᠡᠰᠦᠨ ᠬᠦᠴᠢᠯ ᠥᠨᠳᠥᠷ  ᠰᠠᠭᠤᠷᠢᠨ ᠳᠡᠭᠡᠷ᠎ᠡ ᠨᠡᠩ ᠥᠨᠳᠥᠷ ᠪᠤᠯᠵᠤ᠂ ᠬᠢᠵᠠᠭᠠᠷ ᠴᠡᠭ ᠢ ᠰᠢᠪᠲᠤᠯᠵᠤ᠂ ᠲᠤᠯᠠᠢ ᠡᠪᠡᠳᠴᠢᠨ ᠢ ᠡᠭᠦᠰᠭᠡᠳᠡᠭ᠃              2. ᠡᠳᠡᠭᠡᠷ ᠢᠳᠡᠰᠢᠨ ᠨᠣᠭᠤᠭ᠎ᠠ ᠪᠠ ᠪᠤᠷᠴᠠᠭ ᠪᠣᠯ ᠨᠢᠭᠤᠭᠳᠠᠮᠠᠯ ᠫᠦᠷᠢᠨ ᠤ ᠡᠳ᠋ ᠪᠣᠯᠤᠨ᠎ᠠ  ᠴᠥᠭᠡᠨ ᠪᠤᠰᠤ ᠤᠷᠭᠤᠮᠠᠯ ᠴᠢᠨᠠᠷᠲᠠᠶ  ᠢᠳᠡᠭᠡᠨ ᠨᠢ  ᠪᠠᠰᠠ  ᠨᠢᠭᠤᠭᠳᠠᠵᠤ  ᠪᠠᠶᠢᠭ᠎ᠠ  ᠫᠦᠷᠢᠨ ᠤ  ᠡᠳ᠋  ᠪᠠᠶᠢᠳᠠᠭ᠂  ᠵᠢᠱᠢᠶᠡᠯᠡᠪᠡᠯ ᠰᠢᠷ᠎ᠠ ᠪᠤᠷᠴᠠᠭ᠂ ᠨᠣᠭᠤᠭᠠᠨ ᠪᠤᠷᠴᠠᠭ᠂ ᠼᠠᠨᠳᠧᠦ  ᠪᠤᠷᠴᠠᠭ  ᠵᠡᠷᠭᠡ᠃  ᠬᠠᠲᠠᠭᠠᠭᠰᠠᠨ  ᠤᠯᠠᠭᠠᠨ  ᠨᠣᠭᠤᠭ᠎ᠠ ᠶᠢᠨ ᠫᠦᠷᠢᠨ ᠤ ᠠᠭᠤᠯᠤᠭᠳᠠᠴᠠ 4153 . 4 mg / kg ᠬᠦᠷᠴᠦ᠂ ᠴᠢᠨᠠᠭᠰᠢᠯᠠᠪᠠᠯ ᠵᠠᠷᠢᠮ ᠠᠮᠢᠲᠠᠨ ᠤ ᠳᠣᠲᠣᠷ  ᠡᠷᠬᠡᠲᠡᠨ ᠤ ᠫᠦᠷᠢᠨ ᠤ ᠠᠭᠤᠯᠤᠭᠳᠠᠴᠠ ᠠᠴᠠ ᠴᠤ ᠥᠨᠳᠥᠷ ᠪᠠᠶᠢᠳᠠᠭ᠃              3 . ᠤᠮᠳᠠᠭᠠᠨ ᠢ ᠬᠡᠮᠵᠢᠶ᠎ᠡ ᠲᠠᠢ ᠤᠤᠭᠤᠵᠤ ᠡᠳ᠋ᠯᠡᠵᠦ ᠪᠠᠶᠢᠭᠠᠷᠠᠢ᠃ ᠲᠤᠯᠠᠢ  ᠡᠪᠡᠳᠴᠢᠨ ᠢ  ᠰᠡᠷᠭᠡᠶᠢᠯᠡᠬᠦ ᠳᠤ ᠵᠢᠮᠢᠰ ᠤᠨ ᠰᠢᠬᠢᠷ ᠢ ᠪᠠᠰᠠ ᠬᠢᠵᠠᠭᠠᠷᠯᠠᠬᠤ ᠬᠡᠷᠡᠭᠲᠡᠶ᠂  ᠵᠤᠨ ᠳᠠᠭᠠᠨ ᠺᠧ ᠯᠧ᠂ ᠵᠢᠮᠢᠰ ᠤᠨ ᠰᠢᠭᠦᠰᠦ᠂ ᠡᠰᠡᠬᠦᠯ᠎ᠡ ᠲᠠᠷᠪᠤᠰ᠂ ᠪᠡᠷᠴᠢᠭᠢᠷ ᠯᠣᠣ ᠶᠢᠨ ᠨᠢᠳᠦ ᠢᠳᠡᠬᠦ   ᠨᠢ  ᠮᠠᠰᠢ ᠲᠠᠭᠠᠯᠠᠮᠵᠢᠲᠠᠶ ᠰᠠᠨᠠᠭᠳᠠᠨ᠎ᠠ᠂ ᠦᠨᠡᠨ ᠳᠡᠭᠡᠨ ᠢᠩᠭᠢᠬᠦ ᠨᠢ ᠵᠢᠮᠢᠰ ᠤᠨ ᠰᠢᠬᠢᠷ ᠢ  ᠬᠡᠲᠦᠷᠬᠡᠶ  ᠠᠷᠪᠢᠨ  ᠢᠳᠡᠭᠰᠡᠨ ᠠᠴᠠ  ᠪᠣᠯᠵᠤ ᠰᠢᠭᠡᠰᠦᠨ ᠬᠦᠴᠢᠯ ᠢ ᠮᠠᠰᠢ ᠠᠮᠠᠷᠬᠠᠨ ᠳᠡᠭᠡᠭᠰᠢᠯᠡᠭᠦᠯᠦᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号