ᠦᠯᠢᠭᠡᠷ ᠲᠤᠮᠤᠭᠲᠤ ᠡᠬᠦᠯᠡᠨ ᠴᠠᠩᠬᠡᠷ ᠪᠤᠳᠠᠷ
ᠨᠡᠶᠢᠲᠡᠯᠡᠭᠰᠡᠨ ᠴᠠᠭ᠄
2021/9/1
    ᠪᠤᠳᠠᠷ ᠤᠨ ᠴᠢᠯᠠᠭᠤᠨ ᠤ ᠦᠯᠢᠬᠡᠷ ᠲᠤᠮᠤᠭᠳᠤ ᠦᠵᠡᠮᠵᠢᠲᠦ ᠬᠠᠳᠠ ᠪᠤᠯᠭᠠᠨ ᠢ ᠲᠤᠭᠤᠷᠢᠨ ᠰᠤᠨᠢᠷᠬᠠᠵᠦ ᠭᠦᠨ ᠰᠡᠳᠬᠢᠭᠳᠡᠯ ᠬᠦᠨᠵᠡᠭᠡᠢ ᠰᠠᠭᠤᠭᠳᠠᠯ ᠲᠠᠢ ᠪᠤᠯᠤᠶ᠎ᠠ ᠭᠡᠪᠡᠯ ᠠᠳᠡ ᠬᠤᠨᠤᠭᠤᠳᠠ ᠦᠨᠵᠢᠭᠦᠳᠡ ᠲᠤᠬᠠᠯᠠᠨ ᠰᠠᠭᠤᠵᠦ ᠪᠠᠶᠢᠭᠠᠳ ᠨᠠᠷᠢᠨ ᠦᠵᠡᠵᠦ᠂ ᠨᠢᠮᠪᠡᠢ ᠰᠤᠨᠤᠰᠬᠤ ᠦᠬᠡᠢ ᠪᠤᠯᠬᠤ ᠦᠬᠡᠢ᠃ ᠨᠢᠳᠤᠨᠤᠨ ᠪᠢ ᠬᠡᠤᠬᠡᠳ ᠤᠳ ᠲᠠᠢ ᠪᠠᠨ ᠠᠳᠡ ᠢᠷᠡᠵᠦ ᠬᠠᠳᠠᠨ ᠤ ᠬᠢᠨᠢ ᠡᠩᠭᠡᠷ ᠲᠤ ᠬᠠᠨᠠᠲᠤ ᠴᠠᠭᠠᠨ ᠭᠡᠷ ᠢᠶᠠᠨ ᠪᠠᠷᠢᠵᠦ ᠲᠠᠪᠠᠯᠠᠭᠰᠠᠨ᠃ ᠲᠡᠭᠡᠭᠡᠳ ᠲᠡᠳᠡᠨ ᠢᠶᠠᠨ ᠲᠠᠭᠠᠭᠤᠯᠤᠨ ᠦᠵᠡᠮᠵᠢ ᠳᠦᠷᠰᠦ ᠨᠢ ᠰᠤᠨᠢᠬᠠᠨ ᠬᠠᠳᠠ ᠪᠤᠶᠤ ᠦᠯᠢᠭᠡᠷ ᠲᠤᠮᠤᠭ ᠲᠠᠢ ᠬᠠᠳᠠᠳ ᠢ ᠨᠢ ᠤᠨᠴᠠᠯᠠᠨ ᠰᠤᠨᠢᠷᠬᠠᠭᠤᠯᠤᠭᠰᠠᠨ ᠶᠤᠮ᠃ ᠬᠡᠤᠬᠡᠳ ᠪᠠᠭᠠᠴᠤᠳ ᠡᠬᠡ ᠪᠠᠶᠢᠭᠠᠯᠢ ᠠᠴᠠ ᠬᠦᠨᠳᠡᠶᠢᠷᠡᠵᠦ᠂ ᠪᠠᠶᠢᠭᠠᠯᠢ ᠲᠡᠯᠡᠬᠡᠢ ᠲᠠᠢ ᠪᠠᠨ ᠵᠦᠪ ᠬᠠᠷᠢᠴᠠᠬᠤ ᠤᠬᠠᠭᠠᠨ ᠢᠶᠠᠷ ᠳᠤᠲᠠᠮᠠᠭ ᠪᠤᠯᠤᠭᠠᠳ ᠪᠠᠶᠢᠬᠤ ᠰᠢᠭ᠋ ᠰᠠᠨᠠᠭᠳᠠᠳᠠᠭ ᠤᠴᠢᠷ ᠠᠴᠠ ᠲᠡᠳᠡᠨ ᠢ ᠬᠠᠷᠠᠬᠠᠨ ᠪᠠᠭ᠎ᠠ ᠠᠴᠠ ᠨᠢ ᠡᠬᠡ ᠪᠠᠶᠢᠭᠠᠯᠢ ᠲᠠᠢ ᠲᠠᠨᠢᠯᠴᠠᠭᠤᠯᠤᠨ ᠡᠯᠢᠭᠡᠮᠰᠦᠭᠦᠯᠵᠦ᠂ ᠪᠠᠶᠢᠭᠠᠯᠢ ᠲᠡᠯᠡᠬᠡᠢ ᠶᠢ ᠬᠠᠶᠢᠷᠠᠯᠠᠬᠤ ᠪᠤᠳᠤᠯ ᠰᠡᠳᠬᠢᠯ ᠲᠠᠢ ᠪᠤᠯᠭᠠᠨ ᠦᠰᠭᠡᠨ ᠪᠤᠶᠢᠵᠢᠭᠤᠯᠬᠤ ᠪᠤᠯ ᠬᠡᠷ ᠪᠦᠯᠢ ᠶᠢᠨ ᠬᠦᠮᠦᠵᠢᠯ ᠤᠨ ᠠᠭᠤᠯᠭ᠎ᠠ ᠶᠢᠨ ᠨᠢᠭᠡ ᠭᠡᠮᠡᠨ ᠰᠠᠨᠠᠨᠠᠮ᠃     ᠵᠤᠨ ᠤ ᠬᠠᠯᠠᠭᠤᠨ ᠳᠤ᠂ ᠪᠤᠳᠠᠷ ᠤᠨ ᠴᠢᠯᠠᠭᠤᠨ ᠤ ᠳᠤᠮᠳᠠ ᠬᠠᠨᠠᠳᠤ ᠭᠡᠷ ᠢᠶᠠᠨ ᠪᠠᠷᠢᠵᠦ᠂ ᠬᠠᠭᠠᠯᠭ᠎ᠠ ᠪᠠᠨ ᠨᠡᠭᠡᠭᠡᠨ᠂ ᠬᠠᠶᠠᠭ᠎ᠠ ᠪᠠᠨ ᠰᠢᠭᠤᠵᠦ ᠰᠠᠭᠤᠬᠤ ᠦᠨᠡᠬᠡᠷ ᠬᠠᠪᠤ ᠴᠡᠩᠬᠡᠯ ᠲᠠᠢ᠃ ᠬᠤᠷᠯᠤ ᠲᠤᠭᠤᠨᠤ ᠪᠠᠷ ᠨᠢ ᠬᠤᠷᠮᠤᠰᠳᠠ ᠲᠡᠭᠷᠢ ᠤᠶᠢᠷᠠᠬᠠᠨ ᠴᠡᠩᠬᠡᠷᠯᠡᠵᠦ᠂ ᠦᠨᠳᠦᠷ ᠬᠠᠳᠠᠨ ᠤ ᠰᠡᠵᠢᠭᠦᠷ ᠡᠭᠴᠡ ᠳᠡᠭᠡᠷ᠎ᠡ ᠠᠴᠠ ᠦᠩᠭᠡᠶᠢᠬᠦ ᠨᠢ ᠭᠡᠷ ᠤᠨ ᠲᠤᠳᠤᠷᠠᠬᠢ ᠶᠢ ᠰᠤᠨᠢᠭᠤᠴᠢᠯᠠᠨ ᠬᠠᠷᠠᠬᠤ ᠮᠡᠳᠦ᠃ ᠰᠢᠭᠤᠯᠳᠠ ᠲᠠᠢ ᠬᠠᠶᠠᠭ᠎ᠠ ᠪᠠᠷ ᠰᠡᠷ ᠰᠡᠷ ᠰᠡᠷᠢᠬᠦᠨ ᠰᠠᠯᠬᠢ ᠰᠡᠩᠭᠢᠨᠡᠨ᠂ ᠬᠠᠨ᠎ᠠ ᠶᠢᠨ ᠨᠢᠳᠤ ᠪᠠᠷ ᠭᠠᠳᠠᠭᠰᠢ ᠱᠠᠭᠠᠶᠢᠬᠤ ᠳᠤ ᠬᠠᠳᠠᠨ ᠠᠴᠠ ᠬᠠᠳᠠ ᠳᠠᠮᠵᠢᠨ ᠨᠢᠮᠬᠡᠨ ᠴᠡᠩᠬᠡᠷ ᠬᠤᠨᠢᠨ ᠵᠡᠷᠭᠡᠯᠬᠡᠨ ᠵᠢᠷᠪᠢᠯᠵᠡᠨ ᠬᠦᠶᠦᠨ᠎ᠡ᠃ ᠬᠡᠤᠬᠡᠳ ᠤᠳ ᠲᠤ ᠪᠠᠶᠢᠭᠠᠯᠢ ᠲᠠᠢ ᠠᠭᠤᠰᠤᠯᠴᠠᠭᠰᠠᠨ ᠡᠨᠡ ᠬᠦ ᠠᠮᠢᠳᠤᠷᠠᠯ ᠤᠷᠴᠢᠨ ᠶᠡᠬᠡᠳᠡ ᠲᠠᠭᠠᠯᠠᠭᠳᠠᠵᠦ᠄ ︽ᠪᠤᠳᠠᠷ ᠲᠤ ᠢᠷᠡᠭᠡᠳ ᠮᠤᠩᠭᠤᠯ ᠭᠡᠷ ᠲᠤ ᠰᠠᠭᠤᠬᠤ ᠶᠠᠮᠠᠷ ᠰᠠᠶᠢᠬᠠᠨ ᠶᠤᠮ ᠪᠤᠢ︾ ᠭᠡᠵᠦ ᠪᠠᠶᠠᠰᠤᠨ ᠬᠦᠭᠡᠷᠦᠯᠳᠦᠨ᠎ᠡ᠃     ᠡᠪᠦᠭᠡ ᠳᠡᠭᠡᠳᠦᠰ ᠮᠠᠨᠢ ᠡᠷᠳᠡ ᠳᠡᠭᠡᠷ᠎ᠡ ᠦᠶ᠎ᠡ ᠠᠴᠠ ᠦᠷᠦᠭᠡ ᠴᠠᠭᠠᠨ ᠭᠡᠷ ᠢᠶᠠᠨ ᠦᠭᠭᠦᠭᠡᠵᠢ ᠬᠡᠰᠢᠭ ᠲᠠᠢ ᠪᠤᠳᠠᠷ ᠤᠨ ᠢᠶᠠᠨ ᠬᠠᠳᠠᠨ ᠳᠤᠮᠳᠠ ᠪᠠᠷᠢᠴᠢᠬᠠᠭᠠᠳ᠂ ︽ᠴᠢᠯᠠᠭᠤ ᠲᠠᠢ ᠭᠠᠵᠠᠷ ᠭᠡᠷ ᠢᠶᠠᠨ ᠪᠠᠷᠢ᠂ ᠴᠢᠨ᠋ᠸ᠎ᠠ ᠲᠠᠢ ᠭᠠᠵᠠᠷ ᠮᠠᠯ ᠢᠶᠠᠨ ᠬᠠᠷᠢᠭᠤᠯ︾ ᠭᠡᠵᠦ ᠦᠷ᠎ᠡ ᠬᠡᠤᠬᠡᠳ ᠢᠶᠠᠨ ᠰᠤᠷᠭᠠᠵᠦ ᠪᠠᠶᠢᠭᠰᠠᠨ ᠤ ᠤᠴᠢᠷ ᠡᠨᠡ ᠦᠶ᠎ᠡ ᠳᠤ ᠳᠠᠶᠢᠯᠤᠭᠳᠠᠬᠤ ᠰᠢᠭ᠋ ᠰᠠᠨᠠᠭᠳᠠᠨ᠎ᠠ᠃ ᠴᠢᠯᠠᠭᠤ ᠲᠠᠢ ᠭᠠᠵᠠᠷ ᠪᠠᠷᠢᠭᠰᠠᠨ ᠭᠡᠷ ᠰᠠᠭᠤᠷᠢ ᠲᠠᠢ ᠨᠦᠮᠦᠷᠢ ᠲᠠᠢ ᠪᠠᠶᠢᠵᠦ᠂ ᠴᠢᠨ᠋ᠸ᠎ᠠ ᠲᠠᠢ ᠭᠠᠵᠠᠷ ᠮᠠᠯ ᠢᠶᠠᠨ ᠬᠠᠷᠢᠭᠤᠯᠤᠭᠰᠠᠨ ᠬᠦᠮᠦᠨ ᠰᠡᠷᠡᠮᠵᠢ ᠲᠠᠢ᠂ ᠵᠤᠷᠢᠭ ᠲᠠᠢ ᠪᠤᠯᠳᠠᠭ ᠠᠵᠢ᠃     ᠡᠪᠦᠭᠡ ᠳᠡᠭᠡᠳᠦᠰ ᠮᠠᠨᠢ ᠪᠤᠳᠠᠷ ᠤᠨ ᠴᠢᠯᠠᠭᠤᠨ ᠤ ᠪᠠᠨ ᠦᠮᠦᠭ ᠳᠦᠰᠢᠭ ᠲᠤ ᠤᠷᠤᠰᠢᠨ ᠠᠮᠢᠳᠤᠷᠠᠬᠤ ᠳᠤ ᠪᠠᠨ ᠬᠠᠨᠠᠨ ᠬᠠᠳᠠᠨ ᠤ ᠬᠢᠨᠢ ᠬᠠᠨᠠᠨ ᠳᠤ ᠬᠠᠯᠠᠭᠤᠨ ᠬᠤᠰᠢᠭᠤᠲᠤ ᠮᠠᠯ᠂ ᠰᠢᠷᠡᠭᠡ ᠪᠦᠬᠦᠳᠦ ᠲᠡᠮᠡᠭᠡ ᠪᠠᠨ ᠵᠢᠷᠤᠵᠦ᠂ ᠦᠪᠡᠷᠮᠢᠴᠡ ᠳᠦᠷᠬᠦ ᠲᠠᠢ ᠦᠯᠵᠡᠶᠢᠲᠤ ᠬᠠᠳᠠ ᠪᠦᠷᠢ ᠳᠤ ᠨᠢ ᠦᠯᠢᠭᠡᠷ ᠲᠤᠮᠤᠭ ᠵᠤᠬᠢᠶᠠᠨ ᠦᠷ᠎ᠡ ᠬᠤᠶᠢᠴᠢ ᠳᠤ ᠪᠠᠨ ᠦᠯᠡᠳᠡᠭᠡᠭᠰᠡᠨ ᠨᠢ ᠤᠴᠢᠷ ᠲᠠᠢ᠃ ᠪᠤᠳᠠᠷ ᠤᠨ ᠴᠢᠯᠠᠭᠤᠨ ᠤ ᠠᠯᠲᠠᠨ ᠲᠤᠭᠤᠰ ᠬᠠᠳᠠ᠂ ᠠᠴᠢᠶ᠎ᠠ ᠲᠠᠢ ᠲᠡᠮᠡᠭᠡᠨ ᠬᠠᠳᠠ᠂ ᠬᠠᠭᠠᠨ ᠤ ᠰᠠᠭᠤᠳᠠᠯ᠂ ᠬᠠᠯᠢᠭᠤᠲᠤ ᠶᠢᠨ ᠭᠤᠤᠯ ᠤᠨ ᠬᠠᠳᠠ᠂ ᠬᠠᠶᠢᠯᠠᠰᠤᠲᠤ ᠶᠢᠨ ᠬᠦᠨᠳᠡᠢ᠂ ᠬᠦᠮᠦᠨ ᠲᠤᠯᠤᠭᠠᠶᠢᠲᠤ ᠬᠠᠳᠠ᠂ ᠬᠡᠪᠲᠡᠭᠡ ᠬᠦᠮᠦᠨ ᠬᠠᠳᠠ᠂ ᠮᠡᠯᠡᠬᠡᠢ ᠬᠠᠳᠠ᠂ ᠢᠳᠡᠭᠡ ᠬᠠᠳᠠ᠂ ᠰᠠᠬᠢᠭᠤᠯᠰᠤᠨ ᠤ ᠬᠦᠯᠦᠭ᠂ ᠪᠡᠯᠭᠡᠳᠦ ᠭᠤᠷᠪᠠᠨ ᠠᠮᠢᠲᠠᠨ ᠁ ᠵᠡᠷᠭᠡ ᠠᠯᠢ ᠤᠯᠠᠨ ᠬᠠᠳᠠᠳ ᠢ ᠬᠠᠷᠠᠵᠦ ᠰᠢᠨᠵᠢᠵᠦ ᠶᠠᠪᠤᠬᠤ ᠳᠤ ᠦᠯᠢᠬᠡᠷ ᠲᠤᠮᠤᠭ ᠤᠨ ᠶᠢᠷᠳᠢᠨᠴᠦ ᠳᠤ ᠰᠠᠭᠠᠲᠠᠵᠦ ᠪᠠᠶᠢᠬᠤ ᠮᠡᠳᠦ ᠰᠠᠨᠠᠭᠳᠠᠨ᠎ᠠ᠃ ᠰᠦᠮᠡᠳᠡᠢ ᠪᠤᠳᠠᠷ ᠤᠨ ᠴᠢᠯᠠᠭᠤ ᠪᠤᠯ ᠳᠦᠴᠢᠨ ᠲᠦᠮᠡᠨ ᠮᠦ ᠳᠠᠯᠠᠪᠠᠢ ᠲᠠᠢ ᠠᠭᠤᠳᠠᠮ ᠨᠤᠲᠤᠭ ᠶᠤᠮ᠃ ᠡᠨᠡ ᠬᠦ ᠬᠠᠳᠠᠨ ᠨᠦᠮᠦᠷᠢ ᠲᠠᠢ ᠨᠤᠲᠤᠭ ᠠᠴᠠ ᠡᠪᠦᠯ ᠤᠨ ᠵᠤᠳ᠂ ᠬᠠᠪᠤᠷ ᠤᠨ ᠬᠠᠪᠰᠠᠷᠭ᠎ᠠ ᠳᠠᠶᠢᠵᠢᠵᠦ ᠦᠩᠭᠡᠷᠡᠳᠡᠭ᠃ ᠪᠤᠳᠠᠷ ᠤᠨ ᠴᠢᠯᠠᠭᠤᠨ ᠤ ᠪᠤᠭᠤᠷᠤᠯ ᠨᠦᠮᠦᠷᠢ ᠳᠤ ᠢᠬᠡᠷ᠎ᠡ ᠶᠢᠨ ᠡᠪᠦᠯᠵᠢᠶ᠎ᠡ ︵ᠠᠷᠤ ᠬᠦᠪᠴᠢ ᠶᠢᠨ ᠤᠨᠠᠭ᠎ᠠ ᠬᠡᠮᠡᠬᠦ ᠳᠠᠭᠤᠦ ᠶᠢᠨ ᠲᠤᠮᠤᠭ ᠲᠠᠢ ᠡᠪᠦᠯᠵᠢᠶ᠎ᠡ︶᠂ ᠬᠠᠷ᠎ᠠ ᠴᠢᠯᠠᠭᠤᠨ ᠤ ᠡᠪᠦᠯᠵᠢᠶ᠎ᠡ᠂ ᠠᠭᠤᠶᠢᠲᠤ ᠶᠢᠨ ᠡᠪᠦᠯᠵᠢᠶ᠎ᠡ᠂ ᠦᠭᠬᠢᠶᠡᠮᠦᠷ ᠤᠨ ᠡᠪᠦᠯᠵᠢᠶ᠎ᠡ᠂ ᠡᠭᠦᠳᠡᠨ ᠬᠤᠨᠳᠤ ᠶᠢᠨ ᠡᠪᠦᠯᠵᠢᠶ᠎ᠡ᠂ ᠬᠠᠨᠠᠨ ᠤ ᠠᠮᠠᠨ ᠤ ᠡᠪᠦᠯᠵᠢᠶ᠎ᠡ ᠁ ᠭᠡᠳ ᠦᠨᠳᠦᠷ ᠬᠠᠳᠠ ᠨᠦᠮᠦᠷᠢᠳᠡᠭᠰᠡᠨ ᠦᠶᠦᠭ ᠲᠤᠯᠠᠭᠠᠬᠠᠨ ᠠᠷᠪᠠᠨ ᠵᠢᠷᠭᠤᠭᠠᠨ ᠡᠪᠦᠯᠵᠢᠶ᠎ᠡ ᠪᠠᠶᠢᠳᠠᠭ᠃ ᠡᠳᠡᠭᠡᠷ ᠡᠪᠦᠯᠵᠢᠶ᠎ᠡ ᠨᠦᠭᠦᠳ ᠲᠤᠳᠤᠷ᠎ᠠ ᠠᠴᠠ ᠬᠠᠮᠤᠭ ᠤᠨ ᠨᠢᠭᠤᠴᠠᠯᠢᠭ ᠡᠪᠦᠯᠵᠢᠶ᠎ᠡ ᠪᠤᠯ ᠬᠠᠨᠠᠨ ᠤ ᠠᠮᠠᠨ ᠤ ᠡᠪᠦᠯᠵᠢᠶ᠎ᠡ ᠪᠤᠯᠤᠨ᠎ᠠ᠃ ᠡᠨᠡ ᠡᠪᠦᠯᠵᠢᠶ᠎ᠡ ᠨᠢ ᠬᠠᠮᠢᠭ᠎ᠠ ᠠᠴᠠ ᠨᠢ ᠬᠠᠷᠠᠭᠰᠠᠨ ᠴᠤ ᠢᠯᠡ ᠬᠠᠷᠠᠭᠳᠠᠳᠠᠭ ᠦᠬᠡᠢ ᠬᠠᠳᠠ ᠲᠠᠢ ᠬᠤᠳᠤᠭᠤᠷ ᠲᠠᠬᠢ ᠦᠨᠳᠦᠷ ᠬᠠᠨᠠᠨ ᠬᠠᠳᠠᠨ ᠤ ᠨᠦᠮᠦᠷᠢ ᠳᠤ ᠪᠠᠶᠢᠳᠠᠭ᠃ ᠬᠠᠨᠠᠨ ᠬᠠᠳᠠᠨ ᠤ ᠤᠷᠤᠢ ᠡᠩᠬᠡᠷ ᠲᠤ ᠨᠢ ᠡᠪᠦᠯᠵᠢᠭᠰᠡᠨ ᠠᠶᠢᠯ ᠤᠨ ᠲᠤᠭᠤᠨᠤ ᠪᠠᠷ ᠬᠠᠷᠠᠬᠳᠠᠳᠠᠭ ᠠᠵᠢ᠃     ᠡᠷᠳᠡ ᠤᠷᠢᠳᠤ ᠶᠢᠨ ᠴᠠᠭ ᠲᠤ ᠡᠨᠡ ᠬᠦ ᠬᠠᠨᠠᠨ ᠤ ᠠᠮᠠᠨ ᠤ ᠡᠪᠦᠯᠵᠢᠶᠡᠨ ᠳᠤ ᠡᠷ᠎ᠡ ᠶᠢᠨ ᠰᠠᠶᠢᠨ ᠡᠷᠡᠬᠡᠢ ᠮᠡᠷᠭᠡᠨ ᠭᠡᠳᠡᠭ ᠬᠦᠤ ᠡᠵᠢ ᠲᠠᠢ ᠪᠠᠨ ᠬᠠᠮᠲᠤ ᠠᠮᠢᠳᠤᠷᠠᠵᠦ ᠪᠠᠶᠢᠵᠦ ᠭᠡᠨ᠎ᠡ᠃ ᠡᠷ᠎ᠡ ᠶᠢᠨ ᠰᠠᠶᠢᠨ ᠡᠷᠡᠬᠡᠢ ᠮᠡᠷᠭᠡᠨ ᠪᠤᠯ ᠬᠠᠷᠪᠤᠵᠦ ᠨᠠᠮᠨᠠᠬᠤ ᠳᠤ ᠪᠠᠨ ᠮᠡᠷᠭᠡᠰᠢᠭᠰᠡᠨ ᠡᠷᠳᠡᠮ ᠤᠬᠠᠭᠠᠨ᠂ ᠡᠷ᠎ᠡ ᠴᠢᠳᠠᠯ ᠬᠤᠤᠰᠯᠠᠭᠰᠠᠨ ᠪᠠᠭᠠᠳᠤᠷ ᠬᠦᠮᠦᠨ ᠪᠤᠯᠬᠤᠷ ᠨᠤᠲᠤᠭ ᠤᠰᠤ᠂ ᠬᠦᠮᠦᠨ ᠠᠷᠠᠳ ᠢᠶᠠᠨ ᠬᠠᠷ᠎ᠠ ᠰᠠᠨᠠᠭᠠᠳᠠᠨ ᠤ ᠬᠠᠯᠳᠠᠯᠭ᠎ᠠ ᠲᠦᠷᠢᠮᠡᠬᠡᠶᠢᠯᠡᠯ ᠠᠴᠠ ᠬᠠᠮᠠᠭᠠᠯᠠᠵᠦ ᠶᠠᠪᠤᠳᠠᠭ ᠠᠵᠢ᠃ ᠲᠡᠷᠡ ᠦᠶ᠎ᠡ ᠳᠤ ᠨᠢᠭᠡᠨ ᠠᠳᠤᠭᠠᠷ ᠬᠠᠷ᠎ᠠ ᠮᠠᠩᠭᠤᠰ ᠪᠤᠳᠠᠷ ᠨᠤᠲᠤᠭ ᠤᠨ ᠦᠵᠡᠰᠭᠦᠯᠡᠩ ᠲᠠᠩᠰᠤᠭ ᠲᠤ ᠰᠢᠨᠤᠨ᠂ ᠬᠡᠳᠦ ᠤᠳᠠᠭ᠎ᠠ ᠢᠷᠡᠵᠦ ᠦᠢᠮᠡᠭᠦᠯᠦᠭᠰᠡᠨ ᠪᠤᠯᠪᠠᠴᠤ ᠡᠷᠡᠬᠡᠢ ᠮᠡᠷᠭᠡᠨ ᠬᠦᠤ ᠳᠤ ᠳᠡᠶᠢᠯᠦᠭᠳᠡᠨ ᠪᠤᠴᠠᠵᠡᠢ᠃ ᠠᠳᠤᠭᠠᠷ ᠬᠠᠷ᠎ᠠ ᠮᠠᠩᠭᠤᠰ᠂ ᠡᠷᠡᠬᠡᠢ ᠮᠡᠷᠭᠡᠨ ᠬᠦᠤ ᠲᠠᠢ ᠠᠰ ᠲᠤᠯᠤᠯᠳᠤᠭᠠᠳ ᠳᠡᠶᠢᠯᠬᠦ ᠦᠬᠡᠢ ᠪᠤᠯᠬᠤᠷ ᠬᠡᠨᠡᠳᠡᠭᠦᠯᠵᠦ ᠪᠠᠶᠢᠭᠠᠳ ᠬᠡᠨᠡᠳᠲᠡᠬᠡᠨ ᠬᠤᠤᠷᠯᠠᠬᠤ ᠠᠷᠭ᠎ᠠ ᠶᠢ ᠪᠤᠳᠤᠵᠡᠢ᠃ ᠲᠡᠭᠡᠭᠡᠳ ᠠᠳᠤᠭᠠᠷ ᠬᠠᠷ᠎ᠠ ᠮᠠᠩᠭᠤᠰ ᠬᠠᠨᠠᠨ ᠤ ᠠᠮᠠᠨ ᠤ ᠡᠪᠦᠯᠵᠢᠶᠡᠨ ᠤ ᠬᠠᠳᠠᠨ ᠤ ᠤᠷᠤᠢ ᠳᠤ ᠰᠠᠮᠬᠡᠨ ᠭᠠᠷᠤᠭᠠᠳ ᠡᠩᠬᠡᠷ ᠲᠤ ᠨᠢ ᠪᠠᠶᠢᠭ᠎ᠠ ᠡᠷᠡᠬᠡᠢ ᠮᠡᠷᠭᠡᠨ ᠤ ᠭᠡᠷ ᠤᠨ ᠲᠤᠭᠤᠨᠤ ᠪᠠᠷ ᠦᠩᠭᠡᠶᠢᠭᠰᠡᠨ ᠳᠤ᠂ ᠡᠷᠡᠬᠡᠢ ᠮᠡᠷᠭᠡᠨ ᠡᠵᠢ ᠲᠠᠢ ᠪᠠᠨ ᠳᠤᠯᠭ᠎ᠠ ᠪᠠᠨ ᠠᠰᠠᠭᠠᠨ ᠳᠤᠭᠤᠭ᠎ᠠ ᠪᠠᠨ ᠳᠠᠯᠪᠢᠨ ᠮᠦᠰᠦ ᠬᠠᠶᠢᠯᠤᠭᠤᠯᠤᠨ ᠠᠵᠢᠭ ᠴᠤ ᠦᠬᠡᠢ ᠰᠠᠭᠤᠵᠦ ᠪᠠᠶᠢᠵᠡᠢ᠃ ᠡᠭᠦᠨ ᠢ ᠬᠠᠷᠠᠭᠰᠠᠨ ᠠᠳᠤᠭᠠᠷ ᠬᠠᠷ᠎ᠠ ᠮᠠᠩᠭᠤᠰ᠄ ᠵᠠ᠂ ᠮᠡᠷᠭᠡᠨ ᠬᠦᠤ ᠶᠢᠨ ᠦᠬᠦᠬᠦ ᠴᠠᠭ ᠨᠢ ᠪᠤᠯᠵᠡᠢ᠃ ᠮᠦᠳᠲᠦ ᠭᠠᠷᠴᠤ ᠢᠷᠡᠩᠭᠦᠳᠡ ᠨᠢ ᠦᠰᠦᠷᠴᠤ ᠪᠠᠭᠤᠭᠠᠳ ᠭᠠᠭᠴᠠᠬᠠᠨ ᠬᠤᠭᠤᠯᠠᠶᠢᠯᠠᠴᠢᠬᠠᠨ᠎ᠠ ᠭᠡᠵᠦ ᠪᠤᠳᠤᠭᠠᠳ ᠬᠢᠲᠤᠭᠠᠨ ᠤ ᠪᠠᠨ ᠢᠷ ᠢ ᠢᠷᠮᠡᠬᠦ ᠳᠤ ᠬᠦᠬᠡ ᠢᠨᠢᠶᠡᠳᠦ ᠨᠢ ᠬᠦᠷᠴᠦ ᠪᠠᠶᠢᠵᠡᠢ᠃ ᠮᠡᠷᠭᠡᠨ ᠬᠦᠤ ᠲᠤᠭᠤᠭ᠎ᠠ ᠲᠠᠢ ᠮᠦᠰᠦ ᠪᠠᠨ ᠬᠠᠶᠢᠯᠤᠭᠤᠯᠤᠨ ᠰᠠᠭᠤᠵᠦ ᠪᠠᠶᠢᠲᠠᠯ᠎ᠠ ᠮᠦᠰᠦᠨ ᠤ ᠤᠰᠤᠨ ᠳᠤ ᠬᠠᠳᠠᠨ ᠳᠡᠭᠡᠷ᠎ᠡ ᠰᠠᠭᠤᠭᠰᠠᠨ ᠬᠠᠴᠢᠨ ᠠᠮᠢᠲᠠᠨ ᠤ ᠳᠦᠷᠰᠦ ᠳᠤᠰᠴᠦ ᠪᠠᠶᠢᠬᠤ ᠬᠠᠷᠠᠭᠳᠠᠵᠠᠢ᠃ ᠡᠷᠡᠬᠡᠢ ᠮᠡᠷᠭᠡᠨ ᠬᠦᠤ ᠭᠠᠶᠢᠬᠠᠰᠬᠢᠨ ᠳᠡᠭᠡᠭᠰᠢ ᠪᠠᠨ ᠬᠠᠷᠠᠭᠰᠠᠨ ᠳᠤ᠂ ᠲᠤᠭᠤᠨᠤ ᠪᠠᠷ ᠦᠩᠭᠡᠶᠢᠭᠰᠡᠨ ᠬᠠᠳᠠᠨ ᠤ ᠤᠷᠤᠢ ᠳᠡᠭᠡᠷ᠎ᠡ ᠠᠷᠠᠭ᠎ᠠ ᠰᠢᠳᠦ ᠨᠢ ᠠᠷᠵᠠᠶᠢᠭᠰᠠᠨ ᠠᠳᠤᠭᠠᠷ ᠬᠠᠷ᠎ᠠ ᠮᠠᠩᠭᠤᠰ ᠬᠢᠲᠤᠭ᠎ᠠ ᠪᠠᠷᠢᠨ ᠰᠠᠭᠤᠵᠦ ᠪᠠᠶᠢᠨ᠎ᠠ ᠭᠡᠨ᠎ᠡ᠃ ᠡᠷᠡᠬᠡᠢ ᠮᠡᠷᠭᠡᠨ ᠬᠦᠤ ᠠᠭᠵᠠᠰᠬᠢᠵᠤ ᠠᠪᠤᠭᠠᠳ᠄ ᠡᠨᠡ ᠮᠠᠭᠤ ᠴᠢᠰᠤ᠂ ᠨᠠᠮ᠎ᠠ ᠶᠢ ᠭᠡᠷ ᠠᠴᠠ ᠭᠠᠷᠤᠩᠭᠤᠳᠠ ᠬᠡᠨᠡᠳᠡᠬᠦᠯᠬᠦ ᠭᠡᠵᠦ ᠪᠠᠶᠢᠭ᠎ᠠ ᠶᠤᠮ ᠪᠠᠶᠢᠨ᠎ᠠ᠃ ᠲᠡᠭᠡᠬᠦ ᠠᠴᠠ ᠨᠢ ᠡᠮᠦᠨ᠎ᠡ ᠪᠢ ᠲᠡᠭᠦᠨ ᠢ ᠡᠷᠯᠢᠭ ᠲᠤ ᠨᠢ ᠵᠠᠯᠠᠴᠢᠬᠠᠶ᠎ᠠ ᠬᠡᠮᠡᠨ ᠨᠤᠮᠤ ᠰᠤᠮᠤ ᠪᠠᠨ ᠠᠪᠴᠤ᠂ ᠲᠤᠭᠤᠨᠤᠨ ᠤ ᠳᠠᠭ᠎ᠠ ᠶᠢᠨ ᠵᠠᠢ ᠪᠠᠷ ᠮᠠᠩᠭᠤᠰ ᠤᠨ ᠵᠢᠷᠤᠬᠡ ᠶᠢ ᠤᠨᠢᠯᠠᠵᠦ ᠪᠠᠶᠢᠭᠠᠳ ᠳᠠᠯᠪᠢᠭᠰᠠᠨ ᠴᠢᠨᠢ ᠠᠳᠤᠭᠠᠷ ᠬᠠᠷ᠎ᠠ ᠮᠠᠩᠭᠤᠰ ᠠᠶᠢᠬᠤᠪᠳᠤᠷ ᠮᠠᠭᠤᠬᠠᠢ ᠤᠷᠢᠯᠠᠵᠦ ᠠᠪᠤᠭᠠᠳ ᠦᠨᠳᠦᠷ ᠬᠠᠳᠠᠨ ᠳᠡᠭᠡᠷ᠎ᠡ ᠠᠴᠠ ᠦᠬᠦᠳᠬᠢᠨ ᠤᠨᠠᠵᠦ ᠦᠬᠦᠭᠰᠡᠨ ᠭᠡᠨ᠎ᠡ᠃     ᠬᠠᠨᠠᠨ ᠤ ᠠᠮᠠᠨ ᠤ ᠡᠪᠦᠯᠵᠢᠶ᠎ᠡ ᠶᠢᠨ ᠡᠨᠡ ᠲᠤᠮᠤᠭ ᠢ ᠰᠤᠨᠤᠰᠤᠭᠰᠠᠨ ᠬᠦᠮᠦᠨ ᠳᠤ ᠪᠤᠳᠠᠷ ᠭᠡᠳᠡᠭ ᠡᠨᠡ ᠪᠤᠶᠠᠨ ᠲᠠᠢ ᠨᠤᠲᠤᠭ ᠪᠤᠭᠤᠷᠤᠯ ᠳᠡᠭᠡᠳᠦ ᠶᠢᠨ ᠦᠶ᠎ᠡ ᠠᠴᠠ ᠬᠦᠮᠦᠨ ᠠᠷᠠᠳ ᠢᠶᠠᠨ ᠡᠪᠦᠷ ᠲᠤ ᠪᠠᠨ ᠡᠩᠬᠦᠷᠡᠶᠢᠯᠡᠵᠦ᠂ ᠡᠯᠢᠭᠡᠨ ᠳᠤ ᠪᠠᠨ ᠳᠤᠯᠠᠭᠠᠯᠠᠵᠦ ᠠᠮᠢᠳᠤᠷᠠᠭᠤᠯᠤᠭᠰᠠᠨ ᠡᠵᠢ ᠠᠪᠤ ᠶᠢᠨ ᠡᠨᠡᠷᠢᠯ ᠲᠠᠢ ᠨᠤᠲᠤᠭ ᠡ ᠭᠡᠵᠦ ᠡᠷᠬᠡ ᠦᠬᠡᠢ ᠰᠠᠨᠠᠭᠳᠠᠨᠠᠮ ᠠᠵᠢ᠃   ᠬᠠᠨᠠᠳᠤ ᠭᠡᠷ ᠤᠨ ᠮᠢᠨᠢ ᠲᠤᠭᠤᠨᠤ ᠪᠠᠷ ᠬᠠᠷᠠᠭᠳᠠᠭᠰᠠᠨ   ᠬᠠᠨ ᠠᠪᠤ ᠶᠢᠨ ᠳᠦᠰᠢᠭ ᠲᠠᠢ ᠪᠤᠳᠠᠷ ᠡ   ᠬᠠᠯᠠᠭᠤᠨ ᠡᠩᠭᠡᠷ ᠲᠤ ᠪᠠᠨ ᠦᠷᠡᠰ ᠢᠶᠠᠨ ᠪᠦᠪᠠᠶᠢᠯᠡᠭᠰᠡᠨ   ᠬᠠᠳᠤᠨ ᠡᠵᠢ ᠶᠢᠨ ᠦᠮᠦᠭ ᠲᠠᠢ ᠪᠤᠳᠠᠷ ᠡ ᠁
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号