ᠠᠮᠢᠳᠤᠷᠠᠯ ᠳᠤ ᠤᠬᠠᠭᠠᠨ ᠬᠡᠷᠡᠭᠳᠡᠢ
ᠨᠡᠶᠢᠲᠡᠯᠡᠭᠰᠡᠨ ᠴᠠᠭ᠄
2021/8/27
    ᠠᠮᠢᠳᠤᠷᠠᠯ ᠳᠤ ᠤᠬᠠᠭᠠᠨ ᠬᠡᠷᠡᠭᠳᠡᠢ᠃ ᠠᠮᠢᠳᠤᠷᠠᠯ ᠭᠡᠵᠤ ᠶᠠᠷᠢᠬᠤ ᠪᠠᠷ ᠤᠯᠠᠨ ᠵᠦᠢᠯ ᠤᠨ ᠤᠷᠴᠢᠨ ᠱᠠᠭᠠᠷᠳᠠᠬᠳᠠᠨ᠎ᠠ᠃ ᠰᠤᠷᠤᠯᠴᠠᠯᠭ᠎ᠠ ᠶᠢᠨ ᠤᠷᠴᠢᠨ᠂ ᠠᠵᠢᠯᠯᠠᠬᠤ ᠤᠷᠴᠢᠨ᠂ ᠨᠠᠭᠠᠳᠴᠤ ᠪᠠᠶᠠᠷᠯᠠᠬᠤ ᠤᠷᠴᠢᠨ᠂ ᠳᠠᠬᠢᠭᠠᠳ ᠶᠠᠷᠢᠪᠠᠯ ᠨᠠᠶᠢᠵᠠ ᠶᠢᠨ ᠳᠤᠭᠤᠷᠢᠬ᠂ ᠬᠠᠮᠳᠤ ᠠᠵᠢᠯᠯᠠᠬᠰᠠᠳ ᠤᠨ ᠳᠤᠭᠤᠷᠢᠭ ᠭᠡᠳ ᠁ ᠡᠳᠡᠭᠡᠷ ᠤᠷᠴᠢᠨ ᠨᠢ ᠳᠡᠷᠡ ᠬᠡᠪ ᠢᠶᠠᠷ ᠪᠦᠷ ᠯᠡ ᠨᠢᠬᠡ ᠬᠦᠮᠦᠨ ᠤ ᠠᠮᠢᠳᠤᠷᠠᠯ᠃ ᠬᠡᠬᠦ ᠳᠤ ᠠᠮᠢᠳᠤᠷᠠᠯ ᠤᠨ ᠡᠶᠢᠮᠤ ᠯᠡ ᠤᠯᠠᠨ ᠤᠷᠴᠢᠨ ᠳᠤᠭᠤᠷᠢᠬ ᠲᠤ ᠬᠦᠮᠦᠨ ᠪᠠᠶᠠᠷ ᠪᠠᠶᠠᠰᠤᠯ ᠲᠠᠢ᠂ ᠵᠤᠯ ᠵᠢᠷᠭᠠᠯ ᠲᠠᠢ᠂ ᠴᠢᠨᠡᠭᠡᠯᠢᠭ ᠠᠮᠢᠳᠤᠷᠠᠯ ᠢᠶᠠᠨ ᠴᠤᠬᠴᠠᠯᠠᠬᠤ ᠳᠤ ᠳᠡᠷᠡ ᠯᠡ ᠬᠡᠪ ᠢᠶᠠᠷ ᠤᠬᠠᠭᠠᠨ ᠱᠠᠭᠠᠷᠳᠠᠬᠳᠠᠨ᠎ᠠ᠃     ᠪᠤᠳᠠᠳᠡᠢ ᠪᠠᠷ ᠶᠠᠷᠢᠪᠠᠯ᠂ ᠪᠢᠳᠡ ᠬᠦᠳᠡᠭᠡ ᠮᠠᠯ ᠮᠠᠯᠵᠢᠬᠤ ᠪᠠᠷ ᠠᠪᠤᠭᠠᠳ ᠬᠡᠯᠡᠬᠦ ᠳᠤ᠂ ᠬᠦᠳᠡᠭᠡᠨ ᠤ ᠠᠮᠢᠳᠤᠷᠠᠯ ᠤᠨ ᠤᠷᠴᠢᠨ ᠨᠢ ᠪᠢᠳᠡᠨ ᠤ ᠠᠵᠢᠯᠯᠠᠬᠤ ᠤᠷᠴᠢᠨ ᠪᠤᠯᠤᠨ᠎ᠠ᠃ ᠬᠡᠬᠦ ᠳᠤ ᠮᠠᠯ ᠮᠠᠯᠵᠢᠬᠤ ᠨᠢ ᠮᠠᠯ ᠢᠶᠠᠨ ᠳᠡᠵᠢᠬᠡᠭᠡᠳ ᠯᠡ ᠤᠰᠤᠯᠠᠭᠠᠳ ᠯᠡ ᠪᠠᠶᠢᠪᠠᠯ ᠪᠤᠯᠴᠢᠬᠠᠬᠤ ᠪᠢᠰᠢ᠂ ᠪᠢᠳᠡ ᠪᠠᠰᠠ ᠤᠬᠠᠭᠠᠯᠢᠬ ᠪᠠᠶᠢᠬᠤ ᠬᠡᠷᠡᠭᠳᠡᠢ᠂ ᠶᠠᠭᠠᠬᠢᠪᠠᠯ ᠬᠠᠮᠤᠬ ᠪᠠᠭ᠎ᠠ ᠬᠦᠴᠤ ᠵᠠᠷᠤᠴᠠᠭᠤᠯᠵᠤ ᠬᠠᠮᠤᠬ ᠶᠡᠭᠡ ᠠᠰᠢᠬ ᠢ ᠤᠯᠵᠤ ᠪᠤᠯᠬᠤ᠂ ᠶᠠᠭᠠᠬᠢᠵᠤ ᠮᠠᠯᠵᠢᠪᠠᠯ ᠬᠤᠬᠢᠷᠠᠯ ᠬᠠᠮᠤᠬ ᠪᠠᠭ᠎ᠠ ᠪᠤᠯᠬᠤ᠂ ᠡᠪᠤᠯ ᠬᠠᠪᠤᠷ ᠤᠨ ᠭᠠᠮᠰᠢᠬ ᠳᠠᠭᠠᠷᠠᠪᠠᠯ ᠶᠠᠭᠠᠬᠢᠪᠠᠯ ᠳᠠᠭᠠᠷᠠᠨ᠎ᠠ᠂ ᠪᠡᠯᠴᠢᠬᠡᠷ ᠤᠰᠤ ᠮᠠᠭᠤᠳᠠᠪᠠᠯ ᠶᠠᠭᠠᠬᠢᠨ᠎ᠠ᠂ ᠳᠡᠷᠡᠴᠢᠯᠡᠨ ᠰᠢᠨᠵᠢᠯᠡᠬᠦ ᠤᠬᠠᠭᠠᠨᠴᠢ ᠪᠠᠷ ᠮᠠᠯᠵᠢᠬᠤ ᠳᠤ ᠶᠠᠭᠤ ᠶᠢ ᠰᠤᠷᠤᠯᠴᠠᠬᠤ ᠬᠡᠷᠡᠭᠳᠡᠢ᠂ ᠤᠷᠢᠳᠤ ᠠᠴᠠ ᠤᠯᠠᠮᠵᠢᠯᠠᠵᠤ ᠢᠷᠡᠭᠰᠡᠨ ᠳᠤᠷᠰᠢᠯᠭ᠎ᠠ ᠶᠢ ᠪᠢᠳᠡ ᠶᠠᠭᠠᠬᠢᠵᠤ ᠤᠯᠠᠮᠵᠢᠯᠠᠵᠤ ᠶᠠᠪᠤᠪᠠᠯ ᠳᠠᠭᠠᠷᠠᠨ᠎ᠠ᠂ ᠨᠤᠮ ᠪᠢᠴᠢᠭ ᠤᠡᠭᠰᠢᠵᠤ ᠤᠳᠤᠬᠢ ᠨᠡᠶᠢᠬᠡᠮ ᠳᠤ ᠵᠤᠬᠢᠴᠠᠬᠰᠠᠨ ᠰᠢᠨ᠎ᠠ ᠴᠠᠬ ᠤᠨ ᠮᠠᠯᠴᠢᠨ ᠪᠤᠯᠬᠤ ᠳᠤ ᠶᠠᠭᠠᠬᠢᠵᠤ ᠴᠢᠷᠮᠠᠶᠢᠪᠠᠯ ᠳᠠᠭᠠᠷᠠᠨ᠎ᠠ᠂ ᠤᠢᠢᠷ᠎ᠠ ᠬᠠᠪᠢ ᠶᠢᠨ ᠮᠠᠯᠴᠢᠳ ᠲᠠᠢ ᠪᠠᠨ ᠶᠠᠭᠠᠬᠢᠵᠤ ᠬᠠᠷᠢᠯᠴᠠᠬᠤ ᠭᠡᠳ ᠤᠯᠠᠨ ᠤᠯᠠᠨ ᠤᠬᠠᠭᠠᠨ ᠪᠤᠳᠤᠯᠭ᠎ᠠ ᠱᠠᠭᠠᠷᠳᠠᠬᠳᠠᠨ᠎ᠠ᠃ ᠵᠠᠷᠢᠮ ᠮᠠᠯᠴᠢᠳ ᠨᠢ ᠴᠠᠭᠠᠨ ᠢᠳᠡᠭᠡ ᠪᠠᠨ ᠪᠤᠷᠤᠯᠠᠭᠤᠯᠬᠤ ᠳᠤ ᠬᠡᠷᠡᠭᠯᠡᠭᠴᠢᠳ ᠳᠤᠩ ᠤᠯᠠᠨ ᠪᠠᠶᠢᠳᠠᠭ᠂ ᠵᠠᠷᠢᠮ ᠮᠠᠯᠴᠢᠳ ᠤᠨ ᠴᠠᠭᠠᠨ ᠢᠳᠡᠭᠡ ᠶᠢ ᠠᠪᠬᠤ ᠬᠦᠮᠦᠰ ᠬᠠᠷᠢᠨ ᠴᠦᠬᠡᠨ ᠪᠠᠶᠢᠳᠠᠬ᠃ ᠬᠡᠷᠪᠡ ᠬᠡᠷᠡᠭᠯᠡᠭᠴᠢᠳ ᠴᠦᠬᠡᠨ ᠪᠤᠯᠪᠠᠯ ᠪᠢᠳᠡ ᠤᠴᠢᠷ ᠰᠢᠯᠳᠠᠭᠠᠨ ᠢᠶᠠᠨ ᠤᠯᠵᠤ ᠮᠡᠳᠡᠬᠦ ᠬᠡᠷᠡᠭᠳᠡᠢ᠃ ᠪᠤᠳᠤᠯᠭ᠎ᠠ ᠤᠬᠠᠭᠠᠨ ᠢᠶᠠᠨ ᠳᠡᠭᠰᠢᠯᠡᠬᠦ ᠬᠡᠷᠡᠭᠳᠡᠢ᠃ ᠵᠢᠱᠢᠶᠡᠯᠡᠬᠦ ᠳᠤ ᠵᠠᠷᠢᠮ ᠮᠠᠯᠴᠢᠳ ᠨᠢ ᠠᠳᠤᠭᠤ ᠮᠠᠯᠵᠢᠭᠠᠳ᠂ ᠦᠬᠡᠷ ᠮᠠᠯᠵᠢᠬᠤ ᠶᠢᠨ ᠬᠢᠷᠢ ᠤᠷᠤᠯᠭ᠎ᠠ ᠬᠤᠷᠳᠤᠨ ᠡᠷᠬᠢᠯᠳᠤᠬᠦ ᠦᠬᠡᠢ ᠶᠢ ᠳᠠᠨᠢᠵᠤ᠂ ᠬᠠᠷᠢᠨ ᠵᠤᠨ ᠤ ᠭᠤᠷᠪᠠᠨ ᠰᠠᠷ᠎ᠠ ᠬᠡᠬᠦᠤ ᠰᠠᠭᠠᠵᠤ ᠤᠷᠤᠯᠭ᠎ᠠ ᠪᠠᠨ ᠨᠡᠮᠡᠭᠳᠡᠬᠦᠯᠵᠤ ᠪᠠᠶᠢᠳᠠᠬ᠃ ᠬᠠᠷᠢᠨ ᠪᠢᠳᠡᠡ ᠤ ᠶᠡᠷᠤᠳᠡ ᠶᠢᠨ ᠪᠤᠳᠤᠯ ᠢᠶᠠᠷ ᠠᠳᠤᠭᠤ ᠪᠠᠨ ᠪᠦᠷ ᠬᠤᠳᠠᠯᠳᠤᠵᠤ ᠦᠬᠡᠷ ᠮᠠᠯᠵᠢᠬᠤ ᠪᠢᠰᠢ᠂ ᠬᠡᠬᠦᠤ ᠰᠠᠭᠠᠵᠤ ᠤᠷᠤᠯᠭ᠎ᠠ ᠡᠬᠦᠳᠬᠦ ᠨᠢ ᠬᠦᠮᠦᠰ ᠤᠨ ᠬᠡᠷᠡᠭᠴᠡᠭᠡ ᠱᠠᠭᠠᠷᠳᠠᠯᠭ᠎ᠠ ᠳᠤ ᠵᠤᠬᠢᠴᠠᠭᠤᠯᠤᠨ ᠤᠷᠤᠯᠭ᠎ᠠ ᠪᠠᠨ ᠨᠡᠮᠡᠭᠳᠡᠬᠦᠯᠵᠤ ᠪᠠᠶᠢᠭ᠎ᠠ ᠤᠴᠢᠷ ᠪᠤᠯᠤᠨ᠎ᠠ ᠃ ᠡᠶᠢᠮᠤ ᠠᠴᠠ ᠪᠢᠳᠡ ᠶᠠᠮᠠᠷ ᠤᠴᠢᠷ ᠳᠤᠬᠢᠶᠠᠯᠳᠤᠬᠰᠠᠨ ᠴᠤ ᠭᠡᠰᠡᠨ ᠤᠯᠠᠨ ᠳᠠᠯ᠎ᠠ ᠶᠢᠨ ᠪᠠᠶᠢᠳᠠᠯ ᠢ ᠪᠦᠷ ᠪᠤᠳᠤᠯᠬᠢᠯᠠᠵᠤ᠂ ᠬᠠᠮᠤᠬ ᠤᠨ ᠪᠦᠳᠤᠮᠵᠢᠳᠡᠢ ᠠᠷᠭ᠎ᠠ ᠶᠢ ᠬᠡᠷᠡᠭᠯᠡᠪᠡᠯ ᠵᠤᠬᠢᠯᠳᠡᠢ᠃ ᠡᠳᠡᠭᠡᠷ ᠪᠦᠬᠦᠨ ᠨᠢ ᠪᠦᠷ ᠯᠡ ᠤᠬᠠᠭᠠᠨ ᠱᠠᠭᠠᠷᠳᠠᠬᠳᠠᠨ᠎ᠠ᠃ ᠠᠵᠢᠯᠯᠠᠬᠤ ᠤᠷᠴᠢᠨ ᠳᠤ ᠪᠠᠨ ᠢᠢᠮᠤ ᠯᠡ ᠤᠬᠠᠭᠠᠯᠢᠬ ᠪᠠᠶᠢᠬᠤ ᠳᠤ ᠪᠠᠶᠠᠷ ᠪᠠᠶᠠᠰᠤᠯ᠂ ᠵᠤᠯ ᠵᠢᠷᠭᠠᠯ ᠳᠡᠷᠡ ᠪᠦᠬᠦᠨ ᠳᠠᠭᠠᠯᠳᠤᠵᠤ ᠢᠷᠡᠬᠦ ᠪᠤᠯᠤᠨ᠎ᠠ᠃     ᠡᠶᠢᠮᠤ ᠠᠴᠠ ᠪᠢᠳᠡ ᠠᠮᠢᠳᠤᠷᠠᠯ ᠢ ᠨᠢᠬᠡᠨ ᠤᠬᠠᠭᠠᠨ ᠤ ᠳᠠᠯᠠᠢ ᠪᠠᠷ ᠪᠤᠳᠤᠵᠤ ᠤᠬᠠᠭᠠᠯᠢᠬ ᠠᠵᠢᠯᠯᠠᠵᠠᠭᠠᠶ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号