ᠪᠣᠷᠣᠭᠠᠨ ᠲᠠᠢ ᠵᠤᠨ ᠰᠠᠶᠢᠬᠠᠨ
ᠨᠡᠶᠢᠲᠡᠯᠡᠭᠰᠡᠨ ᠴᠠᠭ᠄
2021/8/19
    ᠵᠤᠨ ᠰᠠᠶᠢᠬᠠᠨ᠂ ᠪᠣᠷᠣᠭᠠᠨ ᠲᠠᠢ ᠵᠤᠨ ᠪᠦᠷ ᠴᠦ ᠭᠤᠶᠣ᠃ ᠴᠠᠶᠢᠷᠠᠨ ᠣᠷᠣᠬᠤ ᠪᠣᠷᠣᠭᠠᠨ ᠤ ᠳᠤᠰᠤᠯ ᠭᠠᠵᠠᠷ ᠳᠡᠯᠡᠬᠡᠢ ᠶᠢ ᠤᠮᠳᠠᠯᠠᠨ ᠲᠦᠮᠡᠨ ᠪᠣᠳᠠᠰ ᠬᠤᠷ᠎ᠠ ᠶᠢᠨ ᠰᠢᠮ᠎ᠡ ᠪᠠᠷ ᠤᠷᠭᠤᠨ ᠲᠥᠯᠵᠢᠵᠦ᠂ ᠮᠠᠯ ᠤᠨ ᠵᠣ ᠠᠮᠠᠷᠠᠨ ᠮᠠᠯᠴᠢᠳ ᠤᠨ ᠮᠠᠩᠨᠠᠢ ᠲᠡᠨᠢᠢᠨ᠂ ᠰᠠᠶᠢᠬᠠᠨ ᠵᠤᠨ ᠪᠣᠯᠬᠤ ᠨᠢ ᠡ᠂ ᠭᠡᠵᠤ ᠤᠴᠢᠷᠯᠠᠬᠤ ᠨᠢ ᠰᠡᠳᠬᠢᠯ ᠳᠤ ᠪᠦᠷ ᠴᠦ ᠬᠠᠯᠠᠭᠤᠬᠠᠨ᠃     ᠵᠢᠷᠤᠭ ᠰᠢᠭ ᠪᠠᠶᠢᠭᠠᠯᠢ ᠶᠢᠨ ᠲᠠᠩᠰᠤᠭ ᠦᠵᠡᠮᠵᠢ ᠶᠢ ᠬᠠᠷᠠᠭᠠᠳ ᠱᠠᠭᠰᠢᠬᠤ ᠦᠭᠡᠢ ᠪᠠᠶᠢᠬᠤ ᠶᠢᠨ ᠠᠷᠭ᠎ᠠ ᠦᠭᠡᠢ᠃ ᠵᠤᠰᠠᠯᠠᠩ ᠤᠨ ᠠᠶᠢᠯ ᠤᠳ ᠤᠨ ᠬᠤᠨ ᠴᠠᠭᠠᠨ ᠭᠡᠷ ᠤᠳ ᠨᠣᠭᠤᠭᠠᠨ ᠲᠣᠷᠭᠠᠨ ᠵᠦᠯᠭᠡᠨ ᠳᠡᠭᠡᠷ᠎ᠡ ᠴᠠᠶᠢᠯᠵᠠᠨ ᠬᠠᠷᠠᠭᠳᠠᠬᠤ ᠨᠢ ᠬᠤᠪᠢ ᠶᠢᠨ ᠭᠠᠳᠠᠨ᠎ᠠ ᠦᠵᠡᠰᠬᠦᠯᠡᠩ ᠲᠠᠢ ᠠᠵᠠᠢ᠃     ᠬᠡᠶᠢᠪᠤᠩ ᠭᠤᠣᠯ ᠤᠨ ᠬᠥᠪᠡᠭᠡᠨ ᠳᠤ ᠪᠠᠭᠤᠴᠠ ᠪᠠᠨ ᠵᠠᠰᠠᠭᠰᠠᠨ ᠡᠷᠳᠡᠨᠢᠪᠠᠭᠠᠲᠤᠷ ᠤᠨ ᠳᠤ ᠣᠴᠢᠬᠤ ᠳᠤ ᠬᠤᠷ᠎ᠠ ᠱᠠᠭᠢᠭᠰᠠᠨ ᠰᠠᠶᠢᠬᠠᠨ ᠡᠳᠦᠷ ᠪᠠᠶᠢᠯ᠎ᠠ᠃ ᠡᠯᠡᠰᠦ ᠮᠠᠩᠬᠠᠨ ᠤ ᠡᠬᠡ ᠨᠤᠲᠤᠭ ᠲᠤ ᠪᠠᠭᠤᠴᠠ ᠲᠠᠢ᠂ ᠡᠪᠦᠭᠡ ᠳᠡᠭᠡᠳᠦᠰ ᠠᠴᠠ ᠪᠠᠨ ᠥᠪᠯᠡᠭᠰᠡᠨ ᠤᠯᠠᠮᠵᠢᠯᠠᠯᠲᠤ ᠮᠠᠯ ᠮᠠᠯᠵᠢᠬᠤ ᠤᠬᠠᠭᠠᠨ ᠢᠶᠠᠷ ᠢᠶᠠᠨ ᠠᠵᠤ ᠲᠥᠷᠥᠵᠦ ᠪᠠᠶᠢᠭ᠎ᠠ ᠡᠳᠡᠨ ᠤ ᠳᠤ  ᠬᠦᠷᠬᠦ   ᠳᠤ ᠰᠢᠷᠭᠠᠯᠲᠤᠭᠰᠠᠨ ᠰᠠᠶᠢᠬᠠᠨ ᠰᠦ ᠲᠠᠢ ᠴᠠᠢ ᠠᠶᠠᠭᠠᠯᠠᠨ᠂ ᠰᠢᠷ᠎ᠠ ᠲᠣᠰᠣ᠂ ᠬᠤᠷᠤᠳ ᠠᠭᠠᠷᠤᠤᠯ ᠢᠶᠠᠨ ᠲᠠᠪᠠᠭᠯᠠᠨ ᠤᠭᠲᠤᠯ᠎ᠠ᠃     ᠣᠷᠣᠭᠰᠠᠨ ᠭᠠᠷᠤᠭᠰᠠᠨ ᠬᠥᠮᠥᠨ ᠲᠠᠢ ᠡᠯᠳᠡᠪ ᠰᠣᠨᠢᠨ ᠵᠣᠭᠤᠭ ᠶᠠᠷᠢᠵᠤ ᠬᠥᠭᠡᠷᠦᠯᠳᠦᠳᠡᠭ ᠳᠣᠲᠣᠨᠣ ᠶᠠᠷᠢᠶ᠎ᠠ ᠬᠥᠭᠡᠷᠦᠭᠡ ᠲᠠᠢ ᠭᠡᠷ ᠤᠨ ᠡᠵᠡᠨ ᠡᠷᠳᠡᠨᠢᠪᠠᠭᠠᠲᠤᠷ ᠭᠤᠸᠠᠢ ᠭᠡᠷᠭᠡᠢ ᠲᠠᠢ ᠪᠠᠨ ᠬᠤᠶᠠᠭᠤᠯᠠ ᠵᠤᠰᠠᠯᠠᠩ ᠳᠠᠭᠠᠨ ᠪᠠᠭᠤᠭᠠᠳ ᠰᠠᠷ᠎ᠠ ᠭᠠᠷᠤᠢ ᠬᠤᠨᠤᠭ ᠪᠣᠯᠵᠤ ᠪᠠᠶᠢᠭ᠎ᠠ ᠶᠤᠮ ᠪᠠᠶᠢᠨ᠎ᠠ᠃ ᠣᠶᠢᠷ᠎ᠠ ᠬᠠᠪᠢ ᠶᠢᠨ ᠠᠶᠢᠯ ᠤᠳ ᠤᠨ ᠣᠯᠠᠩᠬᠢ ᠨᠢ ᠮᠠᠯ ᠠᠬᠤᠢ ᠠᠶᠠᠯᠠᠯ ᠵᠢᠭᠤᠯᠴᠢᠯᠠᠯ ᠢ ᠤᠶᠠᠯᠳᠤᠭᠤᠯᠤᠨ ᠡᠵᠡᠩᠨᠡᠵᠦ ᠪᠠᠶᠢᠭ᠎ᠠ ᠲᠠᠢ ᠠᠳᠠᠯᠢᠬᠠᠨ᠂ ᠡᠷᠳᠡᠨᠢᠪᠠᠭᠠᠲᠤᠷ ᠤᠨ ᠬᠢ ᠬᠡᠳᠦᠨ ᠮᠠᠯ ᠤᠨ ᠢᠶᠠᠨ ᠪᠤᠶᠠᠨ ᠳᠤ ᠲᠦᠰᠢᠵᠦ᠂ ᠬᠠᠶᠠ ᠵᠠᠬᠢᠶᠠᠯᠠᠭ᠎ᠠ ᠪᠠᠷ ᠢᠷᠡᠬᠦ ᠵᠣᠴᠢᠨ  ᠳᠤ ᠬᠤᠭᠤᠯᠠ ᠪᠤᠳᠠᠭ᠎ᠠ ᠪᠡᠯᠡᠳᠬᠡᠨ ᠥᠭᠴᠦ᠂ ᠠᠶᠠᠨ ᠤ ᠬᠥᠮᠥᠨ ᠤ ᠶᠠᠳᠠᠷᠠᠭ᠎ᠠ ᠶᠢ ᠲᠠᠶᠢᠯᠵᠤ ᠠᠶᠠᠭᠠᠨ ᠤ ᠠᠮᠠᠰᠠᠷ ᠵᠠᠭᠤᠯᠭᠠᠭᠠᠳ ᠭᠠᠷᠭᠠᠳᠠᠭ ᠳᠠᠳᠬᠠᠯ ᠲᠠᠢ ᠪᠢᠯᠡ᠃ ᠡᠶᠢᠨ ᠬᠦ ᠬᠥᠳᠡᠭᠡ ᠶᠢᠨ ᠪᠣᠷᠣ ᠮᠠᠯᠴᠢᠨ ᠤ ᠵᠤᠰᠠᠯᠠᠩ ᠤᠨ ᠠᠮᠢᠳᠤᠷᠠᠯ ᠤᠨ ᠶᠡᠷᠦ ᠶᠢᠨ ᠨᠢᠭᠡ ᠦᠵᠡᠭᠳᠡᠯ ᠢ ᠴᠦ ᠪᠣᠯᠪᠠ ᠦᠦ ᠬᠠᠷᠠᠭᠤᠯᠬᠤ ᠶᠢ ᠬᠢᠴᠢᠶᠡᠵᠦ᠂ ᠡᠨᠡ ᠬᠦ ᠪᠢᠴᠢᠯᠭᠡ  ᠶᠢ ᠪᠡᠯᠡᠳᠬᠡᠯ᠎ᠡ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号