ᠳᠤᠮᠳᠠᠳᠤ ᠤᠯᠤᠰ ᠤᠨ ᠡᠪ ᠬᠠᠮᠲᠤ ᠨᠠᠮ ᠤᠨ ᠨᠠᠮ ᠤᠨ ᠰᠦᠯᠳᠡ ᠨᠠᠮ ᠤᠨ ᠲᠤᠭ ᠤᠨ ᠲᠦᠷᠢᠮ
ᠨᠡᠶᠢᠲᠡᠯᠡᠭᠰᠡᠨ ᠴᠠᠭ᠄
2021/7/15
    ︵2021 ᠣᠨ ᠤ 6  ᠰᠠᠷ᠎ᠠ ᠶᠢᠨ  17 ᠤ  ᠡᠳᠦᠷ  ᠳᠤᠮᠳᠠᠳᠤ  ᠤᠯᠤᠰ ᠤᠨ  ᠡᠪ  ᠬᠠᠮᠲᠤ  ᠨᠠᠮ ᠤᠨ  ᠲᠥᠪ ᠬᠤᠷᠢᠶᠠᠨ ᠤ ᠤᠯᠤᠰ ᠲᠥᠷᠥ ᠶᠢᠨ ᠲᠣᠪᠴᠢᠶᠠᠨ ᠤ ᠪᠠᠶᠢᠩᠭᠤ ᠶᠢᠨ ᠬᠤᠷᠢᠶᠠᠨ ᠤ ᠬᠤᠷᠠᠯ ᠠᠴᠠ ᠬᠢᠨᠠᠨ ᠶᠠᠷᠢᠯᠴᠠᠵᠤ ᠵᠥᠪᠰᠢᠶᠡᠷᠡᠪᠡ  ᠂ 2021 ᠣᠨ ᠤ 6 ᠰᠠᠷ᠎ᠠ ᠶᠢᠨ 26 ᠤ ᠡᠳᠦᠷ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠨᠡᠶᠢᠲᠡᠯᠡᠪᠡ︶                  ᠨᠢᠭᠡᠳᠦᠭᠡᠷ ᠵᠦᠢᠯ ᠨᠠᠮ ᠤᠨ ᠰᠦᠯᠳᠡ ᠨᠠᠮ ᠤᠨ ᠳᠤᠬ ᠢ ᠦᠢᠯᠡᠳᠬᠦ᠂ ᠬᠡᠷᠡᠭᠯᠡᠬᠦ᠂ ᠬᠠᠮᠢᠶᠠᠷᠬᠤ ᠶᠢ  ᠵᠢᠷᠤᠮᠵᠢᠭᠤᠯᠵᠤ᠂ ᠨᠠᠮ ᠤᠨ ᠰᠦᠯᠳᠡ ᠨᠠᠮ ᠤᠨ ᠳᠤᠬ ᠤᠨ ᠤᠯᠤᠰ ᠳᠦᠷᠦ ᠶᠢᠨ ᠴᠢᠳᠠᠪᠬᠢ ᠶᠢ ᠭᠦᠢᠴᠡᠳ ᠪᠠᠳᠠᠷᠠᠭᠤᠯᠵᠤ᠂ ᠨᠠᠮ ᠤᠨ ᠨᠢᠭᠲᠠᠷᠠᠯ ᠤᠨ ᠬᠦᠴᠦᠨ᠂ ᠳᠠᠶᠢᠴᠢᠨ ᠬᠦᠴᠦᠨ ᠢ ᠴᠢᠩᠭᠠᠳᠬᠠᠵᠤ᠂ ᠨᠠᠮ ᠤᠨ ᠭᠡᠰᠢᠭᠦᠨ ᠤ ᠨᠠᠮ ᠤᠨ ᠤᠬᠠᠮᠰᠠᠷ ᠢ ᠬᠥᠭᠵᠢᠭᠡᠵᠦ᠂ ᠪᠦᠬᠦ ᠨᠠᠮ ᠤᠨ ᠤᠬ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠬᠦᠰᠡᠯᠡᠩ  ᠢᠲᠡᠭᠡᠯ  ᠪᠢᠰᠢᠷᠡᠯ ᠢᠶᠠᠨ ᠪᠠᠲᠤᠳᠬᠠᠵᠤ᠂ ᠪᠦᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠢ ᠪᠦᠯᠬᠦᠮᠳᠡᠭᠦᠯᠦᠨ  ᠳᠠᠭᠠᠭᠤᠯᠵᠤ  ᠨᠠᠮ ᠤᠨ ᠳᠤᠬ ᠤᠨ ᠳᠣᠣᠷ᠎ᠠ ᠡᠷᠡᠯᠬᠡᠭᠯᠡᠨ ᠤᠷᠤᠭᠰᠢᠯᠠᠬᠤ ᠶᠢᠨ ᠲᠥᠯᠥᠭᠡ᠂ ︽ᠳᠤᠮᠳᠠᠳᠤ ᠤᠯᠤᠰ ᠤᠨ ᠡᠪ ᠬᠠᠮᠲᠤ ᠨᠠᠮ ᠤᠨ ᠳᠦᠷᠢᠮ︾ ᠢ ᠦᠨᠳᠦᠰᠦᠯᠡᠨ ᠳᠤᠰ ᠳᠦᠷᠢᠮ ᠢ ᠲᠣᠭᠲᠠᠭᠠᠪᠠ᠃                   ᠬᠤᠶᠠᠳᠤᠭᠠᠷ ᠵᠦᠢᠯ ᠳᠤᠮᠳᠠᠳᠤ ᠤᠯᠤᠰ ᠤᠨ ᠡᠪ ᠬᠠᠮᠲᠤ ᠨᠠᠮ ᠤᠨ ᠨᠠᠮ ᠤᠨ ᠰᠦᠯᠳᠡ ᠪᠣᠯ ᠬᠠᠳᠤᠭᠤᠷ  ᠠᠯᠤᠬ᠎ᠠ ᠪᠠᠷ ᠪᠦᠷᠢᠯᠳᠦᠭᠰᠡᠨ ᠵᠢᠷᠤᠭ ᠲᠦᠷᠰᠤ ᠪᠣᠯᠤᠨ᠎ᠠ᠃ ᠳᠤᠮᠳᠠᠳᠤ ᠤᠯᠤᠰ ᠤᠨ ᠡᠪ  ᠬᠠᠮᠲᠤ  ᠨᠠᠮ ᠤᠨ  ᠲᠤᠭ  ᠪᠤᠯ  ᠠᠯᠲᠠᠨ  ᠰᠢᠷᠭᠠᠯ ᠨᠠᠮ ᠤᠨ ᠰᠦᠯᠳᠡ ᠶᠢᠨ ᠵᠢᠷᠤᠭ ᠲᠠᠢ ᠤᠯᠠᠭᠠᠨ ᠲᠤᠭ ᠪᠤᠯᠤᠨ᠎ᠡ᠃  ᠨᠠᠮ ᠤᠨ ᠰᠦᠯᠳᠡ ᠨᠠᠮ ᠤᠨ ᠲᠤᠭ ᠨᠢ ᠳᠤᠮᠳᠠᠳᠤ ᠤᠯᠤᠰ ᠤᠨ  ᠡᠪ  ᠬᠠᠮᠲᠤ  ᠨᠠᠮ  ᠪᠣᠯ  ᠳᠤᠮᠳᠠᠳᠤ  ᠤᠯᠤᠰ ᠤᠨ ᠠᠵᠢᠯᠴᠢᠨ ᠠᠩᠭᠢ ᠶᠢᠨ ᠬᠤᠰᠢᠭᠤᠴᠢ ᠠᠩᠭᠢ ᠮᠥᠨ᠂ ᠮᠥᠨ ᠴᠦ ᠳᠤᠮᠳᠠᠳᠤ ᠤᠯᠤᠰ ᠤᠨ ᠠᠷᠠᠳ ᠲᠦᠮᠡᠨ ᠪᠠ  ᠳᠤᠮᠳᠠᠳᠤ ᠵᠢᠨ‌ᠦᠨᠳᠦᠰᠦᠲᠡᠨ ᠤ ᠬᠤᠰᠢᠭᠤᠴᠢ ᠠᠩᠭᠢ ᠮᠥᠨ᠂ ᠳᠤᠮᠳᠠᠳᠤ ᠤᠯᠤᠰ ᠤᠨ  ᠠᠷᠠᠳ  ᠲᠦᠮᠡᠨ ᠳᠤ  ᠵᠣᠯ  ᠵᠢᠷᠭᠠᠯ  ᠡᠳ᠋ᠯᠡᠭᠦᠯᠵᠦ᠂ ᠳᠤᠮᠳᠠᠳᠤ ᠶᠢᠨ ᠦᠨᠳᠦᠰᠦᠲᠡᠨ ᠤ ᠰᠡᠷᠭᠦᠨ ᠮᠠᠨᠳᠤᠯᠲᠠ ᠶᠢ ᠪᠡᠶᠡᠯᠡᠭᠦᠯᠵᠦ᠂ ᠳᠤᠮᠳᠠᠳᠤ  ᠤᠯᠤᠰ ᠤᠨ  ᠣᠨᠴᠠᠯᠢᠭ ᠲᠠᠢ  ᠨᠡᠶᠢᠭᠡᠮ ᠵᠢᠷᠤᠮ ᠢ ᠪᠠᠷᠢᠮᠲᠠᠯᠠᠨ ᠬᠥᠭᠵᠢᠭᠦᠯᠵᠦ᠂ ᠡᠪ ᠬᠠᠮᠲᠤ ᠶᠣᠰᠣᠨ ᠤ ᠠᠯᠤᠰ ᠬᠡᠳᠦ ᠶᠢᠨ  ᠬᠦᠰᠡᠯᠡᠩ ᠢ  ᠪᠡᠶᠡᠯᠡᠭᠦᠯᠬᠦ ᠶᠢᠨ  ᠲᠥᠯᠥᠭᠡ ᠴᠥᠬᠦᠷᠡᠰᠢ ᠦᠭᠡᠢ ᠲᠡᠮᠡᠴᠡᠳᠡᠭ ᠮᠠᠷᠺᠰ ᠤᠨ ᠦᠵᠡᠯ ᠤᠨ ᠲᠦᠷᠦ ᠶᠢᠨ ᠨᠠᠮ ᠮᠥᠨ ᠭᠡᠳᠡᠭ ᠢ ᠢᠯᠡᠷᠡᠬᠦᠯᠪᠠ᠃                  ᠭᠤᠷᠪᠠᠳᠤᠭᠠᠷ ᠵᠦᠢᠯ ᠳᠤᠮᠳᠠᠳᠤ ᠤᠯᠤᠰ ᠤᠨ ᠡᠪ ᠬᠠᠮᠲᠤ  ᠨᠠᠮ ᠤᠨ  ᠰᠦᠯᠳᠡ  ᠨᠠᠮ ᠤᠨ  ᠲᠤᠬ  ᠪᠣᠯ  ᠳᠤᠮᠳᠠᠳᠤ ᠤᠯᠤᠰ ᠤᠨ ᠡᠪ ᠬᠠᠮᠲᠤ ᠨᠠᠮ ᠤᠨ ᠪᠡᠯᠭᠡᠳᠡᠯ ᠪᠠ ᠪᠡᠯᠭᠡ ᠲᠡᠮᠳᠡᠭ ᠮᠥᠨ᠃  ᠨᠠᠮ ᠤᠨ ᠡᠯ᠎ᠡ ᠱᠠᠲᠤᠨ ᠤ ᠵᠣᠬᠢᠶᠠᠨ ᠪᠠᠶᠢᠭᠤᠯᠤᠯᠲᠠ ᠪᠣᠯᠤᠨ ᠨᠠᠮ ᠤᠨ ᠭᠡᠰᠢᠭᠦᠨ ᠨᠢᠭᠡᠪᠦᠷᠢ ᠴᠥᠮ ᠨᠠᠮ ᠤᠨ ᠰᠦᠯᠳᠡ ᠨᠠᠮ ᠤᠨ ᠲᠤᠬ ᠤᠨ ᠨᠡᠷ᠎ᠡ ᠬᠦᠨᠳᠦ ᠶᠢ ᠬᠠᠮᠠᠭᠠᠯᠠᠬᠤ ᠬᠡᠷᠡᠭᠲᠡᠢ᠃                  ᠳᠥᠷᠪᠡᠳᠦᠭᠡᠷ ᠵᠦᠢᠯ ᠨᠠᠮ ᠤᠨ ᠰᠦᠯᠳᠡ ᠨᠠᠮ ᠤᠨ  ᠲᠤᠭ ᠢ  ᠦᠢᠯᠡᠳᠬᠦ᠂  ᠬᠡᠷᠡᠭᠯᠡᠬᠦ᠂  ᠬᠠᠮᠢᠶᠠᠷᠬᠤ ᠳᠤ  ᠡᠷᠬᠡᠪᠰᠢ ᠨᠢᠭᠡᠳᠦᠯᠲᠡᠢ ᠪᠠᠷᠢᠮᠵᠢᠶ᠎ᠠ᠂  ᠨᠢᠭᠡᠳᠦᠯᠲᠡᠢ  ᠵᠢᠷᠤᠮᠵᠢᠯ ᠢ  ᠪᠠᠷᠢᠮᠲᠠᠯᠠᠵᠤ᠂  ᠱᠠᠲᠤ  ᠬᠤᠪᠢᠶᠠᠨ  ᠬᠠᠷᠢᠭᠤᠴᠠᠬᠤ᠂  ᠲᠥᠪᠯᠡᠷᠡᠭᠦᠯᠦᠨ ᠬᠠᠮᠢᠶᠠᠷᠬᠤ ᠶᠢ ᠪᠠᠷᠢᠮᠲᠠᠯᠠᠬᠤ ᠬᠡᠷᠡᠭᠲᠡᠢ᠃                     ᠲᠠᠪᠤᠳᠤᠭᠠᠷ ᠵᠦᠢᠯ ᠨᠠᠮ ᠤᠨ ᠰᠦᠯᠳᠡ ᠶᠢᠨ ᠳ᠋ᠢᠶᠠᠮᠧᠲᠷ ᠤᠨ ᠨᠡᠶᠢᠳᠡᠮ ᠬᠡᠷᠡᠭᠯᠡᠬᠦ ᠪᠠᠷᠢᠮᠵᠢᠶ᠎ᠠ ᠨᠢ ᠳᠣᠣᠷᠠᠬᠢ ᠮᠡᠲᠦ  3 ᠵᠦᠢᠯ ᠪᠣᠯᠤᠨ᠎ᠠ᠄               ︵ᠨᠢᠭᠡ︶ 100 ᠰᠠᠨᠲ᠋ᠢᠮᠧᠲᠷ︔                   ︵ᠬᠤᠶᠠᠷ︶ 80 ᠰᠠᠨᠲ᠋ᠢᠮᠧᠲᠷ︔                     ︵ᠭᠤᠷᠪᠠ︶ 60 ᠰᠠᠨᠲ᠋ᠢᠮᠧᠲᠷ᠃                   ᠨᠡᠶᠢᠲᠡᠮ ᠤᠨ ᠬᠡᠷᠡᠭᠯᠡᠭᠡᠨ ᠤ ᠪᠤᠰᠤ ᠪᠠᠷᠢᠮᠵᠢᠶ᠎ᠡ ᠲᠠᠢ ᠨᠠᠮ ᠤᠨ ᠰᠦᠯᠳᠡ ᠶᠢ ᠡᠯᠭᠦᠬᠦ ᠴᠢᠬᠤᠯᠠᠲᠠᠢ  ᠪᠠᠶᠢᠪᠠᠯ᠂  ᠨᠡᠶᠢᠳᠡᠮ ᠬᠡᠷᠡᠭᠯᠡᠬᠦ ᠪᠠᠷᠢᠮᠵᠢᠶ᠎ᠠ ᠪᠠᠷ ᠬᠠᠷᠢᠴᠠᠯ ᠪᠣᠯᠭᠠᠵᠤ ᠵᠣᠬᠢᠰᠲᠠᠢ ᠪᠠᠷ ᠶᠡᠬᠡᠰᠬᠡᠬᠦ ᠪᠤᠶᠤ  ᠪᠠᠭᠠᠰᠬᠠᠵᠤ᠂  ᠡᠯᠭᠦᠭᠰᠡᠨ  ᠠᠬᠤᠢ  ᠪᠠᠶᠢᠳᠠᠯ᠂ ᠲᠠᠯᠠᠪᠤᠷ ᠲᠠᠢ ᠵᠣᠬᠢᠴᠠᠭᠤᠯᠬᠤ ᠬᠡᠷᠡᠭᠲᠡᠢ᠃ ᠨᠠᠮ ᠤᠨ  ᠰᠦᠯᠳᠡ ᠶᠢᠨ  ᠵᠢᠷᠤᠭ  ᠳᠦᠷᠰᠦ ᠳᠤ  ᠶᠡᠷᠦᠳᠡᠭᠡᠨ  ᠠᠯᠲᠠᠨ  ᠰᠢᠷᠭᠠᠯ  ᠪᠤᠶᠤ  ᠤᠯᠠᠭᠠᠨ   ᠥᠩᠭᠡ ᠶᠢ ᠬᠡᠷᠡᠭᠯᠡᠳᠡᠭ᠃                   ᠵᠢᠷᠭᠤᠳᠤᠭᠠᠷ ᠵᠦᠢᠯ ᠳᠣᠣᠷ᠎ᠠ ᠵᠢᠭᠰᠠᠭᠠᠭᠰᠠᠨ ᠪᠠᠶᠢᠳᠠᠯ ᠳᠤ ᠨᠠᠮ ᠤᠨ ᠰᠦᠯᠳᠡ ᠪᠤᠶᠤ ᠨᠠᠮ ᠤᠨ ᠰᠦᠯᠳᠡ ᠶᠢᠨ ᠵᠢᠷᠤᠭ ᠲᠦᠷᠰᠤ ᠶᠢ ᠬᠡᠷᠡᠭᠯᠡᠬᠦ ᠬᠡᠷᠡᠭᠲᠡᠢ᠄                   ︵ᠨᠢᠭᠡ︶ ᠨᠠᠮ ᠤᠨ ᠪᠦᠬᠦ ᠤᠯᠤᠰ ᠤᠨ ᠲᠥᠯᠥᠭᠡᠯᠡᠭᠴᠢᠳ ᠤᠨ ᠶᠡᠭᠡ ᠬᠤᠷᠠᠯ᠂  ᠲᠥᠯᠥᠭᠡᠯᠡᠭᠴᠢᠳ ᠤᠨ  ᠬᠤᠷᠠᠯ  ᠪᠠ ᠣᠷᠣᠨ  ᠨᠤᠲᠤᠭ ᠤᠨ  ᠡᠯ᠎ᠡ  ᠱᠠᠲᠤᠨ ᠤ  ᠲᠥᠯᠥᠭᠡᠯᠡᠭᠴᠢᠳ ᠤᠨ   ᠶᠡᠭᠡ   ᠬᠤᠷᠠᠯ᠂   ᠲᠥᠯᠥᠭᠡᠯᠡᠭᠴᠢᠳ ᠤᠨ   ᠬᠤᠷᠠᠯ ᠢ ᠬᠤᠷᠠᠯᠳᠤᠭᠤᠯᠬᠤ ᠳᠤ᠂ ᠢᠯᠡᠷᠬᠡᠶ ᠪᠠᠶᠢᠷᠢᠨ ᠳᠤ ᠨᠠᠮ ᠤᠨ  ᠰᠦᠯᠳᠡ ᠶᠢ  ᠡᠯᠭᠦᠬᠦ  ᠪᠥᠭᠡᠳ  ᠨᠠᠮ ᠤᠨ  ᠰᠦᠯᠳᠡ ᠶᠢᠨ  ᠬᠤᠶᠠᠷ ᠲᠠᠯ᠎ᠠ ᠳᠤ ᠲᠤᠰ ᠪᠦᠷᠢ 5 ᠤᠯᠠᠭᠠᠨ ᠲᠤᠭ ᠪᠠᠶᠢᠷᠢᠯᠠᠭᠤᠯᠤᠨ᠎ᠠ︔                     ︵ᠬᠤᠶᠠᠷ︶  ᠨᠠᠮ ᠤᠨ  ᠲᠥᠪ  ᠬᠤᠷᠢᠶ᠎ᠠ  ᠪᠠ   ᠣᠷᠣᠨ   ᠨᠤᠲᠤᠭ ᠤᠨ   ᠬᠤᠷᠢᠶᠠᠨ ᠤ   ᠪᠥᠬᠦᠳᠡ   ᠬᠤᠷᠠᠯ ᠢ ᠬᠤᠷᠠᠯᠳᠤᠭᠤᠯᠬᠤ ᠳᠤ᠂ ᠢᠯᠡᠷᠬᠡᠶ ᠪᠠᠶᠢᠷᠢᠨ ᠳᠤ ᠨᠠᠮ ᠤᠨ ᠰᠦᠯᠳᠡ ᠶᠢ ᠡᠯᠭᠦᠨ᠎ᠡ︔                     ︵ᠭᠤᠷᠪᠠ︶ ᠨᠠᠮ ᠤᠨ ᠲᠥᠪ ᠬᠤᠷᠢᠶ᠎ᠠ ᠪᠠ ᠣᠷᠣᠨ ᠨᠤᠲᠤᠭ ᠤᠨ ᠬᠤᠷᠢᠶ᠎ᠠ  ᠵᠢᠴᠢ  ᠲᠡᠭᠦᠨ ᠤ  ᠠᠵᠢᠯ ᠤᠨ  ᠰᠠᠯᠠᠭ᠎ᠠ ᠮᠥᠴᠢᠷ᠂ ᠨᠠᠮ ᠤᠨ ᠲᠥᠪ ᠬᠤᠷᠢᠶ᠎ᠠ ᠪᠠ ᠣᠷᠣᠨ ᠨᠤᠲᠤᠭ ᠤᠨ ᠬᠤᠷᠢᠶ᠎ᠠ ᠠᠴᠠ  ᠣᠨᠴᠠ  ᠲᠣᠭᠲᠠᠭᠰᠠᠨ  ᠭᠠᠵᠠᠷ  ᠣᠷᠣᠨ ᠳᠤ ᠲᠣᠮᠢᠯᠠᠭᠰᠠᠨ ᠲᠥᠯᠥᠭᠡᠯᠡᠬᠦ  ᠪᠠᠶᠢᠭᠤᠯᠭ᠎ᠠ  ᠵᠢᠴᠢ  ᠲᠡᠭᠦᠨ ᠤ  ᠠᠵᠢᠯ ᠤᠨ  ᠰᠠᠯᠠᠭ᠎ᠠ  ᠮᠥᠴᠢᠷ᠂  ᠨᠠᠮ ᠤᠨ  ᠰᠠᠬᠢᠯᠭ᠎ᠠ  ᠪᠠᠲᠤ ᠪᠠᠶᠢᠴᠠᠭᠠᠬᠤ  ᠪᠠᠶᠢᠭᠤᠯᠭ᠎ᠠ᠂  ᠨᠠᠮ ᠤᠨ  ᠤᠳᠤᠷᠢᠳᠬᠤ  ᠳᠤᠭᠤᠶᠢᠯᠠᠩ᠂  ᠨᠠᠮ ᠤᠨ   ᠦᠨᠳᠦᠰᠦᠨ   ᠱᠠᠲᠤᠨ ᠤ   ᠵᠣᠬᠢᠶᠠᠨ ᠪᠠᠶᠢᠭᠤᠯᠤᠯᠲᠠ ᠶᠢᠨ ᠲᠠᠮᠠᠭ᠎ᠠ ︵ᠲᠠᠮᠠᠭ᠎ᠠ ᠶᠢᠨ ᠬᠡᠪ︶ ᠶᠢᠨ ᠳᠤᠮᠳᠠ ᠨᠢ ᠨᠠᠮ ᠤᠨ ᠰᠦᠯᠳᠡ ᠶᠢᠨ ᠵᠢᠷᠤᠭ ᠰᠡᠶᠢᠯᠦᠨ᠎ᠡ᠃                     ᠳᠣᠯᠣᠳᠤᠭᠠᠷ ᠵᠦᠢᠯ ᠨᠠᠮ ᠤᠨ ᠦᠨᠳᠦᠰᠦᠨ ᠱᠠᠲᠤᠨ ᠤ ᠬᠤᠷᠢᠶ᠎ᠠ ᠨᠠᠮ ᠤᠨ  ᠭᠡᠰᠢᠭᠦᠳ ᠤᠨ  ᠶᠡᠭᠡ  ᠬᠤᠷᠠᠯ  ᠪᠤᠶᠤ ᠨᠠᠮ ᠤᠨ ᠭᠡᠰᠢᠭᠦᠳ ᠤᠨ ᠲᠥᠯᠥᠭᠡᠯᠡᠭᠴᠢᠳ ᠤᠨ  ᠶᠡᠭᠡ  ᠬᠤᠷᠠᠯ  ᠬᠤᠷᠠᠯᠳᠤᠭᠤᠯᠬᠤ ᠳᠠᠭᠠᠨ  ᠬᠡᠷᠡᠭᠴᠡᠭᠡ ᠪᠠᠨ  ᠦᠨᠳᠦᠰᠦᠯᠡᠨ ᠨᠠᠮ ᠤᠨ ᠰᠦᠯᠳᠡ ᠶᠢ ᠡᠯᠭᠦᠵᠦ ᠪᠣᠯᠤᠨ᠎ᠠ᠃                     ᠳᠣᠣᠷ᠎ᠠ ᠵᠢᠭᠰᠠᠭᠠᠭᠰᠠᠨ ᠪᠠᠶᠢᠳᠠᠯ ᠳᠤ ᠨᠠᠮ ᠤᠨ ᠰᠦᠯᠳᠡ ᠶᠢᠨ ᠵᠢᠷᠤᠭ ᠲᠦ᠋ᠷᠰᠤ ᠶᠢ ᠬᠡᠷᠡᠭᠯᠡᠵᠦ ᠪᠣᠯᠤᠨ᠎ᠠ᠄                   ︵ᠨᠢᠭᠡ︶ ᠨᠠᠮ  ᠤᠨ ᠳᠣᠲᠣᠭᠠᠳᠤ  ᠶᠢᠨ ᠴᠢᠬᠤᠯᠠ ᠬᠤᠷᠠᠯ᠂ ᠴᠢᠬᠤᠯᠠ ᠠᠵᠢᠯᠯᠠᠭ᠎ᠠ ᠳᠤ ᠬᠡᠷᠡᠭᠯᠡᠬᠦ ᠦᠨᠡᠮᠯᠡᠯ᠂ ᠢᠯᠭᠠᠬᠤ ᠲᠡᠮᠳᠡᠭ ᠵᠡᠷᠭᠡ︔                   ︵ᠬᠤᠶᠠᠷ︶ ᠨᠠᠮ ᠤᠨ ᠡᠯ᠎ᠡ ᠱᠠᠲᠤᠨ ᠤ ᠵᠣᠬᠢᠶᠠᠨ ᠪᠠᠶᠢᠭᠤᠯᠤᠯᠲᠠ ᠶᠢᠨ ᠣᠯᠭᠤᠭᠰᠠᠨ ᠱᠠᠩᠨᠠᠯ ᠤᠨ ᠲᠡᠮᠳᠡᠭ᠂  ᠰᠦᠯᠳᠡ ᠲᠡᠮᠳᠡᠭ᠂ ᠱᠠᠩᠨᠠᠯ ᠤᠨ ᠪᠢᠴᠢᠭ᠂ ᠦᠨᠡᠮᠯᠡᠯ ᠪᠠ ᠪᠤᠰᠤᠳ ᠢᠷᠠᠭᠤ ᠠᠯᠳᠠᠷ ᠤᠨ ᠴᠢᠨᠠᠷᠲᠠᠶ ᠪᠢᠴᠢᠭ ᠬᠠᠷ᠎ᠠ᠂ ᠭᠡᠷᠡᠴᠢ  ᠦᠨᠡᠮᠯᠡᠯ᠂ ᠦᠢᠯᠡᠳᠦᠭᠰᠡᠨ ᠬᠤᠯᠪᠣᠭᠳᠠᠯ ᠪᠥᠬᠦᠶ ᠠᠵᠢᠯ ᠤᠨ ᠦᠨᠡᠮᠯᠡᠯ ᠵᠡᠷᠭᠡ︔                   ︵ᠭᠤᠷᠪᠠ︶ ᠨᠠᠮ ᠤᠨ ᠳᠣᠲᠣᠭᠠᠳᠤ ᠶᠢᠨ ᠴᠢᠬᠤᠯᠠ ᠬᠡᠪᠯᠡᠭᠳᠡᠬᠦᠨ᠂ ᠤᠬᠠᠭᠤᠯᠬᠤ ᠮᠠᠲ᠋ᠧᠷᠢᠶᠠᠯ ᠵᠡᠷᠭᠡ︔                   ︵ᠳᠥᠷᠪᠡ︶ ᠨᠠᠮ ᠤᠨ ᠡᠯ᠎ᠡ ᠱᠠᠲᠤᠨ ᠤ ᠵᠣᠬᠢᠶᠠᠨ ᠪᠠᠶᠢᠭᠤᠯᠤᠯᠲᠠ ᠶᠢᠨ ᠰᠦᠯᠵᠢᠶ᠎ᠡ ᠪᠠ ᠰᠦᠯᠵᠢᠶᠡᠨ ᠤ ᠦᠷᠳᠡᠭᠡ︔     ︵ᠲᠠᠪᠤ︶ ᠨᠠᠮ ᠤᠨ ᠭᠡᠰᠢᠭᠦᠨ ᠤ ᠬᠥᠮᠦᠵᠢᠯ ᠤᠨ ᠰᠠᠭᠤᠷᠢᠨ᠂ ᠨᠠᠮ ᠤᠨ ᠭᠡᠰᠢᠭᠦᠨ ᠤ ᠬᠤᠰᠢᠭᠤᠴᠢ ᠠᠵᠢᠯ ᠤᠨ ᠪᠠᠶᠢᠷᠢ᠂ ᠨᠠᠮ ᠤᠨ  ᠪᠠᠶᠢᠭᠤᠯᠤᠯᠲᠠ ᠶᠢᠨ  ᠤᠬᠠᠭᠤᠯᠭ᠎ᠠ ᠶᠢᠨ  ᠪᠤᠯᠤᠩ  ︵ᠬᠡᠷᠡᠮ︶  ᠵᠢᠴᠢ  ᠨᠠᠮ ᠤᠨ  ᠭᠡᠰᠢᠬᠦᠨ   ᠣᠯᠠᠨ   ᠲᠦᠮᠡᠨ ᠤ ᠦᠢᠯᠡᠴᠢᠯᠡᠭᠡᠨ ᠤ ᠲᠥᠪ᠂ ᠨᠠᠮ ᠤᠨ ᠭᠡᠰᠢᠭᠦᠨ ᠤ ᠠᠵᠢᠯᠯᠠᠭᠠᠨ ᠤ ᠲᠠᠰᠤᠭ ᠵᠡᠷᠭᠡ ᠦᠨᠳᠦᠰᠦᠨ ᠱᠠᠲᠤᠨ ᠤ  ᠨᠠᠮ ᠤᠨ  ᠵᠣᠬᠢᠶᠠᠨ ᠪᠠᠶᠢᠭᠤᠯᠤᠯᠲᠠ ᠶᠢᠨ ᠠᠵᠢᠯᠯᠠᠭᠠᠨ ᠤ ᠲᠠᠯᠠᠪᠤᠷ︔                   ︵ᠵᠢᠷᠭᠤᠭ᠎ᠠ︶ ᠨᠠᠮ ᠠᠴᠠ ᠦᠷᠨᠢᠭᠦᠯᠦᠭᠰᠡᠨ ᠭᠠᠳᠠᠭᠠᠳᠤ ᠬᠠᠷᠢᠯᠴᠠᠭᠠᠨ ᠤ ᠠᠵᠢᠯᠯᠠᠭ᠎ᠠ  ᠃                   ᠨᠠᠢᠮᠠᠳᠤᠭᠠᠷ ᠵᠦᠢᠯ ᠨᠠᠮ ᠤᠨ ᠲᠤᠭ ᠤᠨ ᠨᠡᠶᠢᠳᠡᠮ ᠬᠡᠷᠡᠭᠯᠡᠬᠦ ᠪᠠᠷᠢᠮᠵᠢᠶ᠎ᠠ ᠨᠢ ᠳᠤᠤᠷ᠎ᠠ ᠵᠢᠭᠰᠠᠭᠠᠭᠰᠠᠨ 5 ᠵᠦᠢᠯ ᠪᠤᠢ᠄     ︵ᠨᠢᠭᠡ︶  ᠤᠷᠳᠤ ᠨᠢ 288 ᠰᠠᠨᠲ᠋ᠢᠮᠧᠲᠷ᠂ ᠦᠷᠭᠡᠨ ᠨᠢ 192 ᠰᠠᠨᠲ᠋ᠢᠮᠧᠲᠷ︔                   ︵ᠬᠤᠶᠠᠷ︶ ᠣᠷᠳᠣ ᠨᠢ 240 ᠰᠠᠨᠲ᠋ᠢᠮᠧᠲᠷ᠂ ᠥᠷᠭᠡᠨ ᠨᠢ 160 ᠰᠠᠨᠲ᠋ᠢᠮᠧᠲᠷ︔                     ︵ᠭᠤᠷᠪᠠ︶ ᠤᠷᠳᠤ ᠨᠢ 192 ᠰᠠᠨᠲ᠋ᠢᠮᠧᠲᠷ᠂ ᠥᠷᠭᠡᠨ ᠨᠢ 128 ᠰᠠᠨᠲ᠋ᠢᠮᠧᠲᠷ︔                   ︵ᠲᠦᠷᠪᠡ︶ ᠤᠷᠳᠦ ᠨᠢ 144 ᠰᠠᠨᠲ᠋ᠢᠮᠧᠲᠷ᠂ ᠥᠷᠭᠡᠨ ᠨᠢ 96 ᠰᠠᠨᠲ᠋ᠢᠮᠧᠲᠷ︔                   ︵ᠲᠠᠪᠤ︶  ᠤᠷᠳᠤ ᠨᠢ 96 ᠰᠠᠨᠲ᠋ᠢᠮᠧᠲᠷ᠂ ᠦᠷᠭᠡᠨ ᠨᠢ 64 ᠰᠠᠨᠲ᠋ᠢᠮᠧᠲᠷ᠃                     ᠣᠨᠴᠠ ᠲᠣᠭᠲᠠᠭᠰᠠᠨ ᠲᠠᠯᠠᠪᠤᠷ ᠲᠤ᠂ ᠨᠡᠶᠢᠳᠡᠮ  ᠬᠡᠷᠡᠭᠯᠡᠬᠦ  ᠪᠠᠷᠢᠮᠵᠢᠶ᠎ᠠ ᠶᠢᠨ  ᠪᠤᠰᠤ  ᠨᠠᠮ ᠤᠨ  ᠲᠤᠭ ᠢ  ᠬᠡᠷᠡᠭᠯᠡᠬᠦ ᠴᠢᠬᠤᠯᠠᠲᠠᠢ ᠪᠠᠶᠢᠪᠠᠯ᠂ ᠨᠡᠶᠢᠳᠡᠮ ᠬᠡᠷᠡᠭᠯᠡᠬᠦ ᠪᠠᠷᠢᠮᠵᠢᠶ᠎ᠠ ᠪᠠᠷ ᠬᠠᠷᠢᠴᠠᠯ ᠪᠣᠯᠭᠠᠵᠤ ᠵᠣᠬᠢᠰᠲᠠᠢ ᠪᠠᠷ  ᠶᠡᠬᠡᠰᠬᠡᠬᠦ  ᠪᠤᠶᠤ  ᠪᠠᠭᠠᠰᠬᠠᠬᠤ ᠬᠡᠷᠡᠭᠲᠡᠢ᠃                  ᠶᠢᠰᠦᠳᠦᠭᠡᠷ ᠵᠦᠢᠯ ᠳᠣᠣᠷ᠎ᠠ ᠵᠢᠭᠰᠠᠭᠠᠭᠰᠠᠨ ᠪᠠᠶᠢᠳᠠᠯ ᠳᠤ ᠨᠠᠮ ᠤᠨ ᠲᠤᠬ ᠢ ᠬᠡᠷᠡᠭᠯᠡᠬᠦ ᠬᠡᠷᠡᠭᠲᠡᠢ᠄                   ︵ᠨᠢᠭᠡ︶ ᠰᠢᠨ᠎ᠡ ᠨᠠᠮ ᠤᠨ ᠭᠡᠰᠢᠭᠦᠨ ᠤ ᠨᠠᠮ ᠳᠤ ᠣᠷᠣᠬᠤ ᠲᠠᠩᠭᠠᠷᠢᠬᠯᠠᠬᠤ  ᠶᠣᠰᠣᠯᠠᠯ  ᠶᠠᠪᠤᠭᠤᠯᠬᠤ ᠳᠤ᠂  ᠨᠠᠮ ᠤᠨ ᠭᠡᠰᠢᠭᠦᠨ ᠢ ᠵᠣᠬᠢᠶᠠᠨ ᠪᠠᠶᠢᠭᠤᠯᠵᠤ ᠨᠠᠮ ᠳᠤ ᠣᠷᠣᠬᠤ ᠲᠠᠩᠭᠠᠷᠢᠭ ᠤᠨ ᠦᠭᠡᠰ ᠢ  ᠳᠠᠬᠢᠨᠳᠠ ᠤᠩᠰᠢᠬᠤ ᠦᠶᠡᠰ︔                   ︵ᠬᠤᠶᠠᠷ︶ ᠨᠠᠮ ᠤᠨ ᠳᠣᠲᠣᠭᠠᠳᠤ ᠳᠤ ᠴᠢᠬᠤᠯᠠ ᠶᠡᠭᠡ ᠪᠡᠯᠭᠡᠯᠡᠬᠦ᠂ ᠳᠤᠷᠠᠰᠬᠠᠬᠤ ᠠᠵᠢᠯᠯᠠᠭ᠎ᠠ ᠦᠷᠨᠢᠬᠦᠯᠬᠦ ᠦᠶᠡᠰ︔     ︵ᠭᠤᠷᠪᠠ︶ ᠨᠠᠮ ᠤᠨ ᠲᠥᠪ ᠬᠤᠷᠢᠶ᠎ᠠ ᠪᠤᠯᠤᠨ ᠣᠷᠣᠨ ᠨᠤᠲᠤᠭ ᠤᠨ ᠬᠤᠷᠢᠶ᠎ᠠ ᠵᠢᠴᠢ ᠲᠡᠭᠦᠨ ᠤ ᠠᠵᠢᠯ ᠤᠨ  ᠰᠠᠯᠠᠭ᠎ᠠ ᠮᠥᠴᠢᠷ᠂ ᠨᠠᠮ ᠤᠨ ᠲᠥᠪ ᠬᠤᠷᠢᠶ᠎ᠠ ᠪᠤᠯᠤᠨ ᠣᠷᠣᠨ ᠨᠤᠲᠤᠭ ᠤᠨ ᠬᠤᠷᠢᠶ᠎ᠠ ᠠᠴᠠ ᠣᠨᠴᠠ ᠲᠣᠭᠲᠠᠭᠰᠠᠨ ᠭᠠᠵᠠᠷ  ᠣᠷᠣᠨ ᠳᠤ ᠲᠣᠮᠢᠯᠠᠭᠰᠠᠨ ᠲᠥᠯᠥᠭᠡᠯᠡᠬᠦ  ᠪᠠᠶᠢᠭᠤᠯᠭ᠎ᠠ  ᠵᠢᠴᠢ  ᠲᠡᠭᠦᠨ ᠤ  ᠠᠵᠢᠯ ᠤᠨ  ᠰᠠᠯᠠᠭ᠎ᠠ  ᠮᠥᠴᠢᠷ᠂  ᠨᠠᠮ ᠤᠨ  ᠰᠠᠬᠢᠯᠭ᠎ᠠ  ᠪᠠᠲᠤ ᠪᠠᠶᠢᠴᠠᠭᠠᠬᠤ ᠪᠠᠶᠢᠭᠤᠯᠭ᠎ᠠ᠂ ᠨᠠᠮ ᠤᠨ ᠤᠳᠤᠷᠢᠳᠬᠤ ᠳᠤᠭᠤᠶᠢᠯᠠᠩ ᠤᠨ ᠬᠤᠷᠠᠯ ᠤᠨ ᠬᠡᠷ᠃                   ᠠᠷᠪᠠᠳᠤᠭᠠᠷ ᠵᠦᠢᠯ ᠳᠣᠣᠷ᠎ᠠ ᠵᠢᠭᠰᠠᠭᠠᠭᠰᠠᠨ ᠪᠠᠶᠢᠳᠠᠯ ᠳᠤ ᠨᠠᠮ ᠤᠨ ᠲᠤᠬ ᠢ ᠬᠡᠷᠡᠭᠯᠡᠵᠦ ᠪᠣᠯᠤᠨ᠎ᠠ᠄     ︵ᠨᠢᠭᠡ︶ ᠨᠠᠮ ᠤᠨ ᠭᠡᠰᠢᠭᠦᠳ ᠤᠨ ᠶᠡᠭᠡ ᠬᠤᠷᠠᠯ᠂ ᠨᠠᠮ ᠤᠨ ᠦᠨᠳᠦᠰᠦᠨ ᠱᠠᠲᠤᠨ ᠤ ᠲᠥᠯᠥᠭᠡᠯᠡᠭᠴᠢᠳ ᠤᠨ  ᠶᠡᠭᠡ  ᠬᠤᠷᠠᠯ ᠢ  ᠬᠤᠷᠠᠯᠳᠤᠭᠤᠯᠬᠤ ᠦᠶᠡᠰ︔                   ︵ᠬᠤᠶᠠᠷ︶ ᠨᠠᠮ ᠤᠨ ᠦᠨᠳᠦᠰᠦᠨ ᠱᠠᠲᠤᠨ ᠤ ᠵᠣᠬᠢᠶᠠᠨ ᠪᠠᠶᠢᠭᠤᠯᠤᠯᠲᠠ  ᠭᠤᠤᠯ  ᠰᠡᠳᠦᠪᠳᠤ  ᠨᠠᠮ ᠤᠨ  ᠡᠳᠦᠷ ᠤᠨ ᠠᠵᠢᠯᠯᠠᠭ᠎ᠠ ᠦᠷᠨᠢᠭᠦᠯᠬᠦ ᠦᠶᠡᠰ︔                   ︵ᠭᠤᠷᠪᠠ︶ ᠨᠠᠮ ᠤᠨ ᠭᠡᠰᠢᠭᠦᠨ ᠤ ᠬᠥᠮᠦᠵᠢᠯ ᠤᠨ ᠰᠠᠭᠤᠷᠢᠨ ᠭᠠᠵᠠᠷ᠂ ᠨᠠᠮ ᠤᠨ ᠭᠡᠰᠢᠭᠦᠨ ᠤ ᠬᠤᠰᠢᠭᠤᠴᠢ ᠠᠵᠢᠯ ᠤᠨ ᠪᠠᠶᠢᠷᠢ ᠵᠢᠴᠢ ᠨᠠᠮ ᠪᠠ ᠣᠯᠠᠨ ᠲᠦᠮᠡᠨ ᠤ ᠦᠢᠯᠡᠴᠢᠯᠡᠭᠡᠨ ᠤ ᠲᠥᠪ᠂ ᠨᠠᠮ ᠤᠨ ᠭᠡᠰᠢᠭᠦᠨ ᠤ  ᠠᠵᠢᠯᠯᠠᠭᠠᠨ ᠤ  ᠲᠠᠰᠤᠭ  ᠵᠡᠷᠭᠡ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠠᠵᠢᠯᠯᠠᠭᠠᠨ ᠤ ᠲᠠᠯᠠᠪᠤᠷ︔                     ︵ᠳᠥᠷᠪᠡ︶ ᠴᠢᠬᠤᠯᠠ ᠠᠵᠢᠯ᠂ ᠴᠢᠬᠤᠯᠠ ᠲᠥᠷᠥᠯ ᠵᠦᠢᠯ ᠤᠨ ᠪᠣᠭᠤᠮᠲᠠ ᠰᠢᠪᠲᠤᠯᠬᠤ  ᠪᠠ  ᠠᠶᠤᠯ  ᠭᠠᠮᠰᠢᠭ ᠠᠴᠠ ᠠᠪᠤᠷᠬᠠᠤ᠂ ᠬᠢᠵᠢᠭ ᠲᠠᠢ ᠲᠡᠮᠡᠴᠡᠬᠦ ᠡᠮᠦᠨ᠎ᠡ ᠹᠷᠣᠨᠲ ᠤᠨ ᠨᠠᠮ ᠤᠨ  ᠵᠣᠬᠢᠶᠠᠨ  ᠪᠠᠶᠢᠭᠤᠯᠤᠯᠲᠠ ᠶᠢᠨ  ᠵᠢᠭᠰᠠᠭᠠᠯ ᠤᠨ  ᠭᠠᠵᠠᠷ᠂ ᠨᠠᠮ ᠤᠨ ᠭᠡᠰᠢᠭᠦᠨ ᠤ ᠭᠠᠪᠰᠢᠭᠠᠶ ᠠᠩᠭᠢ ᠵᠡᠷᠭᠡ︔                     ︵ᠲᠠᠪᠤ︶ ᠨᠠᠮ ᠤᠨ ᠭᠠᠳᠠᠭᠠᠳᠤ ᠬᠠᠷᠢᠯᠴᠠᠭᠠᠨ ᠤ ᠠᠵᠢᠯᠯᠠᠭ᠎ᠠ ᠥᠷᠨᠢᠭᠦᠯᠬᠦ ᠦᠶᠡᠰ᠃                     ᠳᠡᠭᠡᠷ᠎ᠡ  ᠳᠤᠷᠠᠳᠤᠭᠰᠠᠨ  ᠪᠠᠶᠢᠳᠠᠯ ᠠᠴᠠ  ᠭᠠᠳᠠᠨ᠎ᠠ᠂  ᠡᠩ ᠤᠨ  ᠪᠠᠶᠢᠳᠠᠯ ᠳᠤ  ᠨᠠᠮ ᠤᠨ  ᠰᠦᠯᠳᠡ ᠶᠢᠨ  ᠵᠢᠷᠤᠭ ᠳᠦᠷᠰᠦ ᠪᠠᠷ ᠬᠡᠷᠡᠭᠯᠡᠵᠤ ᠪᠤᠯᠬᠤ ᠪᠠᠶᠢᠳᠠᠯ ᠢᠶᠠᠷ ᠯᠠᠪᠯᠠᠯᠳᠠ  ᠪᠤᠯᠭᠠᠵᠤ  ᠨᠠᠮ ᠤᠨ  ᠲᠤᠬ ᠤᠨ  ᠵᠢᠷᠤᠭ  ᠳᠦᠷᠰᠦ ᠶᠢ  ᠬᠡᠷᠡᠭᠯᠡᠵᠦ ᠪᠣᠯᠤᠨ᠎ᠠ᠃                     ᠠᠷᠪᠠᠨ ᠨᠢᠭᠡᠳᠦᠭᠡᠷ ᠵᠦᠢᠯ ᠣᠨᠴᠠᠭᠠᠢ ᠪᠠᠶᠢᠳᠠᠯ ᠳᠤ ᠨᠠᠮ ᠤᠨ  ᠲᠤᠬ  ᠪᠠ  ᠪᠤᠰᠤᠳ  ᠲᠤᠬ ᠢ  ᠵᠡᠷᠭᠡ ᠪᠠᠷ  ᠡᠯᠭᠦᠬᠦ ᠴᠢᠬᠤᠯᠠᠲᠠᠢ ᠦᠶ᠎ᠠ ᠳᠤ᠂ ᠨᠠᠮ ᠤᠨ ᠲᠤᠬ ᠢ ᠲᠡᠷᠢᠭᠦᠨ ᠪᠠᠶᠢᠷᠢᠨ ᠳᠤ ᠲᠠᠯᠪᠢᠬᠤ ᠬᠡᠷᠡᠭᠲᠡᠢ᠃                   ᠠᠷᠪᠠᠨ ᠬᠤᠶᠠᠳᠤᠭᠠᠷ ᠵᠦᠢᠯ ᠨᠡᠶᠢᠳᠡᠮ ᠬᠡᠷᠡᠭᠯᠡᠬᠦ  ᠪᠠᠷᠢᠮᠵᠢᠶ᠎ᠠ ᠶᠢᠨ  ᠪᠤᠰᠤ  ᠨᠠᠮ ᠤᠨ  ᠰᠦᠯᠳᠡ  ᠨᠠᠮ ᠤᠨ  ᠲᠤᠬ ᠢ ᠦᠢᠯᠡᠳᠬᠦ ᠦᠶᠡᠰ᠂ ᠲᠣᠭᠲᠠᠭᠠᠭᠰᠠᠨ ᠪᠠᠶᠢᠳᠠᠯ ᠠᠴᠠ ᠭᠠᠳᠠᠭᠤᠷ ᠨᠠᠮ ᠤᠨ ᠰᠦᠯᠳᠡ ᠨᠠᠮ ᠤᠨ ᠲᠤᠬ ᠵᠢᠴᠢ  ᠲᠡᠭᠦᠨ ᠤ  ᠵᠢᠷᠤᠭ ᠳᠦᠷᠰᠦ ᠶᠢ ᠬᠡᠷᠡᠭᠯᠡᠬᠦ ᠳᠤ ᠬᠦᠷᠪᠡᠯ᠂ ᠰᠢᠶᠠᠨ ᠤ ᠱᠠᠲᠤᠨ ᠠᠴᠠ  ᠳᠡᠭᠡᠭᠰᠢᠬᠢ  ᠨᠠᠮ ᠤᠨ  ᠬᠤᠷᠢᠶᠠᠨ ᠤ  ᠵᠣᠬᠢᠶᠠᠨ  ᠪᠠᠶᠢᠭᠤᠯᠬᠤ ᠰᠠᠯᠠᠭ᠎ᠠ ᠮᠥᠴᠢᠷ ᠲᠤ ᠮᠡᠳᠡᠭᠦᠯᠵᠦ ᠵᠥᠪᠰᠢᠶᠡᠷᠡᠭᠦᠯᠬᠦ ᠬᠡᠷᠡᠭᠲᠡᠢ᠃                     ᠠᠷᠪᠠᠨ ᠭᠤᠷᠪᠠᠳᠤᠭᠠᠷ ᠵᠦᠢᠯ ᠨᠠᠮ ᠤᠨ ᠰᠦᠯᠳᠡ ᠨᠠᠮ ᠤᠨ ᠲᠤᠬ ᠵᠢᠴᠢ ᠲᠡᠭᠦᠨ ᠤ ᠵᠢᠷᠤᠭ  ᠳᠦᠷᠰᠦ ᠶᠢ  ᠳᠣᠣᠷᠠᠬᠢ ᠵᠦᠢᠯ ᠳᠤ ᠬᠡᠷᠡᠭᠯᠡᠵᠦ ᠪᠣᠯᠬᠤ ᠤᠢᠭᠡᠢ᠄                   ︵ᠨᠢᠭᠡ︶ ᠲᠠᠸᠠᠷ ᠤᠨ ᠲᠡᠮᠳᠡᠭ᠂ ᠲᠤᠰᠬᠠᠢ ᠠᠰᠢᠭ ᠤᠨ ᠡᠷᠬᠡ ᠣᠯᠭᠤᠭᠰᠠᠨ ᠭᠠᠳᠠᠷ ᠳᠦᠷᠰᠦ ᠶᠢᠨ ᠵᠢᠷᠤᠭ ᠲᠥᠯᠥᠪᠯᠡᠭᠡ ᠪᠠ ᠬᠤᠳᠠᠯᠳᠤᠭᠠᠨ ᠤ ᠵᠡᠷ︔                   ︵ᠬᠤᠶᠠᠷ︶ ᠬᠤᠪᠢ ᠬᠥᠮᠦᠨ ᠤ ᠠᠵᠢᠯᠯᠠᠭ᠎ᠠ︔                     ︵ᠭᠤᠷᠪᠠ︶  ᠬᠤᠪᠢ  ᠬᠥᠮᠦᠨ ᠤ  ᠲᠠᠯᠠᠪᠤᠷ᠂  ᠬᠤᠪᠢ  ᠬᠥᠮᠦᠨ ᠤ  ᠰᠦᠯᠵᠢᠶᠡᠨ ᠤ  ᠣᠷᠣᠨ  ᠵᠠᠢ ᠶᠢᠨ  ᠳᠡᠮᠳᠡᠭ ᠢᠯᠡᠷᠬᠡᠶᠢᠯᠡᠯ ᠤᠨ ᠡᠳ᠋︔                   ︵ᠳᠥᠷᠪᠡ︶ ᠬᠤᠪᠢ ᠬᠥᠮᠦᠨ  ᠤ ᠡᠳᠦᠷ ᠲᠤᠲᠤᠮ  ᠤᠨ ᠬᠡᠷᠡᠭᠰᠡᠯ᠂ ᠡᠳᠦᠷ ᠲᠤᠲᠤᠮ  ᠤᠨ ᠠᠮᠢᠳᠤᠷᠠᠯ  ᠤᠨ ᠲᠠᠪᠢᠯᠭ᠎ᠠ ᠪᠠᠶᠢᠷᠢᠯᠠᠭᠤᠯᠤᠯᠳᠠ︔                     ︵ᠲᠠᠪᠤ︶ ᠪᠤᠰᠤᠳ ᠲᠣᠬᠢᠷᠠᠬᠤ ᠦᠭᠡᠢ ᠲᠠᠯᠠᠪᠤᠷ᠂ ᠪᠠᠶᠢᠳᠠᠯ ᠪᠠ ᠣᠷᠴᠢᠨ᠃                     ᠠᠷᠪᠠᠨ ᠳᠥᠷᠪᠡᠳᠦᠭᠡᠷ ᠵᠦᠢᠯ ᠨᠠᠮ ᠤᠨ ᠰᠦᠯᠳᠡ ᠨᠠᠮ ᠤᠨ ᠲᠤᠬ ᠳᠡᠭᠡᠷ᠎ᠡ ᠶᠠᠮᠠᠷᠪᠠ ᠤᠢᠰᠦᠭ ᠪᠢᠴᠢᠭ᠂ ᠲᠡᠮᠳᠡᠭ  ᠪᠠ ᠵᠢᠷᠤᠭ ᠲᠦᠷᠰᠦ ᠵᠡᠷᠭᠡ ᠶᠢ ᠨᠡᠮᠡᠵᠦ ᠪᠣᠯᠬᠤ ᠤᠢᠭᠡᠢ᠂ ᠡᠪᠳᠡᠷᠡᠭᠰᠡᠨ᠂ ᠭᠬᠢᠷᠲᠦᠭᠰᠡᠨ᠂ ᠦᠡᠭᠭᠡ ᠨᠢ ᠤᠨᠠᠭᠰᠠᠨ ᠨᠠᠮ ᠤᠨ ᠰᠦᠯᠳᠡ ᠨᠠᠮ ᠤᠨ  ᠲᠤᠬ ᠢ  ᠬᠡᠷᠡᠭᠯᠡᠵᠦ  ᠪᠣᠯᠬᠤ  ᠤᠢᠭᠡᠢ᠂  ᠲᠤᠰ  ᠲᠦᠷᠢᠮ ᠳᠤ  ᠳᠠᠭᠠᠯᠳᠤᠭᠤᠯᠤᠭᠰᠠᠨ   ᠦᠢᠯᠡᠳᠬᠦ   ᠠᠷᠭ᠎ᠠ ᠶᠢᠨ ᠳᠤᠳᠤᠷᠬᠠᠢᠢᠯᠠᠯᠳᠠ ᠳᠤ ᠨᠡᠶᠢᠴᠡᠬᠦ ᠤᠢᠭᠡᠢ ᠶᠠᠮᠠᠷᠪᠠ ᠨᠠᠮ ᠤᠨ  ᠰᠦᠯᠳᠡ  ᠨᠠᠮ ᠤᠨ  ᠲᠤᠬ ᠢ  ᠦᠢᠯᠡᠳᠴᠦ  ᠬᠡᠷᠡᠭᠯᠡᠵᠦ  ᠪᠣᠯᠬᠤ ᠤᠢᠭᠡᠢ᠃ ᠲᠣᠩᠭᠤᠷᠠᠭᠤᠯᠤᠨ ᠡᠯᠭᠦᠬᠦ᠂ ᠲᠣᠩᠭᠤᠷᠠᠭᠤᠯᠤᠨ ᠬᠠᠳᠬᠤᠬᠤ ᠪᠤᠶᠤ ᠨᠠᠮ ᠤᠨ ᠰᠦᠯᠳᠡ  ᠨᠠᠮ ᠤᠨ  ᠲᠤᠬ ᠤᠨ  ᠨᠡᠷ᠎ᠡ ᠬᠦᠨᠳᠦ ᠶᠢ ᠬᠤᠬᠢᠷᠠᠭᠤᠯᠬᠤ ᠪᠤᠰᠤᠳ ᠬᠡᠯᠪᠡᠷᠢ ᠪᠠᠷ  ᠨᠠᠮ ᠤᠨ  ᠰᠦᠯᠳᠡ  ᠨᠠᠮ ᠤᠨ  ᠲᠤᠬ ᠢ  ᠡᠯᠭᠦᠵᠤ᠂  ᠬᠡᠷᠡᠭᠯᠡᠵᠦ  ᠪᠣᠯᠬᠤ ᠤᠢᠭᠡᠢ᠃ ᠨᠠᠮ ᠤᠨ ᠰᠦᠯᠳᠡ ᠨᠠᠮ ᠤᠨ ᠲᠤᠭ ᠢ ᠳᠤᠷ᠎ᠠ ᠪᠠᠷ ᠢᠶᠠᠨ ᠬᠠᠶᠠᠵᠤ ᠪᠣᠯᠬᠤ ᠦᠭᠡᠢ᠃  ᠡᠪᠳᠡᠷᠡᠭᠰᠡᠨ᠂  ᠭᠬᠢᠷᠲᠦᠭᠰᠡᠨ᠂ ᠥᠩᠭᠡ ᠨᠢ ᠤᠨᠠᠭᠰᠠᠨ᠂ ᠦᠰᠦᠭ ᠪᠢᠴᠢᠭ ᠪᠠ ᠲᠡᠮᠳᠡᠭ ᠬᠠᠳᠠᠭᠰᠠᠨ ᠵᠡᠷᠭᠡ ᠦᠢᠯᠡᠳᠴᠦ ᠬᠡᠷᠡᠭᠯᠡᠬᠦ  ᠲᠣᠭᠲᠠᠭᠠᠯ ᠳᠤ  ᠨᠡᠶᠢᠴᠡᠬᠦ ᠦᠭᠡᠶ ᠨᠠᠮ ᠤᠨ ᠰᠦᠯᠳᠡ ᠨᠠᠮ ᠤᠨ ᠲᠤᠭ ᠢ ᠲᠣᠭᠲᠠᠭᠠᠯ ᠶᠣᠰᠣᠭᠠᠷ ᠬᠤᠷᠢᠶᠠᠨ ᠠᠪᠴᠤ ᠰᠢᠢᠳᠪᠦᠷᠢᠯᠡᠬᠦ  ᠬᠡᠷᠡᠭᠲᠡᠶ᠃  ᠨᠠᠮ ᠤᠨ ᠳᠣᠲᠣᠭᠠᠳᠤ ᠳᠤ ᠴᠢᠬᠤᠯᠠ ᠶᠡᠭᠡ ᠪᠡᠯᠭᠡᠯᠡᠬᠦ᠂ ᠳᠤᠷᠠᠰᠬᠠᠬᠤ ᠠᠵᠢᠯᠯᠠᠭ᠎ᠠ ᠦᠷᠨᠢᠬᠦᠯᠦᠭᠰᠡᠨ ᠤ ᠲᠠᠷᠠᠭ᠎ᠠ᠂ ᠬᠡᠨ ᠲᠠᠷᠬᠠᠭᠠᠭᠰᠠᠨ  ᠪᠣᠯ ᠬᠡᠨ ᠬᠠᠷᠢᠭᠤᠴᠠᠬᠤ ᠵᠠᠷᠴᠢᠮ ᠶᠣᠰᠣᠭᠠᠷ᠂ ᠬᠤᠯᠪᠣᠭᠳᠠᠯ  ᠪᠦᠬᠦᠢ  ᠨᠢᠭᠡᠴᠢ ᠠᠴᠠ  ᠠᠵᠢᠯᠯᠠᠭ᠎ᠠ ᠶᠢᠨ  ᠲᠤᠬᠠᠢ ᠶᠢᠨ  ᠲᠠᠯᠠᠪᠤᠷ ᠲᠤ ᠬᠡᠷᠡᠭᠯᠡᠭᠰᠡᠨ ᠨᠠᠮ ᠤᠨ ᠰᠦᠯᠳᠡ ᠨᠠᠮ ᠤᠨ ᠲᠤᠭ ᠢ ᠪᠤᠴᠠᠭᠠᠨ ᠠᠪᠬᠤ ᠪᠤᠶᠤ ᠵᠤᠬᠢᠰᠳᠠᠢ ᠰᠢᠢᠳᠪᠦᠷᠢᠯᠡᠬᠦ ᠬᠡᠷᠡᠭᠳᠠᠢ᠃                   ᠠᠷᠪᠠᠨ ᠲᠠᠪᠤᠳᠤᠭᠠᠷ ᠵᠦᠢᠯ ᠨᠠᠮ ᠤᠨ ᠭᠡᠰᠢᠭᠦᠨ ᠨᠠᠰᠤ ᠪᠠᠷᠠᠭᠰᠠᠨ ᠤ  ᠲᠠᠷᠠᠭ᠎ᠠ᠂  ᠨᠠᠮ ᠤᠨ  ᠭᠡᠰᠢᠭᠦᠨ ᠤ  ᠵᠣᠬᠢᠶᠠᠨ ᠪᠠᠶᠢᠭᠤᠯᠤᠯᠲᠠ ᠶᠢᠨ ᠬᠠᠷᠢᠴᠠᠭ᠎ᠠ ᠶᠢᠨ ᠪᠠᠶᠢᠭ᠎ᠠ ᠨᠢᠭᠡᠴᠢ ᠶᠢᠨ ᠬᠤᠯᠪᠣᠭᠳᠠᠯ  ᠪᠦᠬᠦᠢ  ᠬᠢᠨᠠᠨ  ᠵᠥᠪᠰᠢᠶᠡᠷᠡᠬᠦ  ᠡᠷᠬᠡ  ᠮᠡᠳᠡᠯ ᠲᠠᠢ ᠦᠨᠳᠦᠰᠦᠨ ᠱᠠᠲᠤᠨ ᠤ  ᠨᠠᠮ ᠤᠨ  ᠬᠤᠷᠢᠶ᠎ᠠ ᠪᠠᠷ  ᠵᠥᠪᠰᠢᠶᠡᠷᠡᠭᠦᠯᠦᠭᠡᠳ᠂  ᠨᠠᠮ ᠤᠨ  ᠲᠤᠬ ᠢ  ᠲᠡᠭᠦᠨ ᠤ  ᠴᠢᠨᠳᠠᠷ  ᠪᠤᠶᠤ ᠴᠢᠨᠳᠠᠷ ᠤᠨ ᠬᠠᠶᠢᠷᠴᠠᠭ ᠳᠡᠭᠡᠷ᠎ᠡ ᠪᠦᠲᠡᠭᠡᠵᠦ ᠪᠣᠯᠤᠨ᠎ᠠ᠂ ᠭᠡᠪᠡᠴᠦ  ᠨᠠᠮ ᠤᠨ  ᠲᠤᠬ ᠢ  ᠭᠠᠵᠠᠷ ᠲᠠᠢ  ᠬᠦᠷᠦᠯᠴᠡᠬᠦᠯᠵᠤ  ᠪᠣᠯᠬᠤ‌ᠦᠭᠡᠢ᠂ ᠴᠢᠨᠳᠠᠷ ᠢ ᠨᠢ ᠳᠠᠭᠠᠭᠤᠯᠤᠨ ᠰᠢᠲᠠᠭᠠᠨ ᠳᠡᠭᠳᠡᠭᠡᠵᠦ ᠪᠣᠯᠬᠤ  ᠦᠭᠡᠢ᠂  ᠴᠢᠨᠳᠠᠷ ᠤᠨ  ᠬᠠᠶᠢᠷᠴᠠᠭ ᠢ ᠨᠢ  ᠳᠠᠭᠠᠭᠤᠯᠤᠨ ᠤᠷᠤᠰᠢᠭᠤᠯᠵᠦ ᠪᠣᠯᠬᠤ ᠦᠭᠡᠢ᠃                     ᠠᠷᠪᠠᠨ ᠵᠢᠷᠭᠤᠳᠤᠭᠠᠷ ᠵᠦᠢᠯ ᠰᠦᠯᠵᠢᠶ᠎ᠡ᠂ ᠬᠡᠪᠯᠡᠭᠳᠡᠬᠦᠨ ᠵᠡᠷᠭᠡ ᠳᠤ ᠨᠠᠮ ᠤᠨ ᠰᠦᠯᠳᠡ ᠨᠠᠮ ᠤᠨ ᠲᠤᠬ ᠤᠨ  ᠵᠢᠷᠤᠭ ᠲᠦᠷᠰᠦ ᠶᠢ ᠬᠡᠷᠡᠭᠯᠡᠬᠦ ᠳᠡᠭᠡᠨ ᠢᠯᠡᠷᠬᠡᠢ ᠪᠠᠶᠢᠷᠢᠨ ᠳᠤ ᠲᠠᠯᠪᠢᠬᠤ ᠬᠡᠷᠡᠭᠲᠡᠢ᠃   ᠰᠦᠯᠵᠢᠶ᠎ᠡ᠂ ᠬᠡᠪᠯᠡᠭᠳᠡᠬᠦᠨ ᠵᠡᠷᠭᠡ ᠳᠤ ᠬᠡᠷᠡᠭᠯᠡᠬᠦ ᠨᠠᠮ ᠤᠨ  ᠰᠦᠯᠳᠡ  ᠨᠠᠮ ᠤᠨ  ᠲᠤᠭ ᠤᠨ  ᠵᠢᠷᠤᠭ  ᠳᠦᠷᠰᠦ ᠶᠢᠨ ᠪᠠᠷᠢᠮᠵᠢᠶ᠎ᠠ ᠬᠡᠪᠯᠡᠯ ᠢ ᠡᠪ ᠬᠠᠮᠲᠤ ᠨᠠᠮ ᠤᠨ ᠭᠡᠰᠢᠭᠦᠨ ᠤ ᠰᠦᠯᠵᠢᠶ᠎ᠡ ᠪᠠ ᠳᠤᠮᠳᠠᠳᠤ ᠤᠯᠤᠰ ᠤᠨ ᠡᠪ ᠬᠠᠮᠲᠤ ᠨᠠᠮ ᠤᠨ  ᠰᠣᠨᠢᠨ ᠮᠡᠳᠡᠭᠡᠨ ᠤ ᠰᠦᠯᠵᠢᠶ᠎ᠡ ᠳᠤ ᠨᠡᠶᠢᠲᠡᠯᠡᠨ᠎ᠡ᠃                     ᠠᠷᠪᠠᠨ ᠳᠣᠯᠣᠳᠤᠭᠠᠷ  ᠵᠦᠢᠯ  ᠨᠠᠮ ᠤᠨ  ᠰᠦᠯᠳᠡ  ᠨᠠᠮ ᠤᠨ  ᠲᠤᠭ ᠤᠨ  ᠮᠡᠳᠡᠯᠭᠡ ᠶᠢ  ᠨᠠᠮ ᠤᠨ  ᠲᠡᠦᠬᠡ ᠶᠢᠨ ᠰᠤᠷᠤᠯᠴᠠᠯᠭ᠎ᠠ ᠬᠥᠮᠦᠵᠢᠯ᠂ ᠨᠠᠮ ᠤᠨ ᠭᠡᠰᠢᠭᠦᠨ ᠤ ᠬᠥᠮᠦᠵᠢᠯ ᠪᠣᠯᠪᠠᠰᠤᠷᠠᠯ᠂ ᠨᠠᠮ ᠳᠤ  ᠣᠷᠣᠬᠤ  ᠢᠳᠡᠪᠬᠢᠲᠡᠨ ᠤ  ᠪᠣᠯᠪᠠᠰᠤᠷᠠᠯ ᠵᠡᠷᠭᠡ ᠶᠢᠨ ᠴᠢᠬᠤᠯᠠ ᠠᠭᠤᠯᠭ᠎ᠠ ᠪᠣᠯᠭᠠᠬᠤ ᠬᠡᠷᠡᠭᠲᠡᠢ᠃ ᠡᠯ᠎ᠡ ᠱᠠᠲᠤᠨ ᠤ ᠨᠠᠮ ᠤᠨ ᠵᠣᠬᠢᠶᠠᠨ  ᠪᠠᠶᠢᠭᠤᠯᠤᠯᠲᠠ ᠨᠢ  ᠨᠠᠮ ᠤᠨ  ᠭᠡᠰᠢᠭᠦᠨ᠂  ᠡᠪ  ᠬᠠᠮᠲᠤ  ᠵᠠᠯᠠᠭᠤᠴᠤᠳ ᠤᠨ ᠡᠪᠯᠡᠯ ᠤᠨ ᠭᠡᠰᠢᠭᠦᠨ᠂ ᠪᠠᠭᠠᠴᠤᠳ ᠤᠨ ᠬᠤᠰᠢᠭᠤᠴᠢ ᠠᠩᠬᠢ ᠶᠢᠨ ᠭᠡᠰᠢᠭᠦᠨ ᠪᠠ ᠠᠷᠠᠳ ᠤᠯᠡᠠ ᠢ ᠰᠤᠷᠭᠠᠨ  ᠬᠥᠮᠦᠵᠢᠭᠦᠯᠵᠦ᠂ ᠨᠠᠮ ᠤᠨ ᠰᠦᠯᠳᠡ ᠨᠠᠮ ᠤᠨ ᠲᠤᠬ ᠤᠨ ᠲᠡᠦᠬᠡ ᠪᠠ  ᠵᠤᠷᠢᠭ  ᠰᠠᠨᠠᠭᠠᠨ ᠤ  ᠠᠭᠤᠯᠤᠭᠳᠠᠬᠤᠨ ᠢ  ᠤᠢᠢᠯᠡᠭᠠᠭᠤᠯᠵᠤ᠂  ᠨᠠᠮ ᠤᠨ ᠰᠦᠯᠳᠡ ᠨᠠᠮ ᠤᠨ ᠲᠤᠬ ᠵᠢᠴᠢ ᠲᠡᠭᠦᠨ ᠤ ᠵᠢᠷᠤᠭ ᠳᠦᠷᠰᠦ ᠶᠢ ᠤᠬᠠᠮᠰᠠᠷ ᠠᠴᠠ ᠪᠠᠨ ᠵᠢᠷᠤᠮᠵᠢᠭᠤᠯᠤᠨ  ᠬᠡᠷᠡᠭᠯᠡᠵᠦ᠂  ᠨᠠᠮ ᠤᠨ ᠰᠦᠯᠳᠡ ᠨᠠᠮ ᠤᠨ ᠲᠤᠬ ᠢ ᠬᠦᠨᠳᠦᠳᠬᠡᠨ ᠬᠠᠶᠢᠷᠠᠯᠠᠬᠤ ᠬᠡᠷᠡᠭᠲᠡᠢ᠃ ᠡᠯ᠎ᠡ ᠰᠣᠨᠢᠨ ᠮᠡᠳᠡᠭᠡᠯᠡᠯ᠂ ᠬᠡᠪᠯᠡᠯ ᠤᠨ ᠨᠢᠭᠡᠴᠢ ᠨᠠᠮ ᠤᠨ  ᠰᠦᠯᠳᠡ  ᠨᠠᠮ ᠤᠨ  ᠲᠤᠭ ᠤᠨ  ᠲᠤᠬᠠᠢ  ᠮᠡᠳᠡᠯᠭᠡ ᠶᠢᠨ ᠤᠬᠠᠭᠤᠯᠭ᠎ᠠ ᠪᠠᠨ ᠴᠢᠩᠭᠠᠳᠬᠠᠵᠤ᠂ ᠵᠢᠷᠦᠮᠵᠢᠬᠰᠡᠨ ᠨᠠᠮ ᠤᠨ ᠰᠦᠯᠳᠡ ᠨᠠᠮ ᠤᠨ ᠲᠤᠭ ᠤᠨ ᠵᠢᠷᠤᠭ ᠲᠠᠢ  ᠮᠡᠳᠡᠭᠡ  ᠪᠠ  ᠬᠡᠷᠡᠯ ᠵᠢᠷᠤᠭ ᠢ ᠮᠡᠳᠡᠭᠡᠯᠡᠬᠦ ᠪᠠ ᠬᠡᠷᠡᠭᠯᠡᠵᠦ᠂ ᠨᠠᠮ ᠤᠨ ᠲᠦᠷᠢ ᠲᠥᠷᠬᠦ ᠶᠢ ᠬᠠᠮᠠᠭᠠᠯᠠᠬᠤ ᠬᠡᠷᠡᠭᠲᠡᠢ᠃                   ᠠᠷᠪᠠᠨ ᠨᠠᠢᠮᠠᠳᠤᠭᠠᠷ ᠵᠦᠢᠯ  ᠨᠠᠮ ᠤᠨ  ᠰᠦᠯᠳᠡ  ᠨᠠᠮ ᠤᠨ  ᠲᠤᠭ ᠢ  ᠲᠤᠰ  ᠲᠦᠷᠢᠮ ᠳᠤ  ᠳᠠᠭᠠᠯᠳᠤᠭᠤᠯᠤᠭᠰᠠᠨ ᠳᠤᠮᠳᠠᠳᠤ ᠤᠯᠤᠰ  ᠤᠨ ᠡᠪ ᠬᠠᠮᠲᠤ ᠨᠠᠮ ᠤᠨ ᠨᠠᠮ ᠤᠨ  ᠰᠦᠯᠳᠡ  ᠨᠠᠮ ᠤᠨ  ᠲᠤᠭ ᠢ  ᠵᠤᠬᠢᠶᠠᠨ  ᠦᠢᠯᠡᠳᠬᠦ  ᠠᠷᠭ᠎ᠠ ᠶᠢᠨ ᠲᠣᠳᠣᠷᠬᠠᠶᠢᠯᠠᠯᠲᠠ ᠶᠣᠰᠣᠭᠠᠷ ᠦᠢᠯᠡᠳᠬᠦ ᠬᠡᠷᠡᠭᠲᠡᠢ᠃ ᠦᠢᠯᠡᠳᠬᠦ ᠠᠵᠤ ᠠᠬᠤᠶᠢᠯᠠᠯ ᠢ ᠮᠤᠵᠢ ︵ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ︶  ᠶᠢᠨ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ  ᠠᠴᠠ ᠦᠢᠯᠡᠳᠪᠦᠷᠢᠯᠡᠯ  ᠤᠨ  ᠬᠢᠷᠢ ᠬᠡᠮ    ᠲᠠᠢ  ᠠᠵᠤ  ᠠᠬᠤᠶᠢᠯᠠᠯ   ᠤᠨ  ᠲᠤᠮᠳᠠ    ᠠᠴᠠ  ᠲᠣᠭᠲᠠᠭᠠᠨ᠎ᠠ᠃  ᠶᠠᠮᠠᠷᠪᠠ  ᠨᠢᠭᠡᠴᠢ   ᠪᠠ   ᠬᠤᠪᠢ   ᠬᠥᠮᠦᠨ ᠵᠥᠪᠰᠢᠶᠡᠷᠡᠭᠦᠯᠦᠭᠰᠡᠨ ᠦᠭᠡᠢ   ᠪᠠᠷ ᠨᠠᠮ  ᠤᠨ ᠰᠦᠯᠳᠡ ᠨᠠᠮ ᠤᠨ ᠲᠤᠭ ᠢ ᠳᠤᠷ᠎ᠠ ᠪᠠᠷ ᠢᠶᠠᠨ  ᠵᠤᠬᠢᠶᠠᠨ  ᠦᠢᠯᠡᠳᠴᠦ  ᠪᠣᠯᠬᠤ ᠦᠭᠡᠢ᠃                   ᠠᠷᠪᠠ  ᠶᠢᠰᠦᠳᠦᠭᠡᠷ  ᠵᠦᠢᠯ ᠨᠠᠮ ᠤᠨ  ᠰᠦᠯᠳᠡ  ᠨᠠᠮ ᠤᠨ  ᠲᠤᠬ ᠢ  ᠵᠠᠷᠴᠢᠮ  ᠳᠡᠭᠡᠷ᠎ᠡ ᠪᠠᠨ   ᠲᠥᠪᠯᠡᠷᠡᠭᠦᠯᠦᠨ ᠲᠤᠬᠢᠷᠡᠭᠤᠯᠵᠦ ᠲᠠᠷᠬᠠᠭᠠᠵᠤ᠂ ᠨᠢᠭᠡ ᠨᠠᠮ ᠤᠨ ᠬᠤᠷᠢᠶ᠎ᠠ ᠳᠤ ᠨᠢᠭᠡ ᠨᠠᠮ ᠤᠨ ᠰᠦᠯᠳᠡ ᠲᠠᠢ᠂ ᠨᠢᠭᠡ ᠨᠠᠮ ᠤᠨ  ᠡᠭᠦᠷ ᠲᠤ  ᠨᠢᠭᠡ ᠨᠠᠮ ᠤᠨ ᠲᠤᠬ ᠲᠠᠢ ᠪᠠᠶᠢᠯᠭᠠᠵᠤ᠂ ᠬᠡᠷᠡᠭᠰᠡᠬᠦ ᠵᠠᠷᠤᠳᠠᠯ ᠢ ᠨᠠᠮ ᠤᠨ ᠰᠦᠢᠳᠬᠡᠯ ᠠᠴᠠ ᠭᠠᠷᠭᠠᠵᠤ ᠪᠣᠯᠤᠨ᠎ᠠ᠃                     ᠬᠤᠷᠢᠳᠤᠭᠠᠷ ᠵᠦᠢᠯ ᠡᠯ᠎ᠡ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠨᠢ ᠨᠠᠮ ᠤᠨ ᠰᠦᠯᠳᠡ ᠨᠠᠮ ᠤᠨ ᠲᠤᠭ ᠤᠨ ᠨᠡᠷ᠎ᠡ ᠬᠦᠨᠳᠦ ᠶᠢ ᠬᠠᠮᠠᠭᠠᠯᠠᠬᠤ ᠶᠠᠪᠤᠳᠠᠯ ᠢ ᠨᠢᠭᠡ ᠵᠦᠢᠯ ᠤᠨ ᠤᠯᠤᠰ ᠲᠦᠷᠦ ᠶᠢᠨ ᠡᠭᠦᠷᠭᠡ ᠪᠣᠯᠭᠠᠵᠤ᠂  ᠭᠤᠤᠯ  ᠴᠣᠭᠴᠠ ᠶᠢᠨ ᠬᠠᠷᠢᠭᠤᠴᠠᠯᠭ᠎ᠠ ᠪᠠᠨ ᠦᠨᠡᠨ ᠬᠦ ᠭᠦᠢᠴᠡᠳᠬᠡᠬᠦ ᠬᠡᠷᠡᠭᠲᠡᠢ᠃  ᠰᠢᠶᠠᠨ ᠤ  ᠱᠠᠲᠤᠨ ᠠᠴᠠ  ᠳᠡᠭᠡᠭᠰᠢᠬᠢ  ᠨᠠᠮ ᠤᠨ  ᠬᠤᠷᠢᠶᠠᠨ ᠤ ᠵᠣᠬᠢᠶᠠᠨ ᠪᠠᠶᠢᠭᠤᠯᠬᠤ ᠰᠠᠯᠠᠭ᠎ᠠ ᠮᠥᠴᠢᠷ ᠲᠤᠰ ᠭᠠᠵᠠᠷ ᠣᠷᠣᠨ ᠲᠤᠰ ᠪᠠᠶᠢᠭᠤᠯᠭ᠎ᠠ ᠨᠢᠭᠡᠴᠢ ᠲᠤᠰ ᠰᠢᠰᠲ᠋ᠧᠮ ᠤᠨ ᠢᠶᠠᠨ ᠨᠠᠮ ᠤᠨ ᠰᠦᠯᠳᠡ ᠨᠠᠮ ᠤᠨ ᠲᠤᠭ ᠤᠨ ᠡᠯ᠎ᠡ ᠵᠦᠢᠯ ᠤᠨ ᠠᠵᠢᠯ ᠤᠨ ᠬᠢᠨᠠᠯᠲᠠ ᠬᠠᠮᠢᠶᠠᠷᠤᠯᠲᠠ ᠶᠢᠨ ᠬᠠᠷᠢᠭᠤᠴᠠᠯᠭ᠎ᠠ ᠪᠠᠨ ᠭᠦᠢᠴᠡᠳᠬᠡᠵᠦ᠂ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠲᠠᠢ ᠬᠠᠮᠲᠤᠷᠠᠨ ᠨᠠᠮ ᠤᠨ ᠰᠦᠯᠳᠡ  ᠨᠠᠮ ᠤᠨ  ᠲᠤᠭ ᠤᠨ ᠦᠢᠯᠡᠳᠪᠦᠷᠢᠯᠡᠯ᠂ ᠪᠣᠷᠣᠯᠠᠭᠤᠯᠭ᠎ᠠ ᠪᠠ ᠬᠤᠳᠠᠯᠳᠤᠭᠠᠨ ᠤ ᠬᠡᠷᠡᠭᠯᠡᠯᠲᠡ ᠶᠢᠨ ᠲᠤᠬᠠᠢ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠬᠤ ᠬᠡᠷᠡᠭᠳᠡᠢ᠃ ᠨᠠᠮ ᠤᠨ   ᠰᠦᠯᠳᠡ   ᠨᠠᠮ ᠤᠨ   ᠲᠤᠭ ᠤᠨ   ᠦᠢᠯᠡᠳᠬᠦᠨ ᠢ   ᠬᠠᠤᠯᠢ   ᠪᠤᠰᠤ ᠪᠠᠷ   ᠦᠢᠯᠡᠳᠪᠦᠷᠢᠯᠡᠭᠰᠡᠨ᠂ ᠪᠣᠷᠣᠯᠠᠭᠤᠯᠤᠭᠰᠠᠨ ᠠᠵᠤ ᠠᠬᠤᠶᠢᠯᠠᠯ ᠪᠠ ᠬᠤᠪᠢ ᠬᠥᠮᠦᠨ᠂ ᠲᠤᠰ ᠲᠦᠷᠢᠮ ᠢ ᠵᠥᠷᠢᠴᠡᠨ ᠨᠠᠮ ᠤᠨ ᠰᠦᠯᠳᠡ  ᠨᠠᠮ ᠤᠨ  ᠲᠤᠭ ᠵᠢᠴᠢ ᠲᠡᠭᠦᠨ ᠤ ᠵᠢᠷᠤᠭ ᠳᠦᠷᠰᠦ ᠶᠢ ᠬᠡᠷᠡᠭᠯᠡᠭᠰᠡᠨ ᠠᠵᠢᠯᠯᠠᠭ᠎ᠠ ᠶᠢ ᠰᠢᠭᠦᠮᠵᠢᠯᠡᠨ ᠰᠤᠷᠭᠠᠵᠤ᠂ ᠴᠠᠭ ᠲᠤᠬᠠᠢ ᠳᠤᠨᠢ ᠵᠠᠯᠠᠷᠠᠭᠤᠯᠵᠤ᠂ ᠦᠢᠯᠡ ᠪᠠᠶᠢᠳᠠᠯ ᠨᠢ ᠬᠦᠨᠳᠦ ᠨᠣᠴᠢᠲᠠᠢ ᠪᠤᠶᠤ  ᠵᠠᠯᠠᠷᠠᠭᠤᠯᠬᠤ  ᠦᠭᠡᠢ  ᠪᠠᠶᠢᠪᠠᠯ᠂  ᠬᠠᠮᠢᠶ᠎ᠠ  ᠪᠦᠬᠦᠢ  ᠲᠣᠭᠲᠠᠭᠠᠯ  ᠶᠣᠰᠣᠭᠠᠷ ᠰᠢᠢᠳᠪᠦᠷᠢᠯᠡᠵᠦ᠂ ᠬᠠᠤᠯᠢ ᠶᠢ ᠵᠥᠷᠢᠴᠡᠵᠦ ᠶᠠᠯ᠎ᠠ ᠬᠢᠭᠰᠡᠨ ᠰᠡᠵᠢᠭᠯᠡᠯᠲᠡᠢ ᠪᠠᠶᠢᠪᠠᠯ ᠬᠠᠤᠯᠢ ᠶᠣᠰᠣᠭᠠᠷ ᠰᠢᠢᠳᠪᠦᠷᠢᠯᠡᠨ᠎ᠡ᠃                     ᠬᠤᠷᠢᠨ ᠨᠢᠭᠡᠳᠦᠭᠡᠷ ᠵᠦᠢᠯ ᠲᠥᠪ ᠤᠨ ᠴᠡᠷᠢᠭ ᠤᠨ  ᠶᠠᠪᠤᠳᠠᠯ ᠤᠨ  ᠬᠤᠷᠢᠶ᠎ᠠ  ᠲᠤᠰ  ᠲᠦᠷᠢᠮ ᠢ  ᠦᠨᠳᠦᠰᠦᠯᠡᠵᠦ᠂ ᠬᠠᠮᠢᠶ᠎ᠠ ᠪᠦᠬᠦᠢ ᠲᠣᠭᠲᠠᠭᠠᠯ ᠢ ᠲᠣᠭᠲᠠᠭᠠᠵᠤ ᠪᠣᠯᠤᠨ᠎ᠠ᠃                   ᠬᠤᠷᠢᠨ ᠬᠤᠶᠠᠳᠤᠭᠠᠷ ᠵᠦᠢᠯ ᠨᠠᠮ ᠤᠨ ᠭᠡᠰᠢᠭᠦᠨ ᠤ  ᠰᠦᠯᠳᠡ  ᠲᠡᠮᠳᠡᠭ  ᠪᠣᠯ  ᠨᠠᠮ ᠤᠨ  ᠭᠡᠰᠢᠭᠦᠨ ᠤ  ᠪᠡᠶ᠎ᠡ ᠶᠢᠨ ᠭᠠᠷᠤᠯ ᠤᠨ  ᠪᠡᠯᠭᠡ  ᠲᠡᠮᠳᠡᠭ  ᠮᠥᠨ᠂  ᠲᠡᠭᠦᠨ ᠢ  ᠵᠤᠬᠢᠶᠠᠨ  ᠦᠢᠯᠡᠳᠬᠦ᠂  ᠬᠡᠷᠡᠭᠯᠡᠬᠦ᠂  ᠬᠠᠮᠢᠶᠠᠷᠬᠤ  ᠲᠤᠬᠠᠢ  ᠠᠰᠲᠠᠭᠠᠨ ᠲᠣᠭᠲᠠᠭᠠᠨ᠎ᠠ᠃                   ᠬᠤᠷᠢᠨ ᠭᠤᠷᠪᠠᠳᠤᠭᠠᠷ ᠵᠦᠢᠯ ᠲᠤᠰ ᠲᠦᠷᠢᠮ ᠢ  ᠲᠥᠪ ᠤᠨ  ᠵᠣᠬᠢᠶᠠᠨ  ᠪᠠᠶᠢᠭᠤᠯᠬᠤ  ᠬᠡᠯᠲᠡᠰ ᠠᠴᠠ  ᠬᠠᠷᠢᠭᠤᠴᠠᠨ ᠲᠠᠶᠢᠯᠪᠤᠷᠢᠯᠠᠨ᠎ᠠ᠃                     ᠬᠤᠷᠢᠨ ᠳᠥᠷᠪᠡᠳᠦᠭᠡᠷ  ᠵᠦᠢᠯ ᠲᠤᠰ  ᠳᠦᠷᠢᠮ ᠢ  ᠨᠡᠶᠢᠲᠡᠯᠡᠭᠰᠡᠨ  ᠡᠳᠦᠷ ᠠᠴᠠ  ᠡᠬᠢᠯᠡᠨ   ᠬᠡᠷᠡᠭᠵᠢᠭᠦᠯᠦᠨ᠎ᠡ᠃ ᠡᠭᠦᠨ ᠠᠴᠠ ᠡᠮᠦᠨ᠎ᠡ ᠨᠡᠶᠢᠲᠡᠯᠡᠭᠰᠡᠨ ᠨᠠᠮ ᠤᠨ ᠰᠦᠯᠳᠡ ᠨᠠᠮ ᠤᠨ  ᠲᠤᠬ ᠤᠨ  ᠲᠤᠬᠠᠢ  ᠲᠣᠭᠲᠠᠭᠠᠯ   ᠤᠨ  ᠲᠤᠲᠤᠷ᠎ᠠ  ᠲᠤᠰ ᠲᠦᠷᠢᠮ  ᠲᠠᠢ ᠨᠢᠭᠡᠳᠦᠯ ᠤᠢᠭᠡᠢ ᠲᠠᠯ᠎ᠠ ᠪᠠᠶᠢᠪᠠᠯ ᠲᠤᠰ ᠲᠦᠷᠢᠮ  ᠤᠨ ᠶᠣᠰᠣᠭᠠᠷ ᠬᠡᠷᠡᠭᠵᠢᠭᠦᠯᠦᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号