ᠨᠡᠭᠦᠳᠡᠯ ᠤᠨ ᠰᠢᠪᠠᠭᠤᠤᠨ ᠢᠷᠡᠯ᠎ᠡ
ᠨᠡᠶᠢᠲᠡᠯᠡᠭᠰᠡᠨ ᠴᠠᠭ᠄
2021/3/26
    ᠬᠠᠪᠤᠷ ᠤᠨ ᠣᠷᠢ ᠪᠣᠯᠵᠤ ᠬᠠᠭᠳᠠ  ᠨᠣᠭᠤᠭ᠎ᠠ ᠬᠥᠬᠡᠷᠡᠨ ᠬᠠᠮᠤᠭ ᠠᠮᠢᠲᠠᠨ ᠲᠥᠯᠵᠢᠨ ᠦᠷᠡᠵᠢᠵᠦ ᠪᠠᠶᠢᠭ᠎ᠠ ᠠᠮᠢᠵᠢᠷᠠᠯ ᠤᠨ ᠬᠥᠭ ᠡᠷᠢᠨ ᠳᠤ᠂ ᠥᠪᠣᠷ ᠮᠣᠩᠭᠤᠯ  ᠣᠷᠤᠨ ᠤ ᠮᠠᠨᠢ ᠭᠤᠣᠯ ᠭᠤᠷᠤᠭ᠎ᠠ᠂ ᠨᠠᠭᠤᠷ ᠪᠦᠷᠢᠳᠦ᠂ ᠨᠤᠭᠤ ᠭᠠᠵᠠᠷ  ᠨᠢ ᠨᠡᠭᠦᠳᠡᠯ ᠤᠨ ᠰᠢᠪᠠᠭᠤᠤᠨ ᠤᠨ ᠳ᠋ᠧᠪᠠᠵᠡᠨ ᠪᠣᠯᠣᠭᠰᠠᠨ ᠪᠠᠶᠢᠨ᠎ᠠ᠃     ᠤᠶᠢᠷ᠎ᠠ ᠶᠢᠨ ᠵᠢᠯ  ᠳᠤ᠂ ᠥᠪᠣᠷ ᠮᠣᠩᠭᠤᠯ ᠳᠤ ᠬᠠᠪᠤᠷ ᠪᠣᠯᠣᠭᠰᠠᠭᠠᠷ ᠯᠡ ᠨᠡᠭᠦᠳᠡᠯ ᠤᠨ ᠰᠢᠪᠠᠭᠤᠤᠨ ᠭᠤᠷᠪᠠᠨ ᠵᠠᠮ ᠱᠣᠭᠤᠮ ᠢᠶᠠᠷ ᠨᠢᠰᠦᠨ ᠢᠷᠡᠵᠦ ᠠᠮᠠᠷᠠᠨ ᠰᠠᠭᠤᠵᠤ ᠦᠷᠡᠵᠢᠨ ᠲᠥᠯᠵᠢᠳᠡᠭ  ᠪᠠᠶᠢᠨ᠎ᠠ᠃     ᠨᠡᠭᠦᠳᠡᠯ ᠤᠨ ᠰᠢᠪᠠᠭᠤᠤᠨ  ᠤᠨ ᠠᠶᠠᠯᠠᠨ ᠨᠢᠰᠬᠦ ᠨᠢ ᠴᠠᠭ ᠠᠭᠠᠷ ᠲᠠᠢ ᠮᠠᠰᠢ ᠬᠤᠯᠪᠣᠭ᠎ᠠ ᠲᠠᠢ ᠪᠠᠶᠢᠳᠠᠭ ᠶᠤᠮ ᠃ ᠲᠡᠳᠡ ᠶᠤᠰᠤᠲᠠᠢ ᠯᠠ ᠨᠡᠷ᠎ᠡ ᠨᠢᠳᠡᠷ ᠲᠡᠭᠡᠨ ᠨᠡᠶᠢᠴᠡᠭᠰᠡᠨ ᠴᠠᠭ ᠠᠭᠤᠷ ᠤᠨ ︽ᠮᠡᠷᠭᠡᠵᠢᠯᠲᠡᠨ︾ ᠭᠡᠯᠲᠡᠢ᠃ ᠬᠡᠳᠦᠢ ᠳᠤ  ᠬᠠᠮᠢᠭᠠᠰᠢ ᠪᠠᠨ ᠨᠡᠭᠦᠳᠡᠯᠯᠡᠬᠦ  ᠂  ᠠᠯᠢ ᠨᠤᠲᠤᠭ  ᠲᠤ ᠦᠷ᠎ᠡ ᠵᠤᠯᠵᠠᠭ᠎ᠠ ᠪᠠᠨ ᠲᠥᠯᠵᠢᠭᠦᠯᠵᠦ ᠥᠰᠭᠡᠨ ᠪᠤᠶᠢᠵᠢᠭᠤᠯᠬᠤ  ᠪᠠᠨ ᠬᠦᠷᠲᠡᠯ᠎ᠡ ᠮᠡᠳᠡᠷᠡᠳᠡᠭ ᠮᠥᠷᠲᠡᠭᠡᠨ ᠥᠨᠳᠦᠷ ᠠᠭᠠᠷ ᠲᠤ  ᠠᠶᠠᠯᠠᠨ‌ᠨᠢᠰᠴᠤ ᠪᠠᠶᠢᠬᠤ ᠳᠠᠭᠠᠨ᠂  ᠭᠠᠵᠠᠷ ᠣᠰᠤᠨ ᠤ ᠴᠢᠬᠢᠭ ᠢ  ᠠᠨᠳᠠᠬᠤ ᠦᠭᠡᠢ ᠠᠨᠢᠷᠯᠠᠨ ᠮᠡᠳᠡᠵᠦ᠂  ᠲᠡᠷᠡ ᠤᠰᠤᠨ ᠳᠠᠭᠠᠨ ᠯᠠ  ᠪᠠᠭᠤᠵᠤ  ᠠᠮᠠᠷᠠᠳᠠᠭ ᠶᠤᠮ᠃     ᠥᠪᠤᠷ ᠮᠣᠩᠭᠤᠯ  ᠤᠨ  ᠬᠠᠪᠤᠷ ᠤᠨ ᠳᠤᠮᠳᠠᠴᠢ ᠳᠤᠯᠠᠭᠠᠨ 6.6 ᠭᠷᠠᠳᠦ᠋ᠰ᠂ ᠬᠤᠷ᠎ᠠ ᠲᠤᠨᠤᠳᠠᠰᠤᠨ  ᠤ  ᠬᠡᠮᠵᠢᠶ᠎ᠡ 31 ᠮᠢᠯᠢᠮᠧᠲᠷ ᠲᠤ ᠬᠦᠷᠴᠦ ᠤᠯᠠᠩᠬᠢ ᠳᠠᠭᠠᠨ ᠴᠡᠯᠮᠡᠭ ᠠᠭᠠᠷ ᠲᠠᠢ᠂ ᠰᠠᠯᠬᠢᠨ ᠤ ᠬᠦᠴᠦ ᠴᠤ  ᠳᠥᠷᠪᠡ᠂ ᠲᠠᠪᠤᠨ ᠳᠡᠰ ᠲᠤ ᠯᠡ ᠬᠦᠷᠳᠡᠭ  ᠤᠨ ᠳᠡᠭᠡᠷ᠎ᠡ ᠠᠮᠢ ᠠᠬᠤᠢ ᠢᠯᠡᠦᠨᠲᠡ ᠰᠠᠶᠢᠵᠢᠷᠠᠭᠰᠠᠨ ᠢᠶᠠᠷ᠂ ᠨᠡᠭᠦᠳᠡᠯ ᠤᠨ ᠰᠢᠪᠠᠭᠤᠤᠨ ᠤᠨ ᠠᠮᠠᠷᠠᠬᠤ ᠬᠠᠮᠤᠭ ᠤᠨ ᠲᠣᠬᠢᠷᠠᠮᠵᠢᠲᠠᠢ ︽ᠤᠯᠠᠭ᠎ᠠ ᠥᠷᠲᠡᠭᠡ︾ ᠪᠣᠯᠵᠠᠢ  ᠃     ᠲᠠᠨᠠᠷ ᠬᠠᠷᠠᠯ ᠳ᠋ᠠ᠂ ᠡᠳᠡᠭᠡᠷ ᠨᠡᠭᠦᠳᠡᠯ ᠤᠨ ᠰᠢᠪᠠᠭᠤᠤᠨ ᠡᠭᠡᠭᠡ ᠯᠡ ᠶᠠᠷᠢᠯᠴᠠᠵᠤ ᠲᠣᠬᠢᠷᠠᠭᠰᠠᠨ ᠶᠤᠮ ᠰᠢᠭ᠋ ᠥᠪᠡᠷ ᠥᠪᠡᠷ ᠤᠨ ︽ᠥᠩᠭᠡ︾ ᠪᠠᠷ ᠢᠶᠠᠨ ︽ᠨᠤᠲᠤᠭ︾ ᠰᠣᠩᠭᠤᠵᠤ  ᠨᠡᠭᠦᠳᠡᠯᠡᠨ ᠶᠠᠪᠤᠵᠤ  ᠪᠠᠶᠢᠭ᠎ᠠ ᠪᠢᠵᠡ︖     ᠥᠪᠤᠷ ᠮᠣᠩᠭᠤᠯ  ᠤᠨ ᠬᠥᠯᠦᠨ ᠪᠤᠶᠢᠷ ᠬᠤᠲᠠ ᠳᠤ  ᠬᠠᠯᠢᠭᠤᠨ ᠭᠠᠯᠠᠭᠤ     ᠥᠪᠤᠷ ᠮᠣᠩᠭᠤᠯ ᠤᠨ ᠤᠯᠠᠭᠠᠨᠬᠠᠳᠠ ᠬᠤᠳᠠ ᠳᠤ  ᠬᠤᠨ ᠭᠠᠯᠠᠭᠤ     ᠥᠪᠤᠷ ᠮᠣᠩᠭᠤᠯ ᠤᠨ ᠪᠠᠶᠠᠨᠨᠠᠭᠤᠷ ᠬᠤᠳᠠ ᠶᠢᠨ ᠤᠯᠠᠭᠠᠨ ᠰᠤᠬᠠᠢ ᠨᠠᠭᠤᠷ ᠲᠤ  ᠬᠤᠷᠤᠭᠤᠲᠤ  ᠬᠤᠨ     ᠥᠪᠤᠷ ᠮᠣᠩᠭᠤᠯ ᠤᠨ ᠣᠷᠳᠤᠰ ᠬᠤᠲᠠ ᠳᠤ  ᠬᠥᠬᠡᠴᠦ     ᠥᠪᠤᠷ ᠮᠣᠩᠭᠤᠯ ᠤᠨ ᠬᠢᠩᠭᠠᠨ ᠠᠶᠢᠮᠠᠭ ᠲᠤ ᠲᠣᠭᠤᠳᠠᠭ     ᠥᠪᠣᠷ ᠮᠣᠩᠭᠤᠯ ᠤᠨ  ᠶᠠᠭᠰᠢ ᠬᠤᠳᠠ ᠳᠤ ᠠᠯ ᠰᠡᠭᠦᠯᠲᠦ     ᠥᠪᠤᠷ ᠮᠣᠩᠭᠤᠯ  ᠤᠨ ᠠᠯᠠᠱᠨ ᠠᠶᠢᠮᠠᠭ  ᠲᠤ ᠤᠯᠠᠭᠠᠨ  ᠬᠤᠰᠢᠭᠤᠲᠤ ᠴᠠᠬᠤᠤᠯᠠᠢ᠂   ᠬᠠᠷᠬᠢᠷ᠎ᠠ᠂ ᠬᠤᠨ ᠭᠠᠯᠠᠭᠤ     ᠥᠪᠤᠷ ᠮᠣᠩᠭᠤᠯ  ᠤᠨ ᠰᠢᠯᠢ ᠶᠢᠨ ᠭᠤᠣᠯ ᠠᠶᠢᠮᠠᠭ ᠲᠤ  ᠠᠩᠭᠢᠷ ᠨᠤᠭᠤᠰᠤ᠂  ᠂ ᠠᠯᠠᠭ ᠨᠤᠭᠤᠰᠤ᠂ ᠴᠠᠭᠠᠨ ᠲᠡᠬᠡᠯᠡᠢ ᠲᠤᠰ ᠲᠤᠰ ᠨᠡᠭᠦᠳᠡᠯᠡᠵᠦ ᠪᠠᠭᠤᠳᠠᠭ ᠶᠤᠮ ᠪᠠᠶᠢᠨ᠎ᠠ᠃       ︽ᠠᠯᠤᠰ ᠢ ᠬᠤᠯᠠ ᠭᠡᠵᠦ ᠪᠤᠤ ᠴᠦᠭᠦᠷᠡ᠂ ᠶᠠᠪᠤᠪᠠᠰᠤ  ᠬᠦᠷᠦᠮᠤᠢ︾ ᠭᠡᠳᠡᠭ  ᠰᠢᠭ  ᠮᠢᠩᠭ᠎ᠠ ᠲᠦᠮᠡᠨ ᠪᠡᠷᠬᠡᠰᠢᠶᠡᠯ    ᠲᠠᠢ ᠠᠶᠠᠨ ᠤ ᠵᠠᠮ ᠢ ᠠᠨᠳᠠ ᠶᠢᠨ ︽ᠠᠮᠠᠨ  ᠲᠠᠩᠭᠠᠷᠢᠭ︾ ᠢᠶᠠᠷ ᠬᠠᠮᠳᠤᠷᠠᠨ ᠲᠤᠭᠤᠯᠵᠤ᠂  ᠠᠮᠢᠳᠤᠷᠠᠬᠤ ᠶᠢᠨ ᠶᠡᠭᠡ ᠬᠦᠰᠡᠯ ᠡᠪᠤᠷᠯᠠᠨ ᠨᠡᠭᠦᠳᠡᠯ ᠬᠢᠵᠦ ᠶᠠᠪᠤᠭ᠎ᠠ ᠰᠢᠪᠠᠭᠤᠤᠨ ᠲᠤ ᠥᠪᠤᠷ ᠮᠣᠩᠭᠤᠯ ᠤᠨ ᠮᠠᠨᠢ ᠦᠵᠡᠰᠬᠦᠯᠡᠩᠲᠦ ᠰᠠᠶᠢᠬᠠᠨ ᠨᠤᠲᠤᠭ  ᠤᠰᠤ  ᠬᠡᠵᠢᠶᠡᠳᠡ ︽ᠭᠡᠷ ᠣᠷᠤᠨ︾ ᠨᠢ ᠪᠣᠯᠵᠤ ᠪᠠᠶᠢᠭᠠᠰᠠᠢ᠃
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号