ᠲᠡᠭᠷᠢ ᠳᠤ ᠪᠠᠨ ᠨᠢᠰᠦᠭᠡ ᠪᠠᠷ ᠢᠶᠠᠨ ᠬᠠᠯᠢᠳᠠᠭ ᠭᠦᠷᠡᠩ ᠪᠦᠷᠭᠦᠳ ᠰᠢᠭ ᠪᠤᠱᠤᠤᠳᠠᠢ ᠨᠠᠭᠤᠷ ᠵᠡᠭᠦᠨ | ᠪᠠᠭᠠᠰᠤᠭᠠᠢ ᠶᠢᠨ ᠲᠡᠪᠡᠭᠡᠨ ᠳᠤ ᠰᠠᠭᠤᠭ᠎ᠠ ᠪᠠᠷ ᠵᠠᠯᠠᠷᠠᠬᠰᠠᠨ ᠤᠡᠭᠭᠤᠬᠰᠠᠨ ᠪᠤᠷᠤ ᠯᠠᠮᠠ ᠲᠡᠷᠯᠢᠭ ᠲᠠᠢ ᠨᠢᠭᠡᠨ | ᠭᠡᠯᠦᠩ ᠢ ᠬᠠᠳᠠᠨ ᠬᠤᠰᠢᠭᠤ ᠰᠦᠮ᠎ᠠ ᠶᠢᠨ ᠲᠦᠴᠢᠭᠡᠳ ᠯᠠᠮᠠ ᠨᠠᠷ ᠬᠠᠪᠢ ᠲᠦᠰᠦᠷ ᠤᠨ ᠰᠠᠳᠤᠨ ᠨᠢ ᠶᠠᠷᠭᠠᠢᠢᠳᠦ | ᠶᠢᠨ ᠮᠠᠩᠬᠠᠨ ᠳᠤ ᠭᠦᠳᠡᠭᠡᠯᠡᠭᠡᠳ ᠭᠤᠷᠪᠠᠨ ᠡᠳᠦᠷ ᠤᠨ ᠭᠦᠷᠢᠮ ᠤᠡᠭᠰᠢᠭᠤᠯᠵᠠᠢ᠃ ᠡᠨᠡ ᠪᠤᠯ 1953 ᠤᠨ ᠤ | ᠵᠤᠨ ᠤ ᠤᠴᠢᠷ᠃ | ᠪᠡᠶ᠎ᠠ ᠪᠠᠷ ᠲᠤᠮᠤ᠂ ᠨᠢᠷᠤᠭᠤ ᠮᠦᠷᠦ ᠶᠢᠨ ᠤᠷᠳᠦ ᠨᠢ 2 ᠲᠤᠬᠤᠢ ᠬᠢᠷᠢᠳᠠᠢ᠂ ᠲᠤᠯᠤᠭᠠᠢ ᠶᠢᠨ ᠲᠤᠮᠤ ᠨᠢ | ᠸᠠᠭᠠᠷ ᠰᠢᠭ᠋ ᠪᠦᠳᠦᠭᠦᠨ᠂ ᠡᠷᠡᠦ ᠶᠢᠨ ᠲᠤᠤᠷᠠᠭᠢ ᠵᠠᠢ ᠨᠢ ᠨᠢᠳᠤᠷᠭ᠎ᠠ ᠡᠷᠭᠢᠵᠦ ᠪᠠᠭᠳᠠᠮ᠎ᠠ᠂ ᠰᠢᠳᠦ ᠨᠢ ᠡᠷᠡᠭᠡᠢ | ᠬᠤᠷᠤᠭᠤ ᠰᠢᠭ᠋᠂ ᠭᠠᠷ ᠬᠤᠷᠤᠭᠤ ᠨᠢ ᠲᠠᠰᠢᠭᠤᠷ ᠤᠨ ᠪᠦᠷᠢᠶ᠎ᠠ ᠮᠡᠳᠦ᠂ ᠭᠦᠮᠦᠨ ᠦᠵᠡᠪᠡᠯ ᠰᠦᠷᠳᠡᠮᠡᠷ ᠪᠦᠳᠦᠭᠦᠨ | ᠪᠡᠶ᠎ᠠ ᠲᠡᠩᠭᠡᠭᠡ ᠲᠠᠢ ᠪᠦᠷᠢᠯᠡᠭᠡᠴᠢ ᠶᠢ ᠲᠠᠷᠰᠤᠭᠠᠢ ᠭᠡᠯᠦᠩ — ᠪᠠᠳᠮᠠᠴᠡᠷᠢᠨ ᠭᠡᠳᠡᠭ᠃ | ᠰᠢᠯᠤᠭᠤᠨ ᠭᠦᠭᠡ ᠬᠤᠰᠢᠭᠤᠨ ᠤ ᠬᠠᠳᠠᠨ ᠬᠤᠰᠢᠭᠤ ᠰᠦᠮ᠎ᠠ ᠠᠴᠠ ᠵᠡᠭᠦᠨ ᠬᠤᠶᠢᠰᠢ ᠨᠡᠭᠦᠳᠡᠭᠡᠢ ᠶᠢᠨ ᠨᠠᠭᠤᠷ | ᠭᠡᠵᠦ ᠪᠤᠢ᠃ ᠨᠡᠭᠦᠳᠡᠭᠡᠢ ᠨᠠᠭᠤᠷ ᠤᠨ ᠠᠷᠦ ᠳᠤ ᠡᠷᠢᠶᠡᠨ ᠪᠤᠳᠠ ᠪᠠᠶᠢᠳᠠᠭ᠃ ᠰᠢᠯᠤᠭᠤᠨ ᠴᠠᠭᠠᠨ ᠬᠤᠨᠢᠨ | ᠰᠦᠷᠦᠭ ᠠᠴᠠ ᠲᠤᠯᠤᠭᠠᠨ ᠮᠠᠯ ᠤᠨ ᠰᠦᠷᠦᠭ ᠤᠨ ᠠᠮᠪᠠᠨ ᠪᠤᠯᠤᠬᠰᠠᠨ ᠭᠤᠨᠴᠤᠭᠵᠠᠪ ᠤᠨ ᠡᠪᠦᠯᠵᠢᠶ᠎ᠠ ᠠᠳᠡ | ᠠᠴᠠ ᠤᠢᠢᠷᠠᠬᠠᠨ ᠪᠠᠶᠢᠳᠠᠭ᠃ ᠨᠠᠮᠠᠭ᠎ᠠ ᠰᠠᠯᠠᠭ᠎ᠠ ᠪᠠᠨ ᠬᠤᠯᠪᠤᠬᠰᠠᠨ ᠢᠬᠴᠢ ᠰᠠᠬᠤᠯᠢᠭ ᠮᠤᠳᠤ᠂ ᠪᠤᠳᠠ ᠪᠤᠷᠭᠠᠰᠦ | ᠦᠷᠭᠦᠯᠵᠢᠯᠡᠭᠰᠡᠨ ᠦᠡᠭ ᠰᠢᠮᠡᠯᠢᠭ ᠭᠠᠵᠠᠷ ᠠᠮᠪᠠᠨ ᠤ ᠪᠦᠭᠡ ᠪᠠᠳᠮᠠᠴᠡᠷᠢᠨ ᠰᠠᠭᠤᠷᠢᠰᠢᠵᠦ ᠪᠠᠶᠢᠬᠰᠠᠨ᠃ | ᠪᠠᠳᠮᠡᠴᠡᠷᠢᠨ 1887 ᠤᠨ ᠠᠴᠠ 1953 ᠤᠨ ᠭᠦᠷᠳᠡᠯ᠎ᠠ ᠠᠮᠢᠳᠦᠷᠠᠵᠠᠢ᠃ | ᠪᠠᠳᠮᠠᠴᠡᠷᠢᠨ ᠠᠵᠢᠯ ᠭᠦᠳᠡᠯᠮᠦᠷᠢ ᠳᠤ ᠰᠢᠭᠤᠷᠬᠠᠢ᠂ ᠨᠢᠭᠡ ᠬᠤᠳᠳᠤᠭ ᠢ ᠨᠢᠭᠡ ᠯᠠ ᠡᠳᠦᠷ ᠲᠤ ᠮᠠᠯᠳᠠᠭᠠᠳ | ᠭᠦᠯᠦᠰᠦᠨ ᠳᠤ ᠨᠢ ᠨᠢᠭᠡ ᠪᠢᠷᠠᠭᠤ ᠭᠦᠳᠦᠯᠦᠭᠡᠳ ᠬᠠᠷᠢᠳᠠᠭ᠃ ᠰᠠᠨᠳᠤᠤ ᠪᠠᠨ ᠨᠢᠭᠡ ᠯᠠ ᠪᠢᠯᠡᠭᠦᠳᠡᠭᠡᠳ ᠭᠡᠳᠦᠨ | ᠲᠡᠷᠭᠡ ᠡᠪᠡᠰᠦ ᠬᠠᠳᠤᠴᠢᠬᠠᠳᠠᠭ ᠭᠡᠨ᠎ᠠ᠃ ᠡᠪᠦᠭᠡᠷᠡᠴᠢᠭᠡᠭᠡᠳ ᠪᠠᠰᠠ ᠬᠤᠨᠢᠨ ᠤ ᠬᠤᠷᠤᠭᠠᠨ ᠳᠤ ᠤᠷᠤᠬᠰᠠᠨ | ᠴᠢᠨ᠋ᠸ᠎ᠠ ᠶᠢ ᠰᠢᠭᠢᠷᠠᠳᠤᠵᠦ ᠮᠦᠴᠢ ᠶᠢ ᠨᠢ ᠲᠡᠯᠡᠵᠦ ᠲᠠᠰᠤᠳᠠᠵᠦ ᠪᠠᠶᠢᠪᠠ ᠭᠡᠨ᠎ᠠ᠃ ᠢᠳᠡᠷ ᠵᠠᠯᠠᠭᠤ ᠪᠠᠶᠢᠬᠤ ᠳᠤ ᠪᠠᠨ | ᠬᠠᠳᠠᠨ ᠬᠤᠰᠢᠭᠤ ᠰᠦᠮ᠎ᠠ ᠶᠢᠨ ᠡᠭᠦᠳᠡᠨ ᠳᠠᠬᠢ 500 ᠵᠢᠩ ᠤᠨ ᠴᠢᠯᠠᠭᠤᠨ ᠠᠷᠰᠯᠠᠨ ᠢ ᠡᠷᠭᠦᠵᠦ ᠲᠡᠶᠢᠯᠳᠡᠭ᠃ | ᠬᠠᠳᠠᠨ ᠬᠤᠰᠢᠭᠤ ᠰᠦᠮ᠎ᠠ ᠳᠤ ᠪᠠᠶᠢᠬᠤ ᠳᠤ ᠪᠠᠨ ᠰᠦᠮ᠎ᠠ ᠶᠢᠨ ᠨᠦᠡᠭᠨᠠᠢ ᠰᠠᠩ ᠤᠨ ᠲᠡᠷᠪᠡ ᠲᠢᠶᠠᠨᠴᠢ ᠶᠢᠨ 200 | ᠵᠢᠩ ᠤᠨ ᠰᠢᠷᠡᠮᠦᠨ ᠤᠭᠤᠷ ᠢ ᠴᠢᠮᠬᠢᠭᠡᠳ ᠡᠷᠭᠦᠴᠢᠭᠡᠳᠡᠭ᠃ | ᠪᠠᠷᠠᠭᠤᠨ ᠯᠠᠮᠠ ᠠᠬᠸᠠᠩᠴᠢᠩᠷᠤᠪᠸᠠᠩᠴᠤᠭ ᠢ ᠲᠠᠭᠠᠵᠦ ᠠᠪᠠᠭ᠎ᠠ ᠸᠠᠩ ᠤᠨ ᠨᠠᠶᠢᠷ ᠲᠤ ᠤᠴᠢᠵᠦ | ᠪᠠᠷᠢᠯᠳᠤᠭᠠᠳ ᠸᠠᠩ ᠤᠨ ᠪᠦᠭᠡ ᠳᠤ ᠪᠠᠭᠤᠵᠦ ᠦᠭ ᠭᠡᠵᠦ ᠱᠠᠭᠠᠷᠳᠠᠵᠦ ᠪᠠᠶᠢᠳᠠᠯ᠎ᠠ ᠪᠠᠭᠤᠵᠦ ᠦᠭᠭᠦᠭᠰᠡᠨ ᠦᠭᠡᠢ | ᠸᠠᠩ ᠤᠨ ᠪᠦᠭᠡ ᠶᠢ ᠬᠠᠶᠠᠴᠢᠬᠠᠭᠠᠳ ︽ᠨᠠᠶᠢᠷ ᠤᠨ ᠸᠠᠩ ᠨᠢ ᠲᠠᠨ ᠤ ᠬᠢ ᠪᠤᠯᠪᠠᠴᠦ ᠪᠠᠷᠢᠯᠳᠤᠭ᠎ᠠ ᠪᠦᠭᠡ ᠨᠢ ᠮᠢᠨᠦ | ᠶᠤᠮ︾ ᠭᠡᠵᠦ ᠠᠵᠢᠭ ᠦᠭᠡᠢ ᠬᠠᠷᠢᠭᠤᠯᠤᠬᠰᠠᠨ ᠭᠡᠨ᠎ᠠ᠃ 1916 ᠤᠨ ᠤ ᠯᠤᠤ ᠵᠢᠯ ᠬᠠᠳᠠᠨ ᠬᠤᠰᠢᠭᠤ | ᠰᠦᠮ᠎ᠠ ᠶᠢᠨ ᠲᠤᠯᠤᠳᠤᠭᠠᠷ ᠲᠦᠷᠢ ᠶᠢᠨ ᠬᠤᠳᠤᠬᠳᠦ ᠯᠠᠮᠠ ᠲᠡᠩᠵᠢᠭᠡᠯᠢᠩᠵᠠᠮᠰᠦ ᠶᠢ ᠵᠠᠯᠠᠬᠰᠠᠨ ᠨᠠᠶᠢᠷ ᠤᠨ 128 | ᠪᠦᠭᠡ ᠳᠤ ᠪᠠᠷᠢᠯᠳᠤᠭᠠᠳ ᠵᠠᠶᠢᠯᠠᠪᠠ᠃ ᠮᠦᠨ ᠲᠤᠰ ᠵᠢᠯ ᠭᠠᠨᠵᠤᠤᠷᠸᠠ ᠬᠤᠳᠤᠭᠳᠦ ᠶᠢᠨ ᠵᠠᠰᠠᠭ ᠯᠠᠮᠠ | ᠠᠬᠸᠠᠩᠶᠠᠩᠰᠠᠩ ᠨᠤᠮ ᠤᠨ ᠬᠠᠭᠠᠨ ᠴᠤᠯᠠ ᠤᠯᠵᠦ᠂ ᠵᠠᠭᠤ ᠨᠠᠢᠮᠠᠨ ᠰᠦᠮ᠎ᠠ ᠳᠤ 256 ᠪᠦᠭᠡ ᠶᠢᠨ ᠨᠠᠶᠢᠷ | ᠬᠢᠭᠦ ᠳᠤ ᠲᠡᠳ᠋ᠯᠡᠭᠰᠡᠨ ᠪᠦᠭᠡᠳ ᠤᠷᠤᠨ ᠨᠤᠳᠤᠭ ᠤᠨ ᠤᠪᠤᠭ᠎ᠠ ᠪᠤᠯᠠᠭ ᠤᠨ ᠨᠠᠶᠢᠷ ᠨᠤᠭᠤᠳ ᠲᠤ ᠤᠳᠤ ᠲᠠᠢ | ᠪᠠᠷᠢᠯᠳᠤᠬᠰᠠᠨ ᠢ ᠪᠦᠷᠢᠳᠭᠡᠭᠦ ᠶᠢᠨ ᠠᠷᠭ᠎ᠠ ᠦᠭᠡᠢ ᠶᠤᠮᠰᠠᠨ᠃ | ᠲᠡᠰᠤᠷᠬᠠᠢ ᠭᠡᠯᠦᠩ 1913 ᠤᠨ ᠤ ᠦᠭᠡᠷ ᠵᠢᠯ ᠤᠨ ᠦᠢᠮᠡᠭᠡᠨ ᠳᠤ ᠱᠢᠷᠦᠩ ᠵᠠᠩᠵᠤᠨ ᠡᠰᠢᠨ ᠲᠡᠭᠡᠷ᠎ᠠ | ᠪᠠᠨ ᠲᠤᠮᠤ ᠰᠡᠷᠡᠭᠡ ᠲᠠᠢ ᠬᠢᠯᠭᠠᠰᠦ ᠪᠠᠷ ᠲᠠᠮᠤᠬᠰᠠᠨ ᠶᠢᠰᠦᠨ ᠭᠦᠭᠦᠯ ᠲᠠᠢ ᠲᠤᠭ ᠢ ᠡᠮᠡᠭᠡᠯ ᠤᠨ ᠭᠦᠯᠢᠮ ᠤᠨ | ᠰᠢᠷᠢᠨ ᠲᠤᠬᠳᠤᠢ ᠳᠤ ᠰᠢᠷᠭᠤᠭᠤᠯᠵᠦ ᠪᠠᠷᠢᠭᠠᠳ ᠶᠠᠮᠠᠷ ᠴᠦ ᠶᠡᠭᠡ ᠰᠠᠯᠭᠢᠨ ᠤ ᠦᠭᠡᠳᠡ ᠬᠠᠵᠠᠶᠢᠯᠭᠠᠬᠤ ᠦᠭᠡᠢ | ᠲᠠᠪᠬᠢᠵᠦ ᠴᠢᠳᠠᠭᠰᠠᠨ ᠢᠶᠠᠷ ᠲᠦᠮᠡᠨ ᠤ ᠮᠠᠬᠳᠠᠭᠠᠯ ᠢ ᠤᠯᠵᠦ᠂ ︽ᠬᠢᠦᠷ ᠳ᠋ᠠ︾ ᠲᠤᠭ ᠤᠨ ᠲᠠᠷᠤᠭ᠎ᠠ ᠪᠤᠯᠵᠦ | ᠪᠢᠴᠢᠭ ᠲᠠᠢ ᠲᠡᠦᠭᠡᠨ ᠲᠡᠮᠳᠡᠭᠯᠡᠯ ᠳᠤ ᠦᠯᠡᠳᠡᠵᠦ ᠴᠢᠳᠠᠵᠠᠢ᠃ | ᠲᠠᠰᠤᠷᠬᠠᠢ ᠪᠦᠭᠡ ᠲᠠᠷᠰᠤᠭᠠᠢ ᠭᠡᠯᠦᠭ ᠢ ᠪᠦᠯᠢᠶᠡᠨ ᠡᠩᠭᠡᠷ ᠲᠤ ᠪᠠᠨ ᠦᠨᠢᠳᠡ ᠨᠦᠢᠷᠰᠤᠭᠤᠯᠤᠬᠰᠠᠨ | ᠶᠠᠷᠭᠠᠢᠢᠳᠦ ᠶᠢᠨ ᠮᠠᠩᠬᠠᠨ ᠤ ᠤᠷᠢᠳᠤᠭᠤᠷ ᠠᠭᠤᠵᠢᠮᠬᠠᠨ ᠲᠠᠯ᠎ᠠ ᠲᠠᠢ ᠠᠷᠦ ᠪᠠᠷ ᠢᠶᠠᠨ ᠲᠠᠪᠬᠤᠷ ᠲᠦᠰᠢᠯᠭᠡᠳᠦ | ᠪᠤᠳᠠᠯᠢᠭ ᠬᠠᠶᠢᠯᠠᠰᠦ᠂ ᠦᠡᠭᠭᠡᠯᠢᠭ ᠶᠠᠷᠭᠠᠢ ᠲᠠᠢ ᠭᠠᠵᠠᠷ᠂ ᠤᠳᠤ ᠶᠢᠨ ᠰᠢᠯᠤᠭᠤᠨ ᠭᠦᠭᠡ ᠬᠤᠰᠢᠭᠤᠨ ᠤ | ᠪᠤᠱᠤᠤᠳᠠᠢ ᠰᠤᠮᠤᠨ ᠤ ᠰᠠᠶᠢᠬᠠᠨᠳᠠᠯ᠎ᠠ ᠭᠠᠴᠠᠭᠠᠨ ᠤ ᠮᠠᠯᠴᠢᠨ ᠰᠤᠶᠤᠯᠳᠦ ᠶᠢᠨ ᠨᠤᠲᠤᠭ ᠲᠤ ᠪᠠᠶᠢᠷᠢᠰᠢᠵᠦ ᠪᠠᠶᠢᠨ᠎ᠠ᠃ | |