ᠲᠠᠰᠤᠷᠬᠠᠢ ᠪᠦᠭᠡ ᠲᠠᠷᠰᠤᠭᠠᠢ ᠭᠡᠯᠦᠩ
ᠨᠡᠶᠢᠲᠡᠯᠡᠭᠰᠡᠨ ᠴᠠᠭ᠄
2021/3/22
    ᠲᠡᠭᠷᠢ ᠳᠤ ᠪᠠᠨ ᠨᠢᠰᠦᠭᠡ ᠪᠠᠷ ᠢᠶᠠᠨ ᠬᠠᠯᠢᠳᠠᠭ ᠭᠦᠷᠡᠩ ᠪᠦᠷᠭᠦᠳ ᠰᠢᠭ ᠪᠤᠱᠤᠤᠳᠠᠢ ᠨᠠᠭᠤᠷ ᠵᠡᠭᠦᠨ ᠪᠠᠭᠠᠰᠤᠭᠠᠢ ᠶᠢᠨ ᠲᠡᠪᠡᠭᠡᠨ ᠳᠤ ᠰᠠᠭᠤᠭ᠎ᠠ ᠪᠠᠷ ᠵᠠᠯᠠᠷᠠᠬᠰᠠᠨ ᠤᠡᠭᠭᠤᠬᠰᠠᠨ ᠪᠤᠷᠤ ᠯᠠᠮ᠎ᠠ ᠲᠡᠷᠯᠢᠭ ᠲᠠᠢ ᠨᠢᠭᠡᠨ ᠭᠡᠯᠦᠩ ᠢ ᠬᠠᠳᠠᠨ ᠬᠤᠰᠢᠭᠤ ᠰᠦᠮ᠎ᠠ ᠶᠢᠨ ᠲᠦᠴᠢᠭᠡᠳ ᠯᠠᠮ᠎ᠠ ᠨᠠᠷ ᠬᠠᠪᠢ ᠲᠦᠰᠦᠷ ᠤᠨ ᠰᠠᠳᠤᠨ ᠨᠢ ᠶᠠᠷᠭᠠᠢᠢᠳᠦ  ᠎ ᠶᠢᠨ ᠮᠠᠩᠬᠠᠨ ᠳᠤ ᠭᠦᠳᠡᠭᠡᠯᠡᠭᠡᠳ ᠭᠤᠷᠪᠠᠨ ᠡᠳᠦᠷ ᠤᠨ ᠭᠦᠷᠢᠮ ᠤᠡᠭᠰᠢᠭᠤᠯᠵᠠᠢ᠃ ᠡᠨᠡ ᠪᠤᠯ 1953 ᠤᠨ ᠤ ᠵᠤᠨ ᠤ ᠤᠴᠢᠷ᠃     ᠪᠡᠶ᠎ᠠ ᠪᠠᠷ ᠲᠤᠮᠤ᠂ ᠨᠢᠷᠤᠭᠤ ᠮᠦᠷᠦ ᠶᠢᠨ ᠤᠷᠳᠦ ᠨᠢ 2 ᠲᠤᠬᠤᠢ ᠬᠢᠷᠢᠳᠠᠢ᠂ ᠲᠤᠯᠤᠭᠠᠢ ᠶᠢᠨ ᠲᠤᠮᠤ ᠨᠢ ᠸᠠᠭᠠᠷ ᠰᠢᠭ᠋ ᠪᠦᠳᠦᠭᠦᠨ᠂ ᠡᠷᠡᠦ ᠶᠢᠨ ᠲᠤᠤᠷᠠᠭᠢ ᠵᠠᠢ ᠨᠢ ᠨᠢᠳᠤᠷᠭ᠎ᠠ ᠡᠷᠭᠢᠵᠦ ᠪᠠᠭᠳᠠᠮ᠎ᠠ᠂ ᠰᠢᠳᠦ ᠨᠢ ᠡᠷᠡᠭᠡᠢ ᠬᠤᠷᠤᠭᠤ ᠰᠢᠭ᠋᠂ ᠭᠠᠷ ᠬᠤᠷᠤᠭᠤ ᠨᠢ ᠲᠠᠰᠢᠭᠤᠷ ᠤᠨ ᠪᠦᠷᠢᠶ᠎ᠠ ᠮᠡᠳᠦ᠂ ᠭᠦᠮᠦᠨ ᠦᠵᠡᠪᠡᠯ ᠰᠦᠷᠳᠡᠮᠡᠷ ᠪᠦᠳᠦᠭᠦᠨ ᠪᠡᠶ᠎ᠠ ᠲᠡᠩᠭᠡᠭᠡ ᠲᠠᠢ ᠪᠦᠷᠢᠯᠡᠭᠡᠴᠢ ᠶᠢ ᠲᠠᠷᠰᠤᠭᠠᠢ ᠭᠡᠯᠦᠩ — ᠪᠠᠳᠮᠠᠴᠡᠷᠢᠨ ᠭᠡᠳᠡᠭ᠃     ᠰᠢᠯᠤᠭᠤᠨ ᠭᠦᠭᠡ ᠬᠤᠰᠢᠭᠤᠨ ᠤ ᠬᠠᠳᠠᠨ ᠬᠤᠰᠢᠭᠤ ᠰᠦᠮ᠎ᠠ ᠠᠴᠠ ᠵᠡᠭᠦᠨ ᠬᠤᠶᠢᠰᠢ ᠨᠡᠭᠦᠳᠡᠭᠡᠢ ᠶᠢᠨ ᠨᠠᠭᠤᠷ ᠭᠡᠵᠦ ᠪᠤᠢ᠃ ᠨᠡᠭᠦᠳᠡᠭᠡᠢ ᠨᠠᠭᠤᠷ ᠤᠨ ᠠᠷᠦ ᠳᠤ ᠡᠷᠢᠶᠡᠨ ᠪᠤᠳᠠ ᠪᠠᠶᠢᠳᠠᠭ᠃ ᠰᠢᠯᠤᠭᠤᠨ ᠴᠠᠭᠠᠨ ᠬᠤᠨᠢᠨ ᠰᠦᠷᠦᠭ ᠠᠴᠠ ᠲᠤᠯᠤᠭᠠᠨ ᠮᠠᠯ ᠎ ᠤᠨ ᠰᠦᠷᠦᠭ ᠤᠨ ᠠᠮᠪᠠᠨ ᠪᠤᠯᠤᠬᠰᠠᠨ ᠭᠤᠨᠴᠤᠭᠵᠠᠪ ᠎ ᠤᠨ ᠡᠪᠦᠯᠵᠢᠶ᠎ᠠ ᠠᠳᠡ ᠎ ᠠᠴᠠ ᠤᠢᠢᠷᠠᠬᠠᠨ ᠪᠠᠶᠢᠳᠠᠭ᠃ ᠨᠠᠮᠠᠭ᠎ᠠ ᠰᠠᠯᠠᠭ᠎ᠠ ᠪᠠᠨ ᠬᠤᠯᠪᠤᠬᠰᠠᠨ ᠢᠬᠴᠢ ᠰᠠᠬᠤᠯᠢᠭ ᠮᠤᠳᠤ᠂ ᠪᠤᠳᠠ ᠪᠤᠷᠭᠠᠰᠦ ᠦᠷᠭᠦᠯᠵᠢᠯᠡᠭᠰᠡᠨ ᠦᠡᠭ ᠰᠢᠮᠡᠯᠢᠭ ᠭᠠᠵᠠᠷ ᠠᠮᠪᠠᠨ ᠤ ᠪᠦᠭᠡ ᠪᠠᠳᠮᠠᠴᠡᠷᠢᠨ ᠰᠠᠭᠤᠷᠢᠰᠢᠵᠦ ᠪᠠᠶᠢᠬᠰᠠᠨ᠃ ᠪᠠᠳᠮᠡᠴᠡᠷᠢᠨ 1887 ᠤᠨ ᠠᠴᠠ 1953 ᠤᠨ ᠭᠦᠷᠳᠡᠯ᠎ᠠ ᠠᠮᠢᠳᠦᠷᠠᠵᠠᠢ᠃     ᠪᠠᠳᠮᠠᠴᠡᠷᠢᠨ ᠠᠵᠢᠯ ᠭᠦᠳᠡᠯᠮᠦᠷᠢ ᠳᠤ ᠰᠢᠭᠤᠷᠬᠠᠢ᠂ ᠨᠢᠭᠡ ᠬᠤᠳᠳᠤᠭ  ᠢ ᠨᠢᠭᠡ ᠯᠠ ᠡᠳᠦᠷ  ᠲᠤ ᠮᠠᠯᠳᠠᠭᠠᠳ ᠭᠦᠯᠦᠰᠦᠨ ᠳᠤ ᠨᠢ ᠨᠢᠭᠡ ᠪᠢᠷᠠᠭᠤ ᠭᠦᠳᠦᠯᠦᠭᠡᠳ ᠬᠠᠷᠢᠳᠠᠭ᠃ ᠰᠠᠨᠳᠤᠤ ᠪᠠᠨ ᠨᠢᠭᠡ ᠯᠠ ᠪᠢᠯᠡᠭᠦᠳᠡᠭᠡᠳ ᠭᠡᠳᠦᠨ ᠲᠡᠷᠭᠡ ᠡᠪᠡᠰᠦ ᠬᠠᠳᠤᠴᠢᠬᠠᠳᠠᠭ ᠭᠡᠨ᠎ᠠ᠃ ᠡᠪᠦᠭᠡᠷᠡᠴᠢᠭᠡᠭᠡᠳ ᠪᠠᠰᠠ ᠬᠤᠨᠢᠨ ᠤ ᠬᠤᠷᠤᠭᠠᠨ ᠳᠤ ᠤᠷᠤᠬᠰᠠᠨ ᠴᠢᠨ᠋ᠸ᠎ᠠ ᠶᠢ ᠰᠢᠭᠢᠷᠠᠳᠤᠵᠦ ᠮᠦᠴᠢ ᠶᠢ ᠨᠢ ᠲᠡᠯᠡᠵᠦ ᠲᠠᠰᠤᠳᠠᠵᠦ ᠪᠠᠶᠢᠪᠠ ᠭᠡᠨ᠎ᠠ᠃ ᠢᠳᠡᠷ ᠵᠠᠯᠠᠭᠤ ᠪᠠᠶᠢᠬᠤ  ᠳᠤ ᠎ ᠪᠠᠨ ᠬᠠᠳᠠᠨ ᠬᠤᠰᠢᠭᠤ ᠰᠦᠮ᠎ᠠ ᠶᠢᠨ ᠡᠭᠦᠳᠡᠨ ᠳᠠᠬᠢ 500 ᠵᠢᠩ ᠤᠨ ᠴᠢᠯᠠᠭᠤᠨ ᠠᠷᠰᠯᠠᠨ ᠢ ᠡᠷᠭᠦᠵᠦ ᠲᠡᠶᠢᠯᠳᠡᠭ᠃ ᠬᠠᠳᠠᠨ ᠬᠤᠰᠢᠭᠤ ᠰᠦᠮ᠎ᠠ ᠳᠤ ᠪᠠᠶᠢᠬᠤ ᠳᠤ ᠪᠠᠨ ᠰᠦᠮ᠎ᠠ ᠶᠢᠨ ᠨᠦᠡᠭᠨᠠᠢ ᠰᠠᠩ ᠤᠨ ᠲᠡᠷᠪᠡ ᠲᠢᠶᠠᠨᠴᠢ ᠶᠢᠨ 200 ᠵᠢᠩ ᠤᠨ ᠰᠢᠷᠡᠮᠦᠨ ᠤᠭᠤᠷ ᠢ ᠴᠢᠮᠬᠢᠭᠡᠳ ᠡᠷᠭᠦᠴᠢᠭᠡᠳᠡᠭ᠃     ᠪᠠᠷᠠᠭᠤᠨ ᠯᠠᠮ᠎ᠠ ᠠᠬᠸᠠᠩᠴᠢᠩᠷᠤᠪᠸᠠᠩᠴᠤᠭ ᠢ ᠲᠠᠭᠠᠵᠦ ᠠᠪᠠᠭ᠎ᠠ ᠸᠠᠩ ᠎ ᠤᠨ ᠨᠠᠶᠢᠷ ᠲᠤ ᠤᠴᠢᠵᠦ ᠪᠠᠷᠢᠯᠳᠤᠭᠠᠳ ᠸᠠᠩ ᠤᠨ ᠪᠦᠭᠡ ᠳᠤ ᠪᠠᠭᠤᠵᠦ ᠦᠭ ᠭᠡᠵᠦ ᠱᠠᠭᠠᠷᠳᠠᠵᠦ ᠪᠠᠶᠢᠳᠠᠯ᠎ᠠ ᠪᠠᠭᠤᠵᠦ ᠦᠭᠭᠦᠭᠰᠡᠨ ᠦᠭᠡᠢ ᠸᠠᠩ  ᠤᠨ ᠪᠦᠭᠡ ᠶᠢ ᠬᠠᠶᠠᠴᠢᠬᠠᠭᠠᠳ ︽ᠨᠠᠶᠢᠷ ᠤᠨ ᠸᠠᠩ ᠨᠢ ᠲᠠᠨ ᠤ ᠬᠢ ᠪᠤᠯᠪᠠᠴᠦ ᠪᠠᠷᠢᠯᠳᠤᠭ᠎ᠠ ᠪᠦᠭᠡ ᠨᠢ ᠮᠢᠨᠦ ᠶᠤᠮ︾ ᠭᠡᠵᠦ ᠠᠵᠢᠭ ᠦᠭᠡᠢ ᠬᠠᠷᠢᠭᠤᠯᠤᠬᠰᠠᠨ ᠭᠡᠨ᠎ᠠ᠃ 1916 ᠤᠨ ᠤ ᠯᠤᠤ ᠵᠢᠯ ᠬᠠᠳᠠᠨ ᠬᠤᠰᠢᠭᠤ ᠰᠦᠮ᠎ᠠ ᠶᠢᠨ ᠲᠤᠯᠤᠳᠤᠭᠠᠷ ᠲᠦᠷᠢ ᠶᠢᠨ ᠬᠤᠳᠤᠬᠳᠦ ᠯᠠᠮ᠎ᠠ ᠲᠡᠩᠵᠢᠭᠡᠯᠢᠩᠵᠠᠮᠰᠦ ᠶᠢ ᠵᠠᠯᠠᠬᠰᠠᠨ ᠨᠠᠶᠢᠷ ᠤᠨ 128 ᠪᠦᠭᠡ ᠳᠤ ᠪᠠᠷᠢᠯᠳᠤᠭᠠᠳ ᠵᠠᠶᠢᠯᠠᠪᠠ᠃ ᠮᠦᠨ ᠲᠤᠰ ᠵᠢᠯ ᠭᠠᠨᠵᠤᠤᠷᠸ᠎ᠠ ᠬᠤᠳᠤᠭᠳᠦ ᠶᠢᠨ ᠵᠠᠰᠠᠭ ᠯᠠᠮ᠎ᠠ ᠠᠬᠸᠠᠩᠶᠠᠩᠰᠠᠩ ᠨᠤᠮ ᠤᠨ ᠬᠠᠭᠠᠨ ᠴᠤᠯᠠ ᠤᠯᠵᠦ᠂ ᠵᠠᠭᠤ ᠨᠠᠢᠮᠠᠨ ᠰᠦᠮ᠎ᠠ ᠳᠤ 256 ᠪᠦᠭᠡ ᠶᠢᠨ ᠨᠠᠶᠢᠷ ᠬᠢᠭᠦ ᠳᠤ ᠲᠡᠳ᠋ᠯᠡᠭᠰᠡᠨ ᠪᠦᠭᠡᠳ ᠤᠷᠤᠨ ᠨᠤᠳᠤᠭ ᠤᠨ ᠤᠪᠤᠭ᠎ᠠ ᠪᠤᠯᠠᠭ ᠤᠨ ᠨᠠᠶᠢᠷ ᠨᠤᠭᠤᠳ ᠲᠤ ᠤᠳᠤ ᠲᠠᠢ ᠪᠠᠷᠢᠯᠳᠤᠬᠰᠠᠨ ᠢ ᠪᠦᠷᠢᠳᠭᠡᠭᠦ ᠶᠢᠨ ᠠᠷᠭ᠎ᠠ ᠦᠭᠡᠢ ᠶᠤᠮᠰᠠᠨ᠃     ᠲᠡᠰᠤᠷᠬᠠᠢ ᠭᠡᠯᠦᠩ 1913 ᠤᠨ ᠤ ᠦᠭᠡᠷ ᠵᠢᠯ ᠤᠨ ᠦᠢᠮᠡᠭᠡᠨ ᠳᠤ ᠱᠢᠷᠦᠩ ᠵᠠᠩᠵᠤᠨ ᠡᠰᠢᠨ ᠲᠡᠭᠡᠷ᠎ᠠ ᠎ ᠪᠠᠨ ᠲᠤᠮᠤ ᠰᠡᠷᠡᠭᠡ ᠎ ᠲᠠᠢ ᠬᠢᠯᠭᠠᠰᠦ ᠎ ᠪᠠᠷ ᠲᠠᠮᠤᠬᠰᠠᠨ ᠶᠢᠰᠦᠨ ᠭᠦᠭᠦᠯ ᠎ ᠲᠠᠢ ᠲᠤᠭ ᠢ ᠡᠮᠡᠭᠡᠯ ᠤᠨ ᠭᠦᠯᠢᠮ ᠤᠨ ᠰᠢᠷᠢᠨ ᠲᠤᠬᠳᠤᠢ ᠳᠤ ᠰᠢᠷᠭᠤᠭᠤᠯᠵᠦ ᠪᠠᠷᠢᠭᠠᠳ ᠶᠠᠮᠠᠷ ᠴᠦ ᠶᠡᠭᠡ ᠰᠠᠯᠭᠢᠨ ᠤ ᠦᠭᠡᠳᠡ ᠬᠠᠵᠠᠶᠢᠯᠭᠠᠬᠤ ᠦᠭᠡᠢ ᠲᠠᠪᠬᠢᠵᠦ ᠴᠢᠳᠠᠭᠰᠠᠨ ᠢᠶᠠᠷ ᠲᠦᠮᠡᠨ ᠤ ᠮᠠᠬᠳᠠᠭᠠᠯ ᠢ ᠤᠯᠵᠦ᠂ ︽ᠬᠢᠦᠷ ᠳ᠋ᠠ︾ ᠲᠤᠭ ᠤᠨ ᠲᠠᠷᠤᠭ᠎ᠠ ᠪᠤᠯᠵᠦ ᠪᠢᠴᠢᠭ ᠲᠠᠢ ᠲᠡᠦᠭᠡᠨ ᠲᠡᠮᠳᠡᠭᠯᠡᠯ ᠳᠤ ᠦᠯᠡᠳᠡᠵᠦ ᠴᠢᠳᠠᠵᠠᠢ᠃     ᠲᠠᠰᠤᠷᠬᠠᠢ ᠪᠦᠭᠡ ᠲᠠᠷᠰᠤᠭᠠᠢ ᠭᠡᠯᠦᠭ ᠢ ᠪᠦᠯᠢᠶᠡᠨ ᠡᠩᠭᠡᠷ ᠎ ᠲᠤ  ᠪᠠᠨ ᠦᠨᠢᠳᠡ ᠨᠦᠢᠷᠰᠤᠭᠤᠯᠤᠬᠰᠠᠨ ᠶᠠᠷᠭᠠᠢᠢᠳᠦ ᠶᠢᠨ ᠮᠠᠩᠬᠠᠨ  ᠤ ᠤᠷᠢᠳᠤᠭᠤᠷ ᠠᠭᠤᠵᠢᠮᠬᠠᠨ ᠲᠠᠯ᠎ᠠ  ᠲᠠᠢ ᠠᠷᠦ ᠪᠠᠷ ᠢᠶᠠᠨ ᠲᠠᠪᠬᠤᠷ ᠲᠦᠰᠢᠯᠭᠡᠳᠦ ᠪᠤᠳᠠᠯᠢᠭ ᠬᠠᠶᠢᠯᠠᠰᠦ᠂ ᠦᠡᠭᠭᠡᠯᠢᠭ ᠶᠠᠷᠭᠠᠢ ᠲᠠᠢ ᠭᠠᠵᠠᠷ᠂ ᠤᠳᠤ ᠎ ᠶᠢᠨ ᠰᠢᠯᠤᠭᠤᠨ ᠭᠦᠭᠡ ᠬᠤᠰᠢᠭᠤᠨ ᠤ ᠪᠤᠱᠤᠤᠳᠠᠢ ᠰᠤᠮᠤᠨ ᠤ ᠰᠠᠶᠢᠬᠠᠨᠳᠠᠯ᠎ᠠ ᠭᠠᠴᠠᠭᠠᠨ ᠤ ᠮᠠᠯᠴᠢᠨ ᠰᠤᠶᠤᠯᠳᠦ ᠶᠢᠨ ᠨᠤᠲᠤᠭ ᠲᠤ ᠪᠠᠶᠢᠷᠢᠰᠢᠵᠦ ᠪᠠᠶᠢᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号