ᠮᠠᠯ ᠰᠥᠷᠥᠭ ᠢᠶᠠᠨ ᠪᠠᠶᠠᠰᠬᠠᠨ ᠰᠢᠨᠡᠯᠡᠬᠦᠯᠬᠦ ᠲᠤᠬᠠᠢ
ᠨᠡᠶᠢᠲᠡᠯᠡᠭᠰᠡᠨ ᠴᠠᠭ᠄
2021/3/2
    ᠮᠤᠩᠭᠤᠯᠴᠤᠤᠡ ᠰᠢᠨ᠎ᠡ ᠵᠢᠯ ᠴᠠᠭᠠᠨ ᠰᠠᠷ᠎ᠠ ᠳᠤ ᠦᠪᠡᠷᠰᠡᠤᠡ ᠢᠶᠠᠨ ᠰᠠᠶᠢᠨ ᠰᠠᠶᠢᠬᠠᠨ ᠰᠢᠨᠡᠯᠡᠬᠦ ᠪᠠᠷ ᠪᠠᠷᠠᠬᠤ ᠥᠬᠡᠢ ᠥᠢᠯᠡᠳᠪᠤᠷᠢᠯᠡᠯ ᠠᠮᠢᠳᠤᠷᠠᠯ ᠤᠨ ᠡᠬᠢ ᠰᠤᠷᠪᠤᠯᠵᠢ ᠪᠤᠯᠤᠭᠰᠠᠨ ᠮᠠᠯ ᠰᠥᠷᠥᠭ ᠢᠶᠠᠨ ᠴᠦ ᠰᠠᠶᠢᠬᠠᠨ ᠰᠢᠨᠡᠯᠡᠬᠦᠯᠳᠡᠭ ᠵᠠᠩ ᠤᠶᠢᠯᠡ ᠲᠠᠢ᠃ ᠡᠨᠡ ᠬᠦ ᠵᠠᠩ ᠤᠶᠢᠯᠡ ᠨᠢ ᠭᠤᠤᠯᠳᠠᠭᠤ ᠮᠠᠯ ᠰᠥᠷᠥᠭ ᠢᠶᠠᠨ ᠪᠠᠶᠠᠰᠬᠠᠬᠤ ᠠᠵᠢᠯᠯᠠᠭ᠎ᠠ ᠪᠠᠶᠢᠵᠤ᠂ ᠬᠡᠷ ᠤᠨ ᠡᠵᠡᠨ᠂ ᠬᠡᠷ ᠬᠤᠲᠠᠯᠠᠭᠠᠷ ᠢᠶᠠᠨ ᠬᠥᠢᠴᠡᠤᠨᠬᠡᠳᠡᠭ᠃     ᠮᠠᠯ ᠰᠥᠷᠥᠭ ᠢᠶᠠᠨ ᠰᠢᠨᠡᠯᠡᠬᠦᠯᠬᠦ ᠶᠠᠪᠤᠴᠠ ᠳᠤ ᠭᠤᠤᠯᠳᠠᠭᠤ ᠮᠠᠯ ᠢᠶᠠᠨ ᠪᠠᠶᠠᠰᠬᠠᠨ ᠰᠢᠨᠡᠯᠡᠬᠦᠯᠵᠤ᠂ ᠬᠡᠬᠡᠷ᠎ᠡ ᠶᠢᠨ ᠮᠠᠯ ᠰᠥᠷᠥᠭ ᠢᠶᠠᠨ ᠤᠨᠤᠭᠠᠷᠢ ᠶᠢᠨ ᠮᠤᠷᠢ᠂ ᠠᠳᠠ ᠪᠠᠷ ᠲᠦᠯᠦᠬᠡᠯᠡᠬᠦᠯᠳᠡᠭ᠃ ᠮᠠᠯ ᠰᠥᠷᠥᠭ ᠢᠶᠠᠨ ᠰᠢᠨᠡᠯᠡᠬᠦᠯᠬᠦ ᠳᠤ ᠤᠷᠢᠳᠠᠪᠡᠷ ᠮᠠᠯ ᠰᠥᠷᠥᠭ ᠤᠨ ᠢᠶᠠᠨ ᠬᠠᠰᠢᠶ᠎ᠠ ᠰᠠᠷᠠᠪᠴᠢᠨ ᠤ ᠡᠮᠤᠨ᠎ᠡ ᠰᠢᠷᠡᠭᠡ ᠵᠠᠰᠠᠵᠤ᠂ ᠲᠡᠬᠡᠷ᠎ᠡ ᠨᠢ ᠢᠳᠡᠬᠡᠨ ᠤ ᠲᠡᠬᠡᠵᠢ ᠰᠥ ᠴᠠᠭᠠᠨ ᠢᠳᠡᠭᠡ᠂ ᠪᠤᠤᠪᠤ ᠪᠤᠭᠤᠷᠰᠤᠭ᠂ ᠪᠤᠷᠠᠮ ᠰᠢᠬᠢᠷ᠂ ᠠᠯᠢᠮ᠎ᠠ ᠵᠢᠮᠢᠰ ᠦᠷᠦᠵᠤ ᠲᠠᠯᠪᠢᠭᠠᠤᠡ ᠬᠤᠪᠤᠩ ᠰᠠᠪᠠᠨ ᠳᠤ ᠰᠠᠩ ᠲᠠᠯᠪᠢᠨ᠎ᠠ︔ ᠬᠡᠷ ᠤᠨ ᠡᠵᠡᠨ ᠬᠠᠰᠢᠶ᠎ᠠ ᠰᠠᠷᠠᠪᠴᠢ ᠪᠠᠨ ᠨᠠᠷᠠᠨ ᠤ ᠡᠷᠬᠢᠯᠳᠡ ᠪᠠᠷ ᠭᠤᠷᠪᠠᠨᠳᠠ ᠲᠤᠭᠤᠷᠢᠵᠤ ᠷᠠᠰᠢᠶᠠᠨ ᠡᠷᠬᠦᠨ᠎ᠡ︔ ᠵᠠᠯᠠᠭᠤ ᠪᠠᠭᠠᠴᠤᠤᠡ ᠬᠡᠥᠬᠡᠤᠨ ᠤᠳ ᠴᠠᠭᠠᠨ ᠰᠠᠷ᠎ᠠ ᠶᠢᠨ ᠳᠡᠪᠡᠯ ᠬᠤᠪᠴᠠᠰᠥ ᠪᠠᠨ ᠡᠮᠥᠰᠴᠥ᠂ ᠵᠠᠰᠠᠯ ᠵᠡᠬᠦᠳᠡᠯ ᠢᠶᠠᠨ ᠪᠦᠷᠢᠨ ᠵᠡᠬᠦᠵᠤ᠂ ᠪᠠᠶᠠᠷᠯᠠᠯᠳᠤᠨ ᠬᠦᠬᠡᠷᠥᠯᠳᠥᠵᠤ᠂ ᠤᠨᠤᠭᠠᠷᠢ ᠶᠢᠨ ᠮᠤᠷᠢ᠂ ᠠᠲᠠ ᠶᠢᠨ ᠢᠶᠠᠨ ᠡᠮᠡᠬᠡᠯ᠂ ᠲᠤᠬᠤᠰᠢ ᠶᠢ ᠪᠦᠷᠢᠨ ᠲᠤᠬᠤᠵᠤ᠂ ᠪᠤᠬ᠎ᠠ᠂ ᠬᠤᠴᠠ᠂ ᠤᠬᠤᠨ᠎ᠠ ᠪᠠᠨ ᠬᠦᠳᠥᠯᠵᠥ᠂ ᠵᠠᠰᠠᠭᠰᠠᠨ ᠰᠢᠷᠡᠬᠡᠨ ᠤ ᠳᠡᠷᠬᠡᠳᠡ ᠢᠷᠡᠬᠦ ᠳᠤ ᠬᠡᠷ ᠤᠨ ᠡᠵᠡᠨ ᠰᠥ ᠴᠠᠭᠠᠨ ᠢᠳᠡᠭᠡ ᠪᠠᠷ ᠨᠢᠬᠡ ᠨᠢᠬᠡ ᠪᠠᠷ ᠮᠢᠯᠢᠶᠠᠵᠤ᠂ ︽ᠲᠠᠪᠤᠨ ᠬᠤᠰᠢᠭᠤ ᠮᠠᠯ ᠰᠥᠷᠥᠭ ᠮᠢᠨᠢ ᠲᠠᠯ᠎ᠠ ᠲᠥᠬᠦᠷᠡᠩ ᠦᠰᠥᠮᠥ᠂ ᠭᠠᠢ ᠭᠠᠮᠰᠢᠭ ᠥᠬᠡᠢ᠂ ᠭᠠᠵᠢᠭ ᠬᠡᠮ ᠥᠬᠡᠢ ᠪᠠᠶᠢᠭᠠᠰᠡᠢ︾ ᠬᠡᠵᠤ ᠢᠷᠥᠬᠡᠯ ᠡᠷᠬᠦᠵᠥ᠂ ᠥᠬᠡᠷ ᠤᠨ ᠰᠥᠷᠥᠭ᠂ ᠬᠤᠨᠢᠨ ᠰᠥᠷᠥᠭ ᠢᠶᠠᠨ ᠰᠢᠷᠡᠬᠡᠨ ᠵᠠᠬ᠎ᠠ᠂ ᠰᠠᠩ ᠤᠨ ᠳᠤᠤᠭᠤᠷ ᠦᠩᠬᠡᠷᠡᠬᠡᠨ᠎ᠡ᠃ ᠡᠵᠡᠨ ᠬᠥᠮᠥᠰ ᠨᠢ ᠪᠠᠶᠠᠷᠯᠠᠯᠳᠤᠨ ᠬᠦᠬᠡᠷᠥᠯᠳᠥᠬᠦ ᠳᠤ ᠮᠠᠯ ᠰᠥᠷᠥᠭ ᠨᠢ ᠴᠦ ᠳᠠᠭᠠᠯᠳᠤᠨ ᠪᠠᠶᠠᠰᠤᠨ᠂ ᠬᠤᠲᠠ ᠳᠥᠬᠦᠷᠡᠩ ᠪᠠᠶᠠᠷ᠂ ᠲᠠᠯ᠎ᠠ ᠳᠥᠬᠦᠷᠡᠩ ᠵᠢᠷᠭᠠᠯ ᠢᠶᠠᠷ ᠪᠢᠯᠬᠠᠲᠠᠭ ᠪᠢᠯᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号