ᠲᠡᠰ ᠨᠢᠰ ᠬᠦᠯᠳᠡᠬᠦ ᠮᠦᠰᠤᠨ ᠡᠪᠤᠯ ᠢ ᠤᠶᠠᠷᠠᠭᠠᠬᠤ ᠶᠢᠰᠤ ᠶᠢᠨ ᠲᠤᠭᠠᠯᠠᠯ ᠡᠳᠦᠷ ᠤᠷᠳᠤᠰᠬᠠᠨ ᠬᠤᠯᠠᠳᠠᠨ᠎ᠠ᠃ | ᠴᠠᠭᠠᠭᠴᠢᠨ ᠦᠭᠡᠷ ᠵᠢᠯ ᠤᠨ ᠴᠠᠭᠠᠨ ᠰᠠᠷ᠎ᠠ ᠨᠤᠳᠤᠭ ᠤᠨ ᠵᠠᠬ᠎ᠠ ᠳᠤ ᠢᠷᠠᠴᠢᠭᠡᠭᠰᠡᠨ᠂ ᠤᠳᠠᠯ ᠦᠭᠡᠢ ᠤᠶᠠᠭᠠᠨ | ᠳᠡᠭᠡᠷ᠎ᠠ ᠪᠠᠭᠤᠬᠤ ᠪᠠᠷ ᠠᠶᠢᠰᠤᠢ᠃ ᠰᠦᠨᠢᠳ ᠪᠠᠷᠠᠭᠤᠨ ᠬᠤᠰᠢᠭᠤᠨ ᠤ ᠰᠠᠶᠢᠬᠠᠬᠤᠢᠯᠵᠡᠢ ᠰᠤᠮᠤᠨ ᠤ ᠨᠤᠭᠤᠭᠠᠨᠰᠢᠯᠢ | ᠭᠠᠴᠠᠭᠠᠨ ᠤ ᠮᠠᠯᠴᠢᠨ ᠬᠠᠰᠪᠠᠭᠠᠨ᠎ᠠ ᠶᠢᠨ ᠬᠢ ᠰᠢᠨ᠎ᠠ ᠶᠢᠨ ᠪᠤᠤᠰᠠ ᠪᠠᠨ ᠪᠠᠷᠢᠬᠤ ᠴᠢᠮᠡᠭᠡ ᠪᠠᠷ ᠬᠤᠳᠠᠨ ᠤ | ᠬᠦᠮᠦᠰ ᠨᠢ ᠬᠦᠷᠦᠯᠴᠡᠨ ᠢᠷᠡᠵᠤ ᠬᠠᠮᠵᠢᠯᠴᠠᠯᠠ᠃ ᠲᠤᠰ ᠬᠤᠳᠠ ᠲᠤᠭᠤᠢᠢᠯᠠᠩ ᠤᠨ ᠠᠶᠢᠯ ᠤᠳ ᠤᠤᠯ ᠠᠴᠠ ᠪᠠᠨ | ᠢᠡᠭᠬᠢᠵᠤ ᠬᠠᠮᠵᠢᠯᠴᠠᠵᠤ ᠢᠷᠡᠭᠰᠡᠨ ᠵᠤᠷᠰᠢᠯ ᠲᠠᠢ ᠪᠠᠶᠢᠯ᠎ᠠ᠃ ᠬᠠᠰᠪᠠᠭᠠᠨ᠎ᠠ ᠶᠢᠨ ᠳᠤ ᠡᠨᠡ ᠤᠳᠠᠭ᠎ᠠ ᠬᠠᠮᠵᠢᠬᠤ | ᠬᠦᠮᠦᠨ ᠤᠯᠠᠨ ᠢᠷᠡᠵᠤ᠂ ᠳᠡᠳᠡ ᠠᠵᠢᠯ ᠤᠨ ᠢᠶᠠᠨ ᠵᠠᠪᠰᠡᠷ ᠴᠠᠭᠠᠨ ᠰᠠᠷ᠎ᠠ ᠶᠢᠨ ᠢᠶᠠᠨ ᠲᠤᠬᠠᠢ ᠬᠦᠭᠵᠢᠯᠳᠡᠢ ᠵᠤᠭᠤᠭ | ᠳᠡᠯᠭᠡᠭᠰᠡᠭᠡᠷ ᠭᠡᠳᠦᠨ ᠵᠠᠭᠤᠨ ᠪᠤᠤᠰᠠ ᠶᠢ ᠲᠦᠳᠡ ᠤᠳᠠᠯ ᠦᠭᠡᠢ ᠪᠠᠷᠢᠭᠠᠳ ᠬᠦᠯᠳᠡᠭᠡᠵᠡᠢ᠃ ᠬᠠᠰᠪᠠᠭᠠᠨ᠎ᠠ ᠶᠢᠨ ᠬᠢ | ᠭᠠᠯ ᠲᠠᠬᠢᠯᠭ᠎ᠠ ᠶᠢᠨ ᠬᠤᠷᠢᠨ ᠭᠤᠷᠪᠠᠨ ᠠᠴᠠ ᠡᠮᠦᠨ᠎ᠠ ᠪᠤᠤᠪᠤ ᠬᠠᠭᠠᠷᠢᠬᠤ᠂ ᠪᠤᠤᠰᠠ ᠪᠠᠩᠰᠢ ᠪᠠᠷᠢᠬᠤ ᠠᠵᠢᠯ ᠢᠶᠠᠨ | ᠵᠠᠪᠠᠯ ᠪᠠᠷᠠᠭᠠᠳᠠᠭ ᠵᠠᠩᠰᠢᠯ ᠲᠠᠢ᠃ ᠬᠠᠰᠪᠠᠭᠠᠨ᠎ᠠ ᠶᠢᠨ ᠭᠡᠷᠬᠡᠢ ᠰᠠᠷᠠᠨᠴᠢᠮᠡᠭ᠄ ︽ᠮᠠᠨ ᠤ ᠬᠢᠨ ᠤ ᠠᠶᠢᠯ ᠤᠳ ᠪᠤᠤᠰᠠ | ᠪᠠᠩᠰᠢ ᠪᠠᠨ ᠪᠦᠷ ᠬᠠᠮᠵᠢᠯᠴᠠᠭᠠᠳ ᠪᠠᠷᠢᠳᠠᠭ ᠰᠠᠶᠢᠬᠠᠨ ᠵᠤᠷᠰᠢᠯ ᠲᠠᠢ ᠰᠢᠤ᠂ ᠮᠠᠨ ᠤ ᠬᠢ ᠰᠠᠳᠤᠨ ᠲᠦᠷᠦᠯ ᠠᠷᠪᠢᠨ | ᠪᠤᠯᠬᠤᠷ ᠪᠤᠤᠰᠠ ᠪᠠᠩᠰᠢ ᠠᠷᠪᠢᠨ ᠴᠤ ᠪᠠᠷᠢᠳᠠᠭ᠂ ᠭᠡᠰᠡᠨ ᠴᠤ ᠬᠤᠳᠠᠨ ᠤ ᠠᠶᠢᠯ ᠤᠳ ᠢᠷᠡᠭᠡᠳ ᠬᠠᠮᠵᠢᠴᠢᠬᠠᠳᠠᠭ | ᠪᠤᠯᠬᠤᠷ ᠲᠤᠩ ᠤᠳᠠᠬᠤ ᠦᠭᠡᠢ ᠪᠠᠷᠠᠴᠢᠬᠠᠳᠠᠭ ᠶᠤᠮ᠃ ᠮᠠᠨ ᠤ ᠬᠢᠨ ᠴᠠᠭᠠᠨ ᠰᠠᠷ᠎ᠠ ᠶᠢᠨ ᠪᠡᠯᠡᠳᠭᠡᠯ ᠢᠶᠠᠨ | ᠶᠠᠷᠤ ᠠᠴᠠ ᠪᠠᠨ ᠶᠡᠭᠡ ᠴᠢᠬᠤᠯᠠᠴᠢᠯᠠᠳᠠᠭ᠃ ᠤᠯᠠᠮᠵᠢᠯᠠᠯ ᠤᠨ ᠢᠶᠠᠨ ᠰᠢᠯᠢᠳᠡᠭ ᠵᠦᠢᠯ ᠢ ᠳᠡᠭᠡᠳᠦᠯᠡᠬᠦ ᠶᠢᠨ ᠬᠠᠮᠳᠤ | ᠴᠠᠭ ᠤᠨ ᠤᠷᠤᠰᠬᠠᠯ ᠢ ᠳᠠᠭᠠᠵᠤ᠂ ᠰᠢᠨ᠎ᠠ ᠶᠢᠨ ᠪᠡᠯᠡᠭ ᠰᠡᠯᠳᠠ ᠪᠠᠨ ᠤᠨᠴᠠᠯᠢᠭ ᠲᠠᠢ ᠪᠡᠯᠡᠳᠭᠡᠨ᠂ ᠴᠠᠭᠠᠨ | ᠢᠳᠡᠭᠡᠨ ᠢᠶᠠᠨ ᠲᠤᠰᠬᠠᠢ ᠪᠡᠯᠡᠭ ᠪᠤᠯᠭᠠᠨ ᠦᠭᠳᠡᠭ᠂ ᠮᠠᠨ ᠤ ᠬᠢ ᠭᠡᠤᠭᠡᠳ ᠤᠳ ᠤᠨ ᠪᠡᠯᠡᠭ ᠲᠤ ᠨᠤᠮ ᠳᠡᠪᠳᠡᠷ | ᠵᠡᠷᠬᠡ ᠰᠤᠶᠤᠯ ᠤᠨ ᠭᠡᠷᠡᠭᠰᠡᠯ ᠦᠭᠳᠡᠭ ᠪᠤᠯᠤᠭᠰᠠᠨ᠃ ᠰᠢᠨ᠎ᠠ ᠵᠢᠯ ᠢᠶᠠᠷ ᠮᠤᠩᠭᠤᠯ ᠬᠤᠪᠴᠠᠰᠤ ᠵᠠᠰᠠᠯ ᠢᠶᠠᠷ ᠢᠶᠠᠨ | ᠭᠤᠶᠤᠯᠠᠬᠤ ᠶᠢ ᠴᠢᠬᠤᠯᠠᠴᠢᠯᠠᠬᠤ ᠶᠢᠨ ᠬᠠᠮᠳᠤ ᠮᠤᠷᠢ ᠤᠨᠤᠭ᠎ᠠ ᠭᠡᠬᠦ ᠦᠭᠡᠢ ᠮᠠᠰᠢᠨ ᠲᠡᠷᠬᠡ ᠪᠠᠨ ᠴᠤ ᠴᠡᠪᠡᠷᠯᠡᠵᠤ | ᠭᠤᠶᠤᠯᠠᠳᠠᠭ ᠰᠢᠤ᠃ ᠭᠡᠷ ᠤᠨ ᠲᠤᠳᠤᠨ᠎ᠠ ᠭᠠᠳᠠᠨᠠᠬᠢ ᠶᠢᠨ ᠴᠡᠪᠡᠷᠯᠡᠭᠡ ᠶᠢ ᠨᠡᠩ ᠰᠠᠶᠢᠨ ᠬᠢᠳᠡᠭ︾ ᠭᠡᠵᠤ | ᠪᠠᠶᠠᠷᠳᠠᠶᠢᠬᠠᠨ ᠶᠠᠷᠢᠨ᠎ᠠ ᠪᠢᠯᠡ᠃ | ᠲᠠᠶᠢᠮᠤ ᠡ︕ ᠵᠢᠯ ᠴᠠᠭᠠᠨ ᠰᠠᠷ᠎ᠠ ᠤᠶᠢᠷᠠᠳᠤᠬᠤ ᠪᠠᠷ ᠰᠢᠨ᠎ᠠ ᠶᠢᠨ ᠪᠠᠯᠠᠳᠭᠡᠯ ᠭᠡᠳᠡᠭ ᠡᠨᠡ ᠠᠵᠢᠯ ᠭᠡᠴᠢᠨᠠᠨ | ᠴᠢᠬᠤᠯᠠ ᠪᠠᠶᠢᠳᠠᠭ ᠢ ᠮᠠᠯᠴᠢᠨ ᠬᠠᠰᠪᠠᠭᠠᠨ᠎ᠠ ᠶᠢᠨ ᠬᠢ ᠠᠴᠠ ᠤᠢᠢᠯᠠᠭᠠᠵᠤ ᠪᠤᠯᠤᠨ᠎ᠠ᠃ ︽ᠮᠤᠩᠭᠤᠯ ᠬᠦᠮᠦᠨ | ᠪᠡᠯᠭᠡ ᠪᠠᠷ︾ ᠭᠡᠳᠡᠭᠴᠢᠯᠡᠨ᠂ ᠵᠢᠯ ᠳᠤ ᠪᠠᠨ ᠨᠢᠭᠡ ᠤᠳᠠᠭ᠎ᠠ ᠪᠤᠯᠳᠠᠭ ᠴᠠᠭᠠᠨ ᠰᠠᠷ᠎ᠠ ᠪᠠᠨ ᠪᠡᠯᠭᠡ ᠳᠡᠮᠪᠡᠷᠢᠯ ᠲᠠᠢ | ᠦᠩᠭᠡᠷᠡᠬᠦᠯᠬᠦ ᠶᠢᠨ ᠲᠤᠯᠠᠳᠠ ᠢᠳᠡᠯᠭᠡ ᠤᠤᠭᠤᠯᠭ᠎ᠠ ᠪᠠᠨ ᠡᠯᠪᠡᠭ ᠳᠡᠯᠪᠡᠭ ᠪᠡᠯᠡᠳᠭᠡᠨ᠂ ᠭᠡᠷ ᠪᠠᠷᠠᠭ᠎ᠠ ᠵᠢᠴᠢ ᠬᠤᠳᠠ | ᠰᠠᠭᠤᠷᠢᠰᠢᠯ ᠤᠨ ᠤᠷᠴᠢᠨ ᠲᠤᠭᠤᠷᠢᠨ ᠢᠶᠠᠨ ᠬᠢᠯ᠎ᠡ ᠴᠢᠯᠡ ᠴᠡᠪᠡᠷᠯᠡᠵᠤ ᠲᠦᠪᠬᠢᠨᠡᠬᠦᠯᠳᠡᠭ ᠵᠠᠩᠰᠢᠯ ᠲᠠᠢ ᠪᠢᠯᠡ᠃ | ᠴᠠᠭᠠᠨ ᠰᠠᠷ᠎ᠠ ᠶᠢᠨ ᠰᠢᠨ᠎ᠠ ᠶᠢᠨ ᠪᠡᠯᠡᠳᠭᠡᠯ ᠠᠵᠢᠯ ᠶᠠᠷᠤᠩᠬᠡᠢ ᠳᠤ ᠪᠠᠨ ᠬᠦᠭᠡᠭᠡ ᠰᠠᠷ᠎ᠠ ᠭᠠᠷᠴᠤ ᠢᠷᠡᠪᠠᠯ | ᠡᠬᠢᠯᠡᠭᠡᠳ ᠦᠭᠡᠬᠦ ᠲᠤᠰᠤ ᠪᠠᠨ ᠰᠢᠷᠭᠠᠭᠠᠬᠤ᠂ ᠪᠤᠤᠪᠤ ᠪᠤᠭᠤᠷᠰᠤᠭ ᠢᠶᠠᠨ ᠬᠠᠭᠠᠷᠢᠬᠤ᠂ ᠪᠤᠤᠰᠠ ᠪᠠᠩᠰᠢᠨ ᠤ | ᠮᠢᠬ᠎ᠠ ᠪᠠᠨ ᠭᠡᠷᠴᠢᠬᠦ ᠮᠠᠳᠤ ᠪᠠᠷ ᠪᠠᠭ᠎ᠠ ᠪᠠᠭ᠎ᠠ ᠪᠠᠷ ᠶᠠᠪᠤᠭᠳᠠᠳᠠᠭ᠃ ᠬᠠᠭᠤᠴᠢᠨ ᠳᠤ ᠪᠠᠨ ᠰᠢᠨ᠎ᠠ ᠶᠢᠨ | ᠪᠡᠯᠡᠳᠭᠡᠯ ᠳᠤ ᠰᠢᠨᠡᠯᠡᠬᠦ ᠳᠤ ᠡᠮᠦᠰᠬᠦ ᠳᠡᠪᠡᠯ ᠬᠤᠪᠴᠠᠰᠤ ᠪᠠᠨ ᠪᠡᠯᠡᠳᠬᠦ ᠠᠴᠠ ᠭᠠᠳᠠᠨ᠎ᠠ ᠡᠮᠡᠭᠡᠯ ᠬᠠᠵᠠᠭᠠᠷ᠂ | ᠲᠤᠬᠤᠰᠢ ᠵᠡᠷᠬᠡ ᠪᠠᠨ ᠪᠦᠷᠢᠨ ᠲᠦᠭᠦᠭᠡᠷᠴᠤ ᠠᠪᠳᠠᠭ᠃ ᠲᠠᠷᠠ ᠦᠶ᠎ᠡ ᠳᠤ ᠪᠠᠷᠤᠭ ᠯᠡ ᠪᠦᠷ ᠰᠤᠮᠤ ᠶᠢᠨ ᠲᠦᠪ | ᠤᠷᠤᠵᠤ᠂ ᠰᠢᠬᠢᠷ ᠪᠤᠤᠪᠤ᠂ ᠠᠷᠢᠬᠢ ᠲᠠᠮᠡᠬᠢ᠂ ᠪᠤᠷᠠᠮ ᠱᠠᠭᠠᠳᠠᠩ᠂ ᠯᠡ ᠴᠦᠳᠡᠩ ᠭᠡᠳ ᠠᠮᠢᠳᠤᠷᠠᠯ ᠤᠨ ᠪᠦᠬᠦ | ᠭᠡᠷᠡᠭᠰᠡᠯ ᠢᠶᠠᠨ ᠪᠡᠯᠡᠳᠭᠡᠵᠤ ᠠᠪᠳᠠᠭ ᠰᠠᠨ᠃ ᠤᠳᠤ ᠪᠤᠯ ᠬᠠᠷᠢᠨ ᠦᠭᠡᠷ᠎ᠠ ᠪᠤᠯᠵᠠᠢ᠃ ᠤᠨᠤᠭ᠎ᠠ ᠬᠦᠰᠬᠡ᠂ ᠵᠠᠮ | ᠬᠠᠷᠢᠯᠴᠠᠭᠠᠨ ᠤ ᠨᠦᠬᠦᠴᠡᠯ ᠰᠠᠶᠢᠵᠢᠷᠠᠭᠰᠠᠨ ᠢᠶᠠᠷ ᠠᠶᠢᠮᠠᠭ ᠬᠤᠰᠢᠭᠤᠨ ᠤ ᠲᠦᠪ ᠤᠷᠤᠵᠤ ᠶᠠᠭᠤᠮ᠎ᠠ ᠪᠡᠯᠡᠳᠭᠡᠬᠦ ᠨᠢ | ᠲᠠᠶᠢᠮᠤ ᠴᠤ ᠬᠦᠴᠢᠷ ᠠᠵᠢᠯ ᠪᠢᠰᠢ ᠪᠤᠯᠤᠭᠰᠠᠨ ᠪᠠᠶᠢᠨ᠎ᠠ᠃ | ᠮᠤᠩᠭᠤᠯ ᠭᠠᠵᠠᠷ ᠤᠨ ᠴᠠᠭᠠᠨ ᠰᠠᠷ᠎ᠠ ᠶᠢᠨ ᠰᠢᠨ᠎ᠠ ᠶᠢᠨ ᠪᠡᠯᠡᠳᠭᠡᠯ ᠦᠨᠳᠦᠰᠤᠨ ᠳᠤ ᠪᠠᠨ ᠠᠳᠠᠯᠢᠪᠳᠤᠷ | ᠪᠤᠯᠪᠠᠴᠤ ᠵᠠᠷᠢᠮ ᠨᠤᠳᠤᠭ᠂ ᠵᠠᠷᠢᠮ ᠠᠶᠢᠯ ᠬᠤᠳᠠᠨ ᠤ ᠰᠢᠨ᠎ᠠ ᠶᠢᠨ ᠪᠠᠯᠡᠳᠭᠡᠯ ᠠᠳᠠᠯᠢ ᠦᠭᠡᠢ ᠪᠠᠶᠢᠳᠠᠭ᠃ ᠲᠡᠷᠡ ᠨᠢ | ᠭᠤᠤᠯᠳᠠᠭᠤ ᠠᠶᠢᠯ ᠠᠶᠢᠯ ᠤᠨ ᠨᠦᠬᠦᠴᠡᠯ ᠪᠠᠶᠢᠳᠠᠯ ᠠᠴᠠ ᠪᠠᠨ ᠰᠢᠯᠳᠠᠭᠠᠯᠠᠭᠳᠠᠳᠠᠭ᠃ ᠤᠤᠯ ᠳᠤ ᠪᠠᠨ ᠬᠦᠳᠡᠭᠡ ᠶᠢᠨ | ᠠᠶᠢᠯ ᠤᠳ ᠨᠡᠯᠢᠶᠡᠳ ᠡᠷᠳᠡ ᠠᠴᠠ ᠪᠤᠤᠰᠠ ᠪᠠᠩᠰᠢ ᠪᠠᠨ ᠪᠠᠷᠢᠵᠤ ᠬᠦᠯᠳᠡᠭᠡᠭᠡᠳ ᠤᠷᠢ ᠤᠷᠤᠬᠤ ᠦᠭᠡᠢ ᠭᠠᠵᠠᠷ | ᠬᠠᠳᠠᠭᠠᠯᠠᠳᠠᠭ ᠪᠤᠯ ᠤᠳᠤ ᠠᠮᠢᠳᠤᠷᠠᠯ ᠤᠨ ᠨᠦᠬᠦᠴᠡᠯ ᠰᠠᠶᠢᠵᠢᠷᠠᠵᠤ᠂ ᠴᠠᠬᠢᠯᠭᠠᠨ ᠨᠡᠪᠳᠡᠷᠡᠵᠤ᠂ ᠬᠦᠷᠦᠭᠡᠭᠴᠢ | ᠬᠦᠯᠳᠡᠭᠡᠬᠦᠷ ᠨᠡᠶᠢᠳᠡᠮ ᠭᠡᠷᠡᠭᠯᠡᠳᠡᠭ ᠪᠤᠯᠤᠭᠰᠠᠨ ᠢᠶᠠᠷ ᠢᠯᠠᠩᠭᠤᠶ᠎ᠠ ᠪᠤᠤᠰᠠ ᠪᠠᠩᠰᠢ ᠶᠢ ᠴᠠᠭᠠᠨ ᠰᠠᠷ᠎ᠠ | ᠤᠶᠢᠷᠠᠳᠤᠭᠤᠯᠤᠨ ᠪᠠᠷᠢᠭᠰᠠᠨ ᠴᠤ ᠬᠦᠯᠳᠡᠵᠤ ᠦᠭᠬᠦ ᠦᠭᠡᠢ ᠭᠡᠵᠤ ᠵᠤᠪᠠᠭ᠋ᠤ ᠶᠠᠪᠤᠳᠠᠯ ᠦᠭᠡᠢ ᠪᠤᠯᠵᠠᠢ᠃ ᠡᠨᠡ ᠨᠢ | ᠪᠤᠤᠰᠠ ᠪᠠᠩᠰᠢ ᠪᠠᠨ ᠨᠢᠭᠡ ᠶᠡᠭᠡ ᠤᠳᠠᠭᠠᠬᠤ ᠦᠭᠡᠢ ᠪᠠᠷ ᠰᠢᠨ᠎ᠠ ᠰᠤᠷᠭᠤᠭ ᠢᠶᠠᠷ ᠨᠢ ᠢᠳᠡᠬᠦ ᠶᠢ ᠡᠷᠬᠢᠮᠯᠡᠳᠡᠭ ᠠᠴᠠ | ᠪᠤᠯᠤᠭᠰᠠᠨ ᠪᠠᠶᠢᠨ᠎ᠠ᠃ ᠭᠠᠯ ᠲᠠᠬᠢᠯᠭ᠎ᠠ ᠠᠴᠠ ᠡᠮᠦᠨ᠎ᠠ ᠮᠤᠩᠭᠤᠯ ᠭᠡᠷ᠂ ᠪᠠᠶᠢᠰᠢᠩ ᠭᠡᠷ ᠤᠨ ᠢᠶᠠᠨ ᠰᠢᠷᠢᠳᠡᠭ | ᠲᠤᠭᠤᠷᠢᠭᠤᠯᠭ᠎ᠠ᠂ ᠲᠠᠪᠢᠰᠭᠡᠷ ᠤᠨ ᠲᠤᠭᠤᠰᠤ ᠶᠢ ᠬᠦᠪᠢᠵᠤ ᠱᠦᠬᠦᠷᠳᠡᠬᠦ ᠪᠤᠶᠤ ᠬᠤᠳᠠ ᠬᠤᠷᠤᠭᠠᠨ ᠤ ᠪᠠᠨ ᠬᠤᠭ | ᠨᠤᠪᠰᠢ ᠶᠢ ᠴᠡᠪᠡᠷᠯᠡᠵᠤ ᠠᠷᠢᠯᠭᠠᠳᠠᠭ᠃ | ᠬᠤᠳᠠ ᠬᠦᠳᠡᠭᠡ ᠶᠢᠨ ᠮᠤᠩᠭᠤᠯ ᠠᠶᠢᠯ ᠪᠦᠬᠦᠨ ᠪᠢᠯᠢᠭ ᠤᠨ ᠤᠯᠠᠷᠢᠯ ᠤᠨ ᠠᠷᠪᠠᠨ ᠬᠤᠶᠠᠷ ᠰᠠᠷ᠎ᠠ ᠶᠢᠨ | ᠬᠤᠷᠢᠨ ᠭᠤᠷᠪᠠᠨ᠂ ᠬᠤᠷᠢᠨ ᠲᠦᠷᠪᠠᠨ ᠳᠤ ᠭᠠᠯ ᠢᠶᠠᠨ ᠲᠠᠬᠢᠳᠠᠭ᠃ ᠭᠠᠯ ᠲᠠᠬᠢᠬᠤ ᠡᠳᠦᠷ ᠮᠠᠯᠴᠢᠳ ᠦᠷᠯᠦᠭᠡ | ᠡᠷᠳᠡ ᠪᠤᠰᠴᠤ᠂ ᠶᠠᠩᠳᠤᠩ ᠢᠶᠠᠨ ᠬᠦᠯᠡᠴᠢᠭᠡᠭᠡᠳ ᠵᠤᠤᠬ᠎ᠠ ᠪᠠᠨ ᠭᠠᠯᠯᠠᠵᠤ᠂ ᠭᠡᠷ ᠢᠶᠠᠨ ᠲᠤᠯᠠᠭᠠᠯᠠᠳᠠᠭ᠃ ᠡᠨᠡ ᠨᠢ | ᠤᠷᠤᠢ ᠮᠠᠯ ᠬᠤᠳᠠᠯᠠᠭᠰᠠᠨ ᠤ ᠳᠠᠷᠠᠭ᠎ᠠ ᠤᠳᠤᠨ ᠳᠦᠬᠡᠬᠦ ᠦᠶᠡᠰ ᠭᠠᠯ ᠢᠶᠠᠨ ᠰᠠᠶᠢᠨ ᠬᠦᠭᠵᠢᠭᠡᠵᠤ ᠲᠠᠬᠢᠳᠠᠭ ᠵᠠᠩ | ᠤᠶᠢᠯᠡ ᠳᠤ ᠪᠡᠯᠡᠳᠭᠡᠵᠤ ᠪᠤᠢ ᠠᠩᠬᠠᠨ ᠤ ᠠᠵᠢᠯ ᠪᠤᠯᠤᠨ᠎ᠠ᠃ ᠵᠠᠯᠭᠠᠭᠠᠳ ᠭᠠᠯ ᠳᠤ ᠡᠷᠬᠦᠬᠦ ᠡᠪᠴᠢᠬᠦᠤ ᠪᠠᠨ | ᠭᠠᠷᠭᠠᠵᠤ ᠴᠢᠨᠠᠵᠤ ᠪᠤᠯᠭᠤᠭᠰᠠᠨ ᠤ ᠳᠠᠷᠠᠭ᠎ᠠ ᠵᠠᠰᠠᠵᠤ ᠴᠢᠮᠡᠨ᠂ ᠴᠠᠭᠠᠨ ᠢᠳᠡᠭᠡᠨ᠂ ᠰᠠᠷᠬᠤᠳ᠂ ᠬᠡᠪ ᠤᠨ ᠴᠠᠢ᠂ | ᠪᠤᠷᠠᠮ᠂ ᠴᠢᠪᠠᠭ᠎ᠠ ᠵᠡᠷᠬᠡ ᠢᠳᠡᠭᠡᠨ ᠤ ᠳᠡᠭᠡᠵᠢ ᠠᠴᠠ ᠪᠡᠯᠡᠳᠭᠡᠳᠡᠭ᠃ ᠦᠳᠡᠰᠢ ᠤᠳᠤ ᠪᠦᠷᠢᠨ ᠲᠦᠭᠡᠭᠰᠡᠨ ᠤ | ᠳᠠᠷᠠᠭ᠎ᠠ ᠭᠠᠯ ᠢᠶᠠᠨ ᠲᠠᠬᠢᠵᠤ᠂ ᠦᠭᠡᠳᠡᠯᠡᠨ ᠮᠠᠨᠳᠤᠵᠤ᠂ ᠦᠷᠨᠢᠨ ᠳᠡᠭᠵᠢᠷᠡᠬᠦ ᠪᠠᠨ ᠳᠠᠭᠠᠳᠬᠠᠳᠠᠭ᠃ | ᠭᠠᠯ ᠲᠠᠬᠢᠯᠭ᠎ᠠ ᠶᠢᠨ ᠮᠠᠷᠭᠠᠰᠢ ᠠᠴᠠ ᠡᠬᠢᠯᠡᠨ᠂ ᠴᠠᠭᠠᠨ ᠰᠠᠷ᠎ᠠ ᠪᠠᠨ ᠤᠭᠳᠤᠬᠤ ᠡᠯ᠎ᠠ ᠲᠠᠯ᠎ᠠ ᠶᠢᠨ ᠠᠵᠢᠯ | ᠤᠯᠠᠮ ᠠᠬᠢᠴᠠ ᠲᠠᠢ ᠶᠠᠪᠤᠭᠳᠠᠳᠠᠭ᠃ ᠡᠳᠦᠷ ᠨᠢ ᠪᠦᠰᠡᠬᠦ᠋ᠢᠴᠤᠳ ᠭᠤᠤᠯᠳᠠᠭᠤ ᠭᠡᠷ ᠤᠨ ᠲᠤᠳᠤᠷᠡᠬᠢ ᠤᠬᠢᠶᠠᠯᠭ᠎ᠠ | ᠴᠡᠪᠡᠷᠯᠡᠭᠡ᠂ ᠲᠢᠭᠯᠡᠯ ᠢ ᠠᠬᠢᠨ ᠲᠠᠬᠢᠨ ᠬᠢᠵᠤ᠂ ᠪᠦᠰᠡᠳᠠᠶᠢᠴᠤᠳ ᠨᠢ ᠭᠤᠤᠯᠳᠠᠭᠤ ᠭᠠᠳᠠᠨᠠᠬᠢ ᠬᠤᠳᠠ | ᠬᠤᠷᠤᠭ᠎ᠠ ᠪᠠᠨ ᠴᠡᠪᠡᠷᠯᠡᠬᠦ᠂ ᠵᠠᠰᠠᠵᠤ ᠴᠡᠭᠴᠡᠯᠡᠬᠦ ᠠᠵᠢᠯ ᠢ ᠬᠢᠳᠡᠭ ᠪᠤᠯ ᠰᠦᠨᠢ ᠶᠢᠨ ᠴᠠᠭ ᠢᠶᠠᠷ ᠭᠡᠷ ᠪᠦᠯᠢ ᠶᠢᠨ | ᠬᠦᠮᠦᠰ ᠬᠠᠮᠳᠤᠷᠠᠵᠤ᠂ ᠪᠤᠤᠰᠠ ᠪᠠᠩᠰᠢ ᠪᠠᠷᠢᠵᠤ ᠠᠮᠵᠢᠭᠤᠯᠳᠠᠭ᠃ ︽ᠠᠮᠢᠳᠤᠷᠠᠯ ᠤᠨ ᠨᠦᠬᠦᠴᠡᠯ | ᠰᠠᠶᠢᠵᠢᠷᠠᠵᠤ᠂ ᠮᠠᠯᠴᠢᠳ ᠤᠨ ᠦᠵᠡᠯ ᠤᠬᠠᠮᠰᠠᠷ ᠡᠳᠦᠷ ᠠᠴᠠ ᠡᠳᠦᠷ ᠳᠡᠭᠡᠭᠰᠢᠯᠡᠵᠤ ᠪᠠᠶᠢᠭ᠎ᠠ ᠪᠤᠯᠬᠤᠷ ᠤᠳᠤ ᠪᠠᠶ᠎ᠠ | ᠪᠠᠶᠠᠨ ᠤ ᠪᠠᠨ ᠰᠠᠶᠢᠨ ᠲᠠᠯ᠎ᠠ ᠶᠢ ᠲᠠᠭᠤᠷᠢᠶᠠᠵᠤ ᠠᠮᠢᠳᠤᠷᠠᠬᠤ ᠶᠢ ᠰᠢᠨ᠎ᠠ ᠬᠦᠭᠡᠭᠡᠴᠡᠯᠳᠤᠯ ᠪᠤᠯᠭᠠᠵᠤ ᠪᠠᠶᠢᠭ᠎ᠠ ᠨᠢ | ᠡᠷᠬᠢᠨ ᠲᠤᠭᠤᠷᠢᠨ ᠢᠶᠠᠷ ᠶᠡᠭᠡ ᠠᠵᠢᠭᠳᠠᠨᠠ᠂ ᠰᠢᠨ᠎ᠠ ᠶᠢᠨ ᠪᠤᠤᠰᠠ ᠪᠠᠷᠢᠬᠤ ᠪᠠᠷ ᠠᠪᠴᠤ ᠦᠵᠡᠭᠰᠡᠨ ᠴᠤ | ᠠᠭᠠᠷᠤᠤᠯ ᠲᠠᠢ ᠪᠤᠤᠰᠠ᠂ ᠬᠦᠮᠡᠯᠢ ᠲᠠᠢ ᠪᠤᠤᠰᠠ᠂ ᠴᠠᠭᠠᠨ ᠢᠳᠡᠭᠡᠨ ᠲᠠᠢ ᠪᠤᠤᠰᠠ ᠭᠡᠳ ᠶᠠᠩᠵᠤ ᠪᠤᠯᠭᠠᠨ ᠢᠶᠠᠷ | ᠬᠢᠵᠤ᠂ ᠦᠪᠡᠷ ᠢᠶᠠᠨ ᠪᠡᠯᠡᠳᠭᠡᠵᠤ ᠳᠡᠶᠢᠯᠬᠦ ᠶᠠᠭᠤᠮᠠᠰ ᠢ ᠪᠤᠯᠬᠤ ᠶᠢᠨ ᠲᠤᠳᠤᠷ᠎ᠠ ᠦᠪᠡᠷᠳᠡᠭᠡᠨ ᠪᠡᠯᠡᠳᠭᠡᠨ᠂ ᠠᠵᠢᠯᠴᠢ | ᠠᠷᠪᠢᠴᠢ ᠠᠮᠢᠳᠤᠷᠠᠯ ᠤᠨ ᠰᠤᠷᠳᠠᠯ ᠢ ᠳᠡᠭᠡᠳᠤᠯᠡᠬᠦ ᠪᠤᠯᠵᠠᠢ᠂ ᠬᠦᠳᠡᠭᠡ ᠶᠢᠨ ᠰᠢᠨ᠎ᠠ ᠰᠠᠶᠢᠬᠠᠨ ᠰᠢᠤ︾ ᠭᠡᠵᠤ | ᠰᠦᠨᠢᠳ ᠵᠡᠭᠦᠨ ᠬᠤᠰᠢᠭᠤᠨ ᠤ ᠮᠠᠨᠳᠠᠯᠳᠤ ᠪᠠᠯᠭᠠᠰᠤᠨ ᠤ ᠰᠠᠷᠠᠭᠤᠯᠰᠢᠯᠢ ᠭᠠᠴᠠᠭᠠᠨ ᠤ ᠮᠠᠯᠴᠢᠨ ᠪᠦᠰᠡᠬᠦᠢ ᠢᠷᠡᠭᠤ | ᠢᠨᠢᠶᠠᠮᠰᠦᠭᠯᠡᠨ ᠤᠴᠢᠷᠯᠡᠨ᠎ᠠ ᠪᠢᠯᠡ᠃ | ᠬᠦᠭᠡᠭᠡ ᠰᠠᠷ᠎ᠠ ᠶᠢᠨ ᠬᠠᠮᠤᠭ ᠰᠡᠬᠦᠯᠴᠢ ᠶᠢᠨ ᠡᠳᠦᠷ ᠢ ᠪᠢᠳᠡᠬᠦᠨ ᠭᠡᠮᠡᠵᠤ᠂ ᠡᠨᠡ ᠡᠳᠦᠷ ᠬᠢᠵᠤ ᠪᠠᠵᠠᠭᠠᠬᠤ | ᠠᠵᠢᠯ ᠤᠯᠠᠨ ᠪᠠᠶᠢᠳᠠᠭ᠃ ᠪᠢᠳᠡᠬᠦᠨ ᠤ ᠢᠳᠡᠭᠡᠨ ᠳᠤ ᠡᠪᠴᠢᠬᠦᠤ᠂ ᠳᠠᠯᠤ ᠲᠦᠷᠪᠠᠨ ᠦᠨᠳᠦᠷ ᠢ ᠴᠢᠨᠠᠭᠠᠳ | ᠲᠠᠪᠠᠭᠯᠠᠳᠠᠭ᠂ ᠪᠢᠳᠡᠬᠦᠨ ᠤ ᠰᠢᠨ᠎ᠠ ᠴᠠᠢ ᠴᠢᠨᠠᠨ᠎ᠠ᠂ ᠪᠤᠤᠰᠠ ᠪᠠᠩᠰᠢ ᠴᠢᠨᠡᠨᠠ᠂ ᠰᠢᠷᠡᠬᠡᠨ ᠳᠤ ᠪᠠᠨ ᠠᠮᠳᠠᠳᠤ | ᠵᠦᠢᠯᠡᠰ ᠢ ᠲᠦᠭᠦᠷᠡᠩ ᠦᠷᠦᠵᠤ᠂ ᠪᠢᠳᠡᠬᠦᠯᠡᠬᠦ ᠳᠤ ᠪᠠᠨ ᠪᠡᠯᠡᠳᠭᠡᠨ᠎ᠠ᠃ ᠭᠡᠤᠭᠡᠳ ᠤᠳ ᠲᠤ ᠦᠭᠬᠦ ᠪᠢᠳᠡᠬᠦᠨ ᠤ | ᠪᠤᠤᠪᠤ ᠪᠡᠯᠡᠳᠭᠡᠨ᠎ᠠ ᠁ ᠪᠢᠳᠡᠬᠦᠨ ᠤ ᠨᠠᠷᠠ ᠪᠠᠷᠠᠭᠤᠨ ᠬᠤᠶᠢᠰᠢ ᠬᠡᠯᠪᠠᠶᠢᠵᠤ ᠡᠬᠢᠯᠡᠪᠡᠯ ᠪᠦᠬᠦ ᠮᠠᠯ ᠰᠦᠷᠦᠭ ᠢᠶᠠᠨ | ᠬᠠᠨᠤᠳᠠᠯ᠎ᠠ ᠤᠰᠤᠯᠠᠵᠤ᠂ ᠨᠦᠭᠡᠴᠡ ᠲᠠᠢ ᠰᠠᠶᠢᠨ ᠪᠡᠯᠴᠢᠭᠡᠷ ᠲᠤ ᠤᠷᠤᠭᠤᠯᠬᠤ ᠪᠤᠶᠤ ᠡᠪᠡᠰᠤ ᠪᠤᠷᠳᠤᠭᠠᠨ ᠤ | ᠭᠡᠮᠵᠢᠶ᠎ᠠ ᠶᠢ ᠨᠢ ᠶᠠᠷᠤ ᠶᠢᠨ ᠴᠠᠭ ᠠᠴᠠ ᠶᠡᠭᠡ ᠦᠭᠴᠤ ᠪᠠᠶᠠᠷᠯᠠᠭᠤᠯᠵᠤ ᠪᠠᠶᠠᠰᠬᠠᠳᠠᠭ ᠳ᠋ᠠ︕ ᠨᠡᠯᠢᠶᠡᠳ ᠡᠷᠳᠡ ᠠᠴᠠ | ᠤᠶᠠᠵᠤ ᠤᠨᠤᠵᠤ ᠬᠦᠩᠭᠡᠷᠡᠬᠦᠯᠦᠭᠰᠡᠨ ᠮᠤᠷᠢ ᠲᠡᠮᠡᠭᠡᠳ ᠢᠶᠠᠨ ᠪᠢᠳᠡᠬᠦᠨ ᠳᠤ ᠭᠤᠶᠤᠯᠠᠵᠤ ᠭᠠᠩᠭᠠᠯᠠᠨ᠂ ᠤᠶᠠᠵᠤ | ᠬᠤᠨᠤᠭᠠᠳ ᠰᠢᠨ᠎ᠠ ᠶᠢᠨ ᠨᠢᠭᠡᠨ ᠤ ᠦᠷᠯᠦᠭᠡᠬᠦᠷ ᠮᠤᠷᠳᠠᠵᠤ᠂ ᠠᠶᠢᠯ ᠰᠠᠭᠠᠬᠠᠯᠳᠠ ᠪᠠᠷ ᠢᠶᠠᠨ ᠰᠢᠨᠡᠯᠡᠬᠦ ᠪᠠᠷ | ᠶᠠᠪᠤᠬᠤ ᠳᠤ ᠪᠡᠯᠡᠭᠡᠨ ᠪᠠᠶᠢᠯᠭᠠᠳᠠᠭ᠃ | ᠰᠠᠶᠢᠨ ᠤ ᠮᠠᠨᠳᠤ ᠲᠠᠢ ᠰᠢᠨ᠎ᠠ ᠵᠢᠯ ᠢᠶᠠᠷ ᠢᠶᠠᠨ ᠠᠶᠢᠯ ᠰᠠᠭᠠᠬᠠᠯᠳᠠ ᠬᠦᠷᠰᠢ᠂ ᠰᠠᠳᠤᠨ ᠲᠦᠷᠦᠯ᠂ ᠨᠤᠳᠤᠭ | ᠤᠰᠤᠨ ᠤ ᠬᠢᠨ ᠬᠠᠷᠢᠯᠴᠠᠨ ᠠᠶᠢᠯᠴᠢᠯᠡᠨ ᠵᠤᠯᠭᠠᠳᠠᠭ ᠤᠴᠢᠷ ᠢᠷᠡᠭᠰᠡᠨ ᠪᠤᠯᠭᠠᠨ ᠢᠶᠠᠨ ᠰᠢᠨ᠎ᠠ ᠴᠠᠢ᠂ ᠰᠢᠨ᠎ᠠ ᠶᠢᠨ | ᠪᠤᠤᠰᠠ ᠵᠡᠷᠬᠡ ᠶᠢᠨ ᠤᠯᠠᠨ ᠢᠳᠡᠭᠡᠨ ᠤᠮᠳᠠᠭᠠᠨ ᠢᠶᠠᠷ ᠵᠤᠴᠢᠯᠠᠬᠤ ᠶᠢᠨ ᠳᠠᠭᠠᠤ ᠭᠠᠷ ᠤᠨ ᠪᠡᠯᠡᠭ ᠲᠠᠢ ᠭᠠᠷᠭᠠᠳᠠᠭ | ᠰᠠᠨ᠃ ᠶᠠᠭ ᠡᠶᠢᠮᠤ ᠠᠴᠠ ᠰᠢᠨ᠎ᠠ ᠶᠢᠨ ᠪᠡᠯᠡᠳᠭᠡᠯ ᠢ ᠶᠠᠭᠠᠬᠢᠭᠰᠠᠨ ᠴᠦ ᠰᠠᠶᠢᠨ ᠬᠢᠬᠦ ᠭᠡᠷᠡᠭᠳᠡᠢ ᠪᠠᠶᠢᠳᠠᠭ ᠪᠢᠯᠡ᠃ | ᠨᠡᠶᠢᠭᠡᠮ ᠬᠦᠭᠵᠢᠵᠤ ᠠᠷᠠᠳ ᠤᠨ ᠠᠮᠢᠳᠤᠷᠠᠯ ᠰᠠᠶᠢᠵᠢᠷᠠᠬᠤ ᠶᠢ ᠳᠠᠭᠠᠯᠳᠤᠨ᠂ ᠰᠢᠨ᠎ᠠ ᠶᠢᠨ ᠪᠠᠷᠠᠭᠠᠨ ᠤ ᠪᠡᠯᠡᠳᠭᠡᠯ | ᠡᠯᠪᠡᠭ ᠪᠠᠶᠠᠯᠢᠭ᠂ ᠰᠤᠩᠭᠤᠯᠳᠠ ᠰᠠᠶᠢᠳᠠᠢ ᠪᠤᠯᠵᠠᠢ᠃ ᠮᠠᠨ ᠤ ᠬᠢᠨ ᠤᠯᠠᠮᠵᠢᠯᠠᠯ ᠶᠤᠰᠤᠭᠠᠷ ᠪᠤᠤᠰᠠ ᠪᠠᠷᠢᠵᠤ᠂ | ᠪᠠᠩᠰᠢ ᠴᠢᠮᠬᠢᠬᠦ᠂ ᠮᠢᠬ᠎ᠠ ᠴᠢᠨᠠᠵᠤ ᠪᠡᠯᠡᠳᠭᠡᠬᠦ ᠠᠴᠠ ᠭᠠᠳᠠᠨ᠎ᠠ ᠬᠤᠳᠠ ᠤᠷᠤᠵᠤ ᠰᠢᠨ᠎ᠠ ᠴᠠᠭ ᠤᠨ ᠪᠠᠷᠠᠭ᠎ᠠ | ᠪᠦᠳᠦᠭᠡᠭᠳᠡᠬᠦᠨ ᠠᠴᠠ ᠡᠯ᠎ᠠ ᠵᠦᠢᠯ ᠤᠨ ᠪᠤᠤᠪᠤ ᠪᠤᠭᠤᠷᠰᠤᠭ᠂ ᠰᠢᠬᠢᠷ ᠪᠠ ᠪᠡᠯᠡᠭ ᠰᠠᠯᠳᠠ ᠭᠡᠳ ᠪᠡᠯᠡᠳᠭᠡᠵᠤ | ᠠᠪᠳᠠᠭ ᠶᠤᠮ᠃ ᠤᠤᠯ ᠳᠤ ᠪᠠᠨ ᠮᠠᠨ ᠤ ᠬᠢᠨ ᠴᠢᠨᠢ ᠲᠤᠮᠤ ᠰᠢᠭ᠋ ᠬᠤᠷᠰᠢᠶᠠᠨ ᠳᠤ ᠤᠷᠤᠵᠤ᠂ ᠰᠠᠶᠢᠨ ᠮᠠᠭᠤ ᠶᠢ ᠨᠢ | ᠰᠠᠶᠢᠨ ᠢᠯᠭᠠᠯ ᠦᠭᠡᠢ ᠠᠪᠬᠤ ᠶᠤᠰᠤᠳᠠᠢ ᠶᠠᠭᠤᠮᠠᠰ ᠢᠶᠠᠨ ᠪᠦᠬᠦᠨ ᠢ ᠠᠪᠴᠢᠬᠠᠳᠠᠭ ᠪᠠᠶᠢᠭᠰᠠᠨ ᠪᠤᠯ ᠤᠳᠤ ᠬᠠᠷᠢᠨ | ᠦᠭᠡᠷ᠎ᠠ ᠪᠤᠯᠵᠠᠢ᠃ ᠠᠪᠬᠤ ᠶᠠᠭᠤᠮᠠᠨ ᠤ ᠪᠠᠨ ᠴᠢᠨᠠᠷ ᠤᠨ ᠪᠠᠳᠤᠯᠠᠭ᠎ᠠ ᠶᠢ ᠨᠢ ᠶᠡᠭᠡ ᠠᠩᠵᠠᠭᠠᠷᠠᠳᠠᠭ ᠪᠤᠯᠪᠠ᠃ | ᠤᠨᠴᠠᠯᠢᠭᠲᠤ ᠪᠠᠷᠠᠭ᠎ᠠ ᠪᠦᠳᠦᠭᠡᠭᠳᠡᠬᠦᠨ ᠨᠢᠭᠡᠨᠳᠡ ᠲᠡᠳᠡᠨ ᠤ ᠲᠠᠷᠢᠬᠦᠨ ᠰᠤᠩᠭᠤᠯᠳᠠ ᠪᠤᠯᠤᠭᠰᠠᠨ ᠪᠠᠶᠢᠯ᠎ᠠ᠃ ︽ | ᠴᠢᠨᠠᠷ ᠤᠨ ᠪᠠᠳᠤᠯᠠᠭ᠎ᠠ ᠲᠠᠢ ᠯᠡ ᠪᠤᠯ ᠪᠠᠭ᠎ᠠ ᠰᠠᠭ᠎ᠠ ᠦᠨ᠎ᠠ ᠲᠠᠢ ᠨᠢ ᠶᠠᠭᠠᠬᠢᠮᠠᠢ︕ ᠭᠠᠭᠴᠠ ᠦᠪᠡᠷ ᠤᠨ ᠬᠢ | ᠪᠠᠨ ᠪᠢᠰᠢ᠂ ᠦᠷᠦᠭᠡᠯ ᠳᠤ ᠦᠭᠬᠦ ᠶᠠᠭᠤᠮᠠᠰ ᠤᠨ ᠢᠶᠠᠨ ᠴᠢᠨᠠᠷ ᠢ ᠴᠤ ᠪᠠᠳᠤᠯᠠᠭᠰᠠᠨ ᠪᠠᠶᠢᠬᠤ ᠨᠢ ᠲᠠᠭᠠᠷᠠᠨ᠎ᠠ︾ | ᠭᠡᠳᠡᠭ ᠦᠵᠡᠯᠳᠡ ᠲᠠᠨᠢᠯᠳᠠ ᠲᠠᠢ ᠶᠠᠷᠢᠵᠠᠭᠠᠨ᠎ᠠ ᠪᠢᠯᠡ᠃ ᠤᠤᠯ ᠳᠤ ᠪᠠᠨ ᠭᠡᠤᠭᠡᠳ ᠲᠡᠬᠦᠤ ᠨᠠᠷ ᠲᠤ ᠰᠢᠬᠢᠷ | ᠪᠤᠭᠤᠷᠰᠤᠭ ᠤᠨ ᠯᠡ ᠪᠡᠯᠡᠭ ᠭᠤᠤᠯᠳᠠᠭᠤ ᠦᠭᠬᠦᠭᠳᠡᠳᠡᠭ ᠪᠤᠯ ᠤᠳᠤ ᠬᠠᠷᠢᠨ ᠨᠠᠰᠤ ᠨᠠᠰᠤᠨ ᠤ ᠬᠦᠮᠦᠵᠢᠯ ᠳᠤ ᠨᠢ | ᠲᠤᠬᠢᠷᠠᠭᠰᠠᠨ ᠨᠤᠮ ᠲᠠᠪᠳᠡᠷ᠂ ᠰᠤᠷᠭᠠᠮᠵᠢᠳᠤ ᠦᠯᠢᠭᠡᠷ ᠪᠠ ᠦᠨᠳᠦᠰᠦᠳᠠᠨ ᠤ ᠤᠨᠴᠠᠯᠢᠭᠳᠤ ᠬᠤᠪᠴᠠᠰᠤ ᠬᠤᠨᠠᠷ | ᠠᠪᠤᠨ᠎ᠠ᠂ ᠠᠬᠠᠮᠠᠳ ᠨᠠᠰᠤᠳᠠᠳ ᠲᠤ ᠪᠠᠨ ᠴᠠᠭᠠᠨ ᠢᠳᠡᠭᠡᠨ ᠭᠤᠤᠯᠳᠠᠢ ᠠᠪᠴᠤ ᠬᠦᠷᠳᠡᠭ᠃ ᠲᠡᠭᠡᠬᠦᠯᠡᠷ ᠡᠳᠡᠭᠡᠷ | ᠶᠠᠭᠤᠮᠠᠰ ᠢᠶᠠᠨ ᠪᠢᠳᠡᠬᠦᠨ ᠠᠴᠠ ᠡᠮᠦᠨ᠎ᠠ ᠬᠤᠳᠠ ᠳᠤ ᠨᠢᠭᠡ ᠢᠷᠡᠭᠰᠡᠨ ᠢᠶᠠᠨ ᠲᠤᠬᠢᠶᠠᠯᠳᠤᠭᠤᠯᠵᠤ᠂ ᠪᠦᠬᠦᠨ ᠢ | ᠪᠡᠯᠡᠳᠭᠡᠵᠤ ᠠᠪᠤᠭᠠᠳ ᠬᠠᠷᠢᠳᠠᠭ ᠰᠠᠨ᠃ | ᠰᠢᠨ᠎ᠠ ᠶᠢᠨ ᠪᠡᠯᠡᠳᠭᠡᠯ ᠤᠨ ᠡᠷᠬᠢᠴᠡᠬᠦᠯᠦᠯ ᠠᠴᠠ ᠨᠢᠭᠡ ᠵᠢᠱᠢᠶ᠎ᠠ ᠶᠠᠷᠢᠪᠠᠯ᠂ ᠰᠢᠨ᠎ᠠ ᠮᠢᠩᠭᠠᠨ ᠤ ᠡᠬᠢᠨ ᠤ | ᠵᠢᠯ ᠤᠳ ᠪᠤᠯᠳᠠᠯ᠎ᠠ ᠮᠠᠨ ᠤ ᠬᠢᠨ ᠴᠠᠭᠠᠨ ᠰᠠᠷ᠎ᠠ ᠳᠤ ᠪᠠᠨ ᠲᠧᠯᠸᠢᠰ ᠠᠴᠠ ᠯᠡ ᠰᠢᠨ᠎ᠠ ᠵᠢᠯ ᠤᠨ ᠤᠨᠴᠠᠭᠠᠢ | ᠫᠷᠦᠭᠷᠡᠮ ᠤᠯᠵᠤ ᠦᠵᠡᠳᠡᠭ ᠪᠤᠯᠬᠤᠷ ᠭᠠᠯ ᠤᠨ ᠬᠤᠷᠢᠨ ᠭᠤᠷᠪᠠᠨ ᠠᠴᠠ ᠬᠤᠶᠢᠰᠢ ᠴᠠᠬᠢᠯᠭᠠᠨ ᠢᠶᠠᠨ ᠠᠷᠪᠢᠯᠠᠵᠤ᠂ | ᠶᠠᠭ ᠪᠢᠳᠡᠬᠦᠨ᠂ ᠰᠢᠨ᠎ᠠ ᠶᠢᠨ ᠨᠢᠭᠡᠨ ᠢᠶᠠᠷ ᠴᠠᠬᠢᠯᠭᠠᠨ ᠲᠤᠳᠠᠬᠤ ᠠᠴᠠ ᠪᠤᠯᠭᠤᠮᠵᠢᠯᠠᠳᠠᠭ᠃ ᠤᠴᠢᠷ ᠨᠢ ᠲᠡᠷᠡ | ᠦᠶ᠎ᠠ ᠶᠢᠨ ᠮᠠᠯᠴᠢᠨ ᠠᠶᠢᠯ ᠤᠳ ᠪᠠᠷᠤᠭ ᠯᠡ ᠪᠦᠷ ᠰᠠᠯᠬᠢᠨ ᠬᠦᠴᠤᠨ ᠤ ᠴᠠᠬᠢᠯᠭᠠᠨ ᠭᠠᠷᠭᠠᠬᠤ ᠰᠠᠩᠰᠠ ᠭᠡᠷᠡᠭᠯᠡᠵᠤ᠂ | ᠰᠠᠯᠬᠢ ᠦᠭᠡᠢ ᠪᠤᠯᠪᠠᠯ ᠴᠠᠬᠢᠯᠭᠠᠨ ᠤ ᠬᠤᠮᠰᠠᠳᠠᠯ ᠳᠤ ᠤᠷᠤᠳᠠᠭ ᠪᠠᠶᠢᠭᠰᠠᠨ᠃ ᠶᠠᠪᠤᠵᠤ ᠶᠠᠪᠤᠵᠤ ᠴᠠᠭᠠᠨ ᠰᠠᠷ᠎ᠠ | ᠤᠶᠢᠷᠠᠳᠤᠭᠠᠳ ᠯᠡ ᠢᠷᠡᠬᠦᠯᠡᠷ ᠬᠢᠰᠠᠵᠤ ᠪᠠᠶᠢᠭ᠎ᠠ ᠶᠤᠮ ᠰᠢᠭ᠋ ᠰᠠᠯᠬᠢ ᠨᠢ ᠨᠠᠮᠳᠠᠵᠤ᠂ ᠰᠠᠩᠰᠠ ᠨᠢ ᠡᠷᠬᠢᠬᠦ ᠪᠠᠨ | ᠪᠠᠶᠢᠴᠢᠬᠠᠵᠤ᠂ ᠨᠢᠭᠡ ᠭᠡᠷ ᠤᠨ ᠬᠦᠮᠦᠰ ᠤᠴᠠᠭᠠᠷᠳᠠᠵᠤ ᠪᠠᠴᠢᠮᠳᠠᠨ᠂ ᠴᠠᠬᠢᠯᠭᠠᠨ ᠨᠢ ᠬᠡᠷᠪᠡ ᠬᠦᠷᠴᠢᠬᠡᠪᠠᠯ ᠲᠠᠷᠡ | ᠴᠠᠭ ᠲᠤ ᠲᠡᠭᠦᠨ ᠠᠴᠠ ᠢᠯᠡᠬᠦᠤ ᠰᠠᠶᠢᠨ ᠤᠯᠵᠠᠭᠤᠷᠬᠠᠯ ᠦᠭᠡᠢ ᠪᠠᠶᠢᠭᠰᠠᠨ ᠢ ᠤᠳᠤ ᠪᠤᠳᠤᠬᠤ ᠪᠠᠷ ᠢᠨᠢᠶᠠᠳᠤᠮ | ᠲᠠᠢ ᠪᠦᠭᠡᠳ ᠲᠤᠷᠠᠰᠤᠮᠵᠢ ᠲᠠᠢ ᠰᠠᠨᠠᠭᠳᠠᠬᠤ ᠶᠤᠮ ᠳ᠋ᠠ᠃ ᠬᠠᠷᠢᠨ ᠤᠶᠢᠷ᠎ᠠ ᠶᠢᠨ ᠠᠷᠪᠠᠭᠠᠳ ᠵᠢᠯ ᠠᠴᠠ ᠨᠠᠮ ᠤᠨ | ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠲᠦᠷᠦ ᠶᠢᠨ ᠪᠤᠳᠤᠯᠭ᠎ᠠ ᠶᠢᠨ ᠳᠠᠭᠠᠤ ᠮᠠᠯᠵᠢᠬᠤ ᠤᠷᠤᠨ ᠳᠤ | ᠪᠠᠭᠤᠯᠭᠠᠭᠰᠠᠨ ᠡᠯ᠎ᠠ ᠲᠠᠯ᠎ᠠ ᠶᠢᠨ ᠲᠦᠷᠦᠯ ᠵᠦᠢᠯ ᠵᠢᠯ ᠪᠤᠯᠭᠠᠨ ᠰᠠᠶᠢᠵᠢᠷᠠᠭᠰᠠᠨ ᠢᠶᠠᠷ ᠮᠠᠯᠵᠢᠬᠤ ᠤᠷᠤᠨ ᠢ | ᠪᠠᠶᠢᠩᠭᠤ ᠶᠢᠨ ᠴᠠᠬᠢᠯᠭᠠᠨ᠂ ᠨᠠᠷᠠ ᠰᠠᠯᠬᠢᠨ ᠤ ᠬᠤᠤᠰ ᠭᠡᠷᠡᠭᠴᠡᠭᠡᠳᠤ ᠴᠠᠬᠢᠯᠭᠠᠨ ᠭᠠᠷᠭᠠᠬᠤ ᠲᠦᠭᠦᠭᠡᠷᠤᠮᠵᠢ᠂ | ᠤᠳᠠᠰᠤ ᠦᠭᠡᠢ ᠰᠦᠯᠵᠢᠶ᠎ᠠ᠂ ᠵᠠᠰᠠᠮᠠᠯ ᠵᠠᠮ ᠁ ᠭᠡᠳ ᠨᠡᠶᠢᠳᠡᠮ ᠪᠦᠷᠬᠦᠭᠰᠡᠨ ᠢᠶᠠᠷ ᠴᠠᠭᠠᠨ ᠰᠠᠷ᠎ᠠ ᠶᠢᠨ ᠡᠯ᠎ᠠ | ᠵᠦᠢᠯ ᠤᠨ ᠫᠷᠦᠭᠷᠡᠮ ᠢ ᠦᠵᠡᠬᠦ ᠭᠡᠮᠡᠨ︽ᠴᠠᠬᠢᠯᠭᠠᠨ ᠤ ᠪᠡᠯᠡᠳᠭᠡᠯ︾ ᠳᠤ ᠵᠤᠪᠠᠭ᠋ᠤ ᠶᠠᠪᠤᠳᠠᠯ ᠦᠭᠡᠢ ᠪᠤᠯᠵᠠᠢ᠃ | ᠰᠢᠨ᠎ᠠ ᠶᠢᠨ ᠪᠡᠯᠡᠳᠭᠡᠯ ᠭᠡᠳᠡᠭ ᠦᠨᠡᠨᠬᠦ ᠰᠢᠨ᠎ᠠ ᠵᠢᠯ ᠢᠶᠠᠨ ᠰᠠᠶᠢᠨ ᠰᠠᠶᠢᠬᠠᠨ ᠤᠭᠳᠤᠬᠤ ᠪᠡᠯᠭᠡ ᠲᠠᠢ ᠰᠠᠶᠢᠨ | ᠠᠵᠢᠯ ᠪᠤᠶᠤ᠃ ᠲᠠᠷᠠᠴᠢᠯᠡᠨ ᠵᠢᠷ ᠤᠨ ᠪᠦᠭᠡᠳ ᠤᠯᠠᠮᠵᠢᠯᠠᠯ ᠪᠤᠯᠤᠨ ᠲᠤᠭᠳᠠᠨᠢᠭᠰᠠᠨ ᠰᠢᠨ᠎ᠠ ᠶᠢᠨ ᠪᠡᠯᠡᠳᠭᠡᠯ ᠠᠵᠢᠯ | ᠪᠢᠳᠡᠨ ᠳᠤ ᠠᠷᠠᠳ ᠤᠨ ᠠᠮᠢᠳᠤᠷᠠᠯ ᠤᠨ ᠴᠢᠨᠡᠭᠡᠯᠢᠭᠵᠢᠯ᠂ ᠮᠠᠯᠴᠢᠨ ᠠᠷᠠᠳ ᠤᠨ ᠤᠶᠤᠨ ᠰᠠᠨᠠᠭᠠᠨ ᠤ ᠬᠦᠭᠵᠢᠯ | ᠲᠠᠪᠰᠢᠯ᠂ ᠡᠷᠡᠬᠦᠯ ᠮᠠᠨᠳᠤ ᠶᠢᠨ ᠠᠩᠬᠠᠷᠤᠮᠵᠢ᠂ ᠡᠩᠭᠡ ᠲᠤᠩᠬ᠎ᠠ ᠠᠮᠢᠳᠤᠷᠠᠯ᠂ ᠴᠢᠨᠠᠷ ᠰᠠᠶᠢᠳᠠᠢ ᠬᠦᠭᠵᠢᠯᠳᠡ ᠶᠢᠨ | ᠬᠦᠰᠡᠯ ᠬᠦᠭᠡᠭᠡᠴᠡᠯᠳᠤᠯ ᠢ ᠡᠷᠬᠡ ᠦᠭᠡᠢ ᠮᠡᠳᠡᠷᠡᠬᠦᠯᠦᠨᠠ᠃ | |