— ᠪᠠᠭ᠎ᠠ ᠠᠴᠠ ᠪᠠᠨ ᠪᠦᠬᠡ ᠳᠤ ᠲᠤᠷᠠᠲᠠᠢ᠃ ᠮᠠᠨᠤᠰ ᠤᠨ ᠲᠡᠷᠡ ᠦᠶ᠎ᠡ ᠳᠤ ᠴᠢᠨᠢ ᠠᠳᠤᠭᠤ ᠮᠠᠯ ᠲᠠᠢ | ᠨᠤᠴᠤᠯᠳᠤᠨ᠎ᠠ᠃ ᠪᠦᠭᠦᠲᠡᠭᠡᠷ ᠢᠶᠠᠨ ᠠᠭᠤᠯᠵᠠᠪᠠᠯ ᠨᠣᠴᠣᠯᠳᠣᠵᠣ ᠪᠠᠷᠢᠯᠳᠤᠨ᠎ᠠ᠃ ᠲᠡᠭᠡᠵᠦ ᠯᠠ ᠪᠠᠶᠢᠵᠦ | ᠰᠤᠷᠢᠯᠭ᠎ᠠ ᠬᠦᠷᠲᠡᠭᠰᠡᠨ ᠶᠤᠮ ᠡ᠃ ᠮᠠᠨ ᠤ ᠬᠢ ᠪᠣᠯ ᠰᠢᠯᠢ ᠶᠢᠨ ᠨᠢᠷᠤᠭᠤ ᠶᠢᠨ ᠵᠢᠩᠬᠢᠨᠢ ᠨᠤᠲᠤᠭ ᠤᠨ ᠬᠦᠮᠦᠨ᠃ | ᠮᠠᠨᠤᠰ ᠤᠨ ᠦᠶ᠎ᠡ ᠳᠤ ᠴᠢᠨᠢ ᠨᠠᠶᠢᠷ ᠨᠠᠭᠠᠳᠤᠮ ᠳᠤ ᠣᠯᠠᠨ ᠣᠴᠢᠬᠤ ᠵᠠᠪᠰᠢᠶᠠᠨ ᠪᠠᠶᠢᠬᠤ ᠦᠭᠡᠢ᠃ ᠨᠠᠶᠢᠷ | ᠨᠠᠭᠠᠳᠤᠮ ᠴᠦ ᠪᠠᠷᠤᠭ ᠪᠠᠶᠢᠬᠤ ᠦᠭᠡᠢ᠂ ᠪᠠᠶᠢᠭᠰᠠᠨ ᠴᠦ ᠤᠨᠤᠭ᠎ᠠ ᠣᠯᠳᠠᠬᠤ ᠦᠭᠡᠢ᠃ ᠲᠡᠶᠢᠮᠦ ᠯᠠ ᠴᠠᠭ ᠦᠶ᠎ᠡ | ᠪᠠᠶᠢᠭᠰᠠᠨ ᠳ᠋ᠠ᠃ | ᠢᠩᠬᠢᠵᠦ ᠬᠠᠭᠤᠴᠢᠯᠠᠵᠤ ᠪᠠᠶᠢᠭ᠎ᠠ ᠠᠬᠠᠮᠠᠳ ᠪᠦᠬᠡ ᠪᠣᠯ ᠪᠠᠷᠠᠭᠤᠨ ᠰᠦᠨᠢᠳ ᠬᠤᠰᠢᠭᠤᠨ ᠤ ᠣᠣᠭᠠᠯ᠂ | ᠮᠠᠯᠴᠢᠨ ᠪᠠᠲᠤᠸ᠋ᠴᠢᠷ ᠤᠨ ᠮᠠᠩᠯᠠᠶᠢᠪᠠᠭᠠᠲᠤᠷ ᠨᠠᠰᠤᠲᠠᠨ ᠪᠢᠯᠡ᠃ ᠨᠤᠳᠤᠭ ᠤᠰᠤᠨ ᠤ ᠬᠢᠨᠢ ᠶᠡᠭᠡ ᠪᠠᠭ᠎ᠠ᠂ ᠬᠤᠯᠠ | ᠤᠶᠢᠷ᠎ᠠ ᠦᠭᠡᠢ ᠲᠡᠭᠦᠨ ᠢ ᠮᠠᠨᠢᠶ᠎ᠠ ᠭᠡᠵᠦ ᠬᠦᠨᠲᠦᠯᠡᠨ ᠲᠠᠭᠤᠳᠠᠳᠠᠭ ᠠᠵᠢ᠃ ᠮᠠᠨᠢᠶ᠎ᠠ 1958 ᠣᠨ ᠳᠤ ᠰᠦᠨᠢᠳ | ᠪᠠᠷᠠᠭᠤᠨ ᠬᠤᠰᠢᠭᠤᠨ ᠤ ᠰᠢᠯᠢ ᠶᠢᠨ ᠨᠢᠷᠤᠭᠤ ᠰᠣᠮᠣᠨ ︵ᠣᠳᠣ ᠶᠢᠨ ᠥᠷᠭᠡᠨᠲᠠᠯ᠎ᠠ ᠰᠤᠮᠤ︶ ᠳᠤ ᠠᠪᠤ ᠪᠠᠲᠤᠸ᠋ᠴᠢᠷ | ᠡᠵᠢ ᠦᠯᠵᠡᠢ ᠶᠢᠨ ᠬᠤᠶᠠᠳᠤᠭᠠᠷ ᠬᠦᠪᠡᠭᠦᠨ ᠪᠣᠯᠵᠤ ᠵᠠᠶᠠᠭᠠᠵᠠᠢ᠃ ᠬᠠᠷᠠᠬᠠᠨ ᠪᠠᠭ᠎ᠠ ᠠᠴᠠ ᠮᠠᠯᠴᠢᠨ ᠠᠷᠠᠳ ᠤᠨ | ᠦᠷᠡᠰ ᠤᠨ ᠵᠠᠶᠠᠭ᠎ᠠ ᠪᠠᠷ ᠠᠳᠤᠭᠤ ᠮᠠᠯ ᠲᠠᠢ ᠨᠤᠴᠤᠯᠲᠤᠨ ᠠᠨᠳᠠ ᠨᠠᠶᠢᠵᠠ ᠨᠤᠭᠤᠳ ᠲᠠᠢ ᠪᠠᠨ ᠪᠠᠷᠢᠯᠳᠤᠭᠰᠠᠭᠠᠷ᠂ | ᠪᠦᠬᠡ ᠶᠢᠨ ᠦᠨᠲᠦᠰᠦᠨ ᠤᠷ᠎ᠠ ᠮᠡᠭᠡ ᠶᠢ ᠰᠤᠷᠴᠤ ᠡᠵᠡᠮᠰᠢᠵᠡᠢ᠃ | ︽ᠡᠷ᠎ᠡ ᠥᠰᠴᠦ ᠢᠰᠡᠭᠡᠢ ᠰᠣᠨᠣᠨᠠ︾ ᠭᠡᠳᠡᠭᠴᠢᠯᠡᠨ᠂ ᠮᠠᠨᠢᠶ᠎ᠠ 19 ᠨᠠᠰᠤᠲᠠᠢ ᠳᠤ ᠪᠠᠨ ᠤᠭ ᠤᠨ | ᠰᠠᠶᠢᠬᠠᠨ᠋ᠥ᠌ᠯᠵᠡᠢ ᠰᠤᠮᠤ ᠶᠢᠨ ᠪᠠᠶᠠᠨ ᠬᠠᠷᠢᠶᠠᠲᠤ ᠭᠠᠴᠠᠭᠠᠨ ᠤ 256 ᠪᠦᠬᠡ ᠶᠢᠨ ᠨᠠᠭᠠᠳᠤᠮ ᠳᠤ ᠵᠣᠳᠤᠭᠯᠠᠨ᠂ | ᠣᠳᠣᠲᠠᠢ ᠪᠠᠷᠢᠯᠳᠤᠵᠤ᠂ ᠦᠵᠦᠭᠦᠷ ᠲᠡᠷᠢᠭᠦᠨ ᠳᠤ ᠬᠦᠪᠡᠭᠡᠲᠦ ᠰᠢᠷ᠎ᠠ ᠬᠤᠰᠢᠭᠤᠨ ᠤ ᠠᠯᠳᠠᠷᠲᠤ ᠪᠦᠬᠡ ᠷᠠᠰᠢ ᠳᠤ | ᠡᠪᠦᠳᠦᠭ ᠰᠢᠷᠥᠶᠢᠳᠠᠨ ᠳᠡᠳ᠋ᠯᠡᠵᠦ᠂ ᠰᠣᠳᠣᠨ ᠪᠠᠷᠢᠯᠳᠤᠭᠠᠨ ᠢᠶᠠᠷ ᠢᠶᠠᠨ ᠠᠷᠠᠳ ᠣᠯᠠᠨ ᠳᠤ ᠪᠠᠨ ᠲᠠᠨᠢᠭᠳᠠᠵᠠᠢ᠃ | — ᠲᠡᠷᠡ ᠨᠠᠭᠠᠳᠤᠮ ᠳᠤ᠂ ᠨᠠᠮ᠎ᠠ ᠶᠢ ᠲᠠᠩ ᠤᠨ ᠨᠤᠭᠤᠯᠤᠭᠠᠨ ᠳᠤ ᠬᠥᠪᠡᠭᠡᠲᠦ ᠰᠢᠷ᠎ᠠ ᠶᠢᠨ ᠴᠤᠤᠲᠤ | ᠪᠦᠬᠡ ᠮᠠᠷᠭᠤ ᠭᠤᠮᠪᠤᠵᠠᠪ ᠲᠠᠢ ᠲᠠᠭᠠᠷᠠᠭᠤᠯᠤᠭᠰᠠᠨ᠃ ᠲᠣᠮᠣ ᠪᠦᠬᠡ ᠳᠤ ᠬᠦᠨᠳᠦᠳᠭᠡᠯ ᠦᠵᠡᠭᠦᠯᠵᠦ᠂ ᠨᠠᠳᠠ ᠳᠤ | ᠪᠠᠩᠵᠠᠯ ᠲᠤᠤᠬᠤ ᠡᠮᠦᠰᠦᠭᠦᠯᠦᠭᠰᠡᠨ᠃ ᠪᠢ ᠠᠩᠬ᠎ᠠ ᠤᠳᠠᠭ᠎ᠠ ᠪᠠᠩᠵᠠᠯ ᠲᠤᠤᠬᠤ ᠡᠮᠦᠰᠴᠦ ᠪᠠᠶᠢᠭ᠎ᠠ ᠨᠢ ᠲᠡᠷᠡ᠃ | 3 ᠴᠠᠭ ᠭᠠᠷᠤᠢ ᠨᠣᠴᠤᠯᠳᠤᠭᠠᠳ ᠲᠠᠪᠠᠭᠰᠠᠨ᠃ ᠬᠠᠷᠢᠨ ᠤᠳᠠᠭᠠᠨ ᠪᠠᠷᠢᠯᠳᠤᠭᠰᠠᠨ ᠠᠴᠠ ᠪᠣᠯᠣᠭᠠᠳ ᠬᠤᠶᠠᠷ | ᠬᠥᠯ ᠤᠨ ᠬᠠᠩᠭᠢᠨ ᠰᠢᠯᠪᠢ ᠪᠠᠷ ᠬᠠᠪᠤᠳᠤᠭᠠᠳ ᠭᠤᠲᠤᠯ ᠢᠶᠠᠨ ᠲᠠᠶᠢᠯᠵᠦ ᠳᠡᠶᠢᠯᠬᠦ ᠦᠭᠡᠢ ᠪᠠᠶᠢᠭᠰᠠᠨ᠃ | ᠭᠤᠮᠪᠤᠵᠠᠪ ᠭᠤᠸᠠᠢ ᠴᠦ ᠪᠢᠲᠡᠭᠦᠦ ᠵᠣᠳᠤᠭ ᠲᠠᠢ ᠪᠠᠶᠢᠭᠰᠠᠨ ᠪᠣᠯᠬᠤᠷ ᠲᠡᠶᠢᠮᠦ ᠲᠤᠮᠤ ᠲᠠᠷᠭᠤᠨ ᠪᠡᠶ᠎ᠡ ᠲᠠᠢ ᠪᠦᠬᠡ | ᠪᠠᠷᠤᠭ ᠯᠠ ᠵᠤᠳᠤᠭ ᠢᠶᠠᠨ ᠬᠠᠭᠵᠠᠯᠤᠭᠠᠳ ᠲᠠᠶᠢᠯᠤᠭᠰᠠᠨ ᠪᠠᠶᠢᠬ᠎ᠠ ᠳ᠋ᠡ᠃ ᠲᠡᠷᠡ ᠵᠢᠯ ᠤᠨ ᠢᠶᠠᠨ ᠨᠠᠮᠤᠷ᠂ ᠮᠠᠨ | ᠤ ᠬᠢᠨ ᠰᠦᠨᠢᠳ ᠵᠡᠭᠦᠨ ᠬᠤᠰᠢᠭᠤᠨ ᠤ ᠲᠠᠷᠬᠠᠨ ᠠᠭᠤᠯᠠ ᠰᠤᠮᠤ ᠤᠷᠤᠭᠤ ᠨᠡᠭᠦᠵᠦ ᠣᠴᠢᠭᠰᠠᠨ᠃ ᠠᠪᠤ ᠮᠢᠨᠢ | ᠳᠡᠨᠲᠡ ᠠᠵᠢᠯ ᠠᠯᠪᠠ ᠲᠠᠢ ᠪᠠᠶᠢᠭᠰᠠᠨ ᠶᠤᠮ᠃ ᠬᠤᠷᠰᠢᠶ᠎ᠠ ᠪᠠᠲᠤᠸ᠋ᠴᠢᠷ ᠭᠡᠪᠡᠯ ᠮᠢᠨᠦ ᠨᠠᠰᠤᠨ ᠤ ᠬᠢᠨ ᠮᠡᠳᠡᠬᠦ ᠦᠭᠡᠢ | ᠬᠦᠮᠦᠨ ᠠᠯᠠᠭ᠎ᠠ ᠪᠠᠶᠢᠬ᠎ᠠ᠃ ᠲᠡᠭᠡᠭᠡᠳ ᠲᠡᠷᠡ ᠵᠢᠯ ᠳᠤ ᠪᠠᠨ ᠰᠥᠨᠢᠳ ᠵᠡᠭᠦᠨ ᠬᠤᠰᠢᠭᠤᠨ ᠤ ᠬᠤᠩᠭᠤᠷ ᠰᠤᠮᠤᠨ ᠤ | 256 ᠪᠦᠬᠡ ᠶᠢᠨ ᠨᠠᠶᠢᠷ ᠲᠤ ᠳᠡᠭᠡᠲᠦ ᠨᠠᠢᠮᠠ ᠳᠤ ᠲᠡᠪᠢᠵᠦ ᠶᠠᠪᠤᠯ᠎ᠠ᠃ ᠮᠢᠨᠤ ᠭᠠᠯ ᠢᠳᠡ ᠪᠠᠷᠢᠯᠳᠤᠵᠤ ᠶᠠᠪᠤᠭᠰᠠᠨ | ᠲᠡᠦᠬᠡ ᠪᠣᠯ ᠵᠡᠭᠦᠨ ᠰᠦᠨᠢᠳ ᠲᠤ ᠪᠠᠶᠢᠭᠰᠠᠨ ᠶᠤᠮ ᠡ᠃ ᠵᠡᠭᠦᠨ ᠰᠦᠨᠢᠳ ᠤᠷᠤᠭᠤ ᠨᠡᠭᠦᠭᠰᠡᠨ ᠠᠴᠠ ᠬᠤᠶᠢᠰᠢ | ᠲᠥᠷᠥᠭᠰᠡᠨ ᠨᠤᠲᠤᠭ ᠲᠤ ᠪᠠᠨ ᠬᠤᠶᠠᠷ ᠤᠳᠠᠭ᠎ᠠ ᠯᠠ ᠬᠦᠷᠴᠦ ᠵᠣᠳᠣᠭᠯᠠᠭᠰᠠᠨ᠃ ᠨᠢᠭᠡ ᠤᠳᠠᠭ᠎ᠠ ᠨᠢ 1984 | ᠣᠨ ᠳᠤ ᠰᠢᠯᠢ ᠶᠢᠨ ᠨᠢᠷᠤᠭᠤ ᠰᠤᠮᠤ ᠶᠢᠨ ᠭᠦᠨᠪᠤᠯᠠᠭ ᠭᠠᠴᠠᠭᠠᠨ ᠤ 256 ᠪᠦᠬᠡ ᠳᠤ ᠵᠣᠳᠣᠭᠯᠠᠵᠤ᠂ | ᠨᠣᠲᠤᠭ ᠤᠨ ᠢᠶᠠᠨ ᠲᠡᠭᠷᠢ ᠳᠤ ᠢᠪᠡᠭᠡᠭᠳᠡᠵᠦ᠂ ᠨᠡᠷᠡᠲᠦ ᠪᠦᠬᠡ ᠭᠡᠷᠡᠯᠪᠢᠯᠢᠭ ᠢᠶᠠᠷ ᠨᠠᠢᠮᠠ ᠳᠠᠪᠠᠵᠤ | ᠲᠡᠷᠢᠭᠦᠯᠡᠭᠰᠡᠨᠪᠢᠯᠡ᠃ ᠨᠦᠭᠦᠭᠡ ᠨᠢᠭᠡ ᠤᠳᠠᠭ᠎ᠠ ᠨᠢ ᠵᠡᠭᠦᠨ ᠰᠦᠨᠢᠳ ᠤᠨ ᠡᠷᠳᠡᠨᠢᠸ᠋ᠴᠢᠷ ᠲᠠᠢ ᠪᠠᠨ ᠬᠦᠷᠴᠦ | ᠵᠣᠳᠣᠭᠯᠠᠭᠠᠳ᠂ ᠵᠡᠭᠦᠨ ᠰᠦᠨᠢᠳ ᠤᠨ ᠡᠮᠦᠨ᠎ᠡ ᠠᠴᠠ ᠪᠠᠷᠢᠯᠳᠤᠵᠤ᠂ ᠬᠤᠶᠠᠷ ᠤᠨ ᠳᠠᠪᠠᠭᠠᠨ ᠳᠤ ᠬᠦᠪᠡᠭᠡᠲᠦ | ᠰᠢᠷ᠎ᠠ ᠶᠢᠨ ᠬᠦᠴᠦᠲᠦ ᠪᠦᠬᠡ ᠵᠢᠩ ᠭᠠᠩ ᠢᠶᠠᠷ ᠲᠠᠪᠠᠭᠰᠠᠨ ᠳ᠋ᠡ᠃ ᠲᠡᠷᠡ ᠨᠠᠶᠢᠷ ᠢ ᠵᠢᠩ ᠭᠠᠩ ᠤᠨ ᠨᠠᠶᠢᠷ | ᠪᠣᠯᠬᠤ ᠶᠤᠮ ᠪᠠᠶᠢᠨ᠎ᠠ ᠭᠡᠳ ᠨᠠᠭᠠᠳᠤᠮᠴᠢᠳ ᠶᠠᠷᠢᠵᠠᠭᠠᠵᠤ ᠪᠠᠶᠢᠭᠰᠠᠨ ᠶᠤᠮ᠃ ᠵᠢᠩ ᠭᠠᠩ ᠪᠢᠲᠡᠭᠦᠦ | ᠵᠣᠳᠤᠭ ᠲᠠᠢ᠂ ᠲᠠᠭᠠᠷᠢᠭᠠᠳ ᠴᠣᠬᠢᠬᠤ ᠳᠤ ᠨᠢ ᠰᠣᠭᠤᠨ ᠲᠠᠲᠠᠭ᠎ᠠ ᠪᠠᠷ ᠬᠠᠶᠠᠭᠰᠠᠨ ᠶᠤᠮ᠂ ᠭᠤᠷᠪᠠ ᠶᠢᠨ | ᠳᠠᠪᠠᠭᠠᠨ ᠳᠤ ᠬᠠᠷᠢᠨ ᠡᠷᠳᠡᠨᠢᠸ᠋ᠴᠢᠷ ᠪᠢᠳᠡ ᠬᠤᠶᠠᠷ ᠢ ᠲᠤᠯᠭᠠᠴᠢᠬᠠᠯᠠ᠃ ᠵᠠᠯᠠᠭᠤ ᠽᠠᠨᠳᠠᠨ ᠴᠠᠭ ᠪᠠᠶᠢᠭᠰᠠᠨ ᠶᠤᠮ | ᠴᠢᠨᠢ ᠪᠢᠳᠡ ᠬᠤᠶᠠᠷ ᠤᠨ ᠬᠡᠨ ᠳᠠᠪᠠᠭᠰᠠᠨ ᠨᠢ ᠲᠡᠷᠢᠭᠦᠯᠡᠨ᠎ᠡ ᠭᠡᠵᠦ ᠪᠠᠷᠳᠠᠮ ᠪᠣᠳᠣᠵᠣ ᠪᠠᠶᠢᠭᠰᠠᠨ ᠳ᠋ᠠᠭ᠃ ᠲᠡᠭᠡᠭᠡᠳ | ᠡᠷᠳᠡᠨᠢᠸ᠋ᠴᠢᠷ ᠮᠢᠨᠢ ᠲᠠᠪᠠᠭᠰᠠᠨ᠃ ᠲᠡᠷᠡ ᠮᠠᠨᠢ ᠦᠵᠦᠭᠦᠷ ᠲᠡᠷᠢᠭᠦᠨ ᠳᠤ ᠪᠠᠷᠠᠭᠤᠨ ᠰᠦᠨᠢᠳ ᠤᠨ ᠨᠡᠷᠡᠲᠦ ᠪᠦᠬᠡ | ᠭᠤᠣᠵᠠᠢ ᠭᠡᠳᠡᠭ ᠬᠤᠴᠢ ᠲᠠᠢ ᠬᠤᠷᠴᠠ ᠳᠤ ᠡᠪᠦᠳᠦᠭ ᠰᠢᠷᠤᠶᠢᠳᠠᠵᠦ ᠳᠡᠳ᠋ᠯᠡᠭᠰᠡᠨ᠃ | ᠪᠢ ᠪᠠᠭ᠎ᠠ ᠠᠴᠠ ᠪᠠᠨ ᠲᠣᠮᠣᠴᠣᠳ ᠲᠠᠢ ᠨᠤᠴᠤᠯᠳᠤᠭᠰᠠᠭᠠᠷ ᠪᠠᠶᠢᠭᠠᠳ ᠬᠤᠶᠠᠷ ᠲᠠᠯ᠎ᠠ ᠲᠠᠢ ᠪᠣᠯᠣᠭᠰᠠᠨ᠃ | ᠡᠨᠡ ᠨᠢ ᠮᠢᠨᠥ ᠪᠠᠷᠢᠯᠳᠤᠭᠠᠨ ᠳᠤ ᠶᠡᠭᠡ ᠲᠤᠰᠠ ᠪᠣᠯᠣᠭᠰᠠᠨ ᠰᠢᠦ᠃ ᠮᠢᠨᠦ ᠤᠨᠠᠭᠠᠨ ᠮᠡᠭᠡ ᠪᠣᠯ ᠰᠣᠯᠣᠭᠠᠢ | ᠬᠦᠨᠲᠦᠷᠡᠭᠡ᠃ ᠥᠭᠡᠷ᠎ᠡ ᠭᠤᠣᠯ ᠮᠡᠭᠡ ᠭᠡᠪᠡᠯ ᠰᠤᠭᠤᠨ ᠲᠠᠲᠠᠭ᠎ᠠ᠂ ᠪᠠᠷᠠᠭᠤᠨ ᠲᠠᠯ᠎ᠠ ᠶᠢᠨ ᠭᠢᠰᠭᠢᠭᠡ ᠲᠠᠢ᠃ ᠲᠡᠷᠡ | ᠦᠶ᠎ᠡ ᠳᠤ ᠪᠢᠳᠡᠨ ᠳᠤ ᠲᠤᠰᠬᠠᠢ ᠪᠠᠭᠰᠢ ᠭᠡᠵᠦ ᠪᠠᠶᠢᠭᠰᠠᠨ ᠦᠭᠡᠢ᠃ ᠰᠢᠯᠢ ᠶᠢᠨ ᠨᠢᠷᠤᠭᠤᠨ ᠳᠤ ᠪᠠᠭ᠎ᠠ ᠠᠴᠠ ᠮᠢᠨᠢ | ᠮᠡᠭᠡ ᠵᠢᠭᠠᠭᠰᠠᠨ ᠬᠦᠮᠦᠨ ᠪᠣᠯ ᠰᠢᠷᠠᠪ ᠠᠬ᠎ᠠ᠃ ᠮᠢᠨᠦ ᠮᠠᠭᠤ ᠬᠦᠨᠲᠦᠷᠡᠭᠡ ᠪᠣᠯ ᠰᠢᠷᠠᠪ ᠠᠬ᠎ᠠ ᠠᠴᠠ ᠪᠠᠨ | ᠰᠤᠷᠤᠭᠰᠠᠨ ᠣᠩᠭᠤᠨ ᠮᠡᠭᠡ ᠰᠢᠦ ᠳ᠋ᠡ᠃ ᠵᠡᠭᠦᠨ ᠰᠦᠨᠢᠳ ᠤᠨ ᠲᠠᠷᠬᠠᠨ ᠠᠭᠤᠯᠠ ᠳᠤ ᠪᠣᠯ ᠬᠠᠭᠠᠰ ᠰᠠᠷ᠎ᠠ ᠶᠤᠮ | ᠦᠦ ᠨᠢᠭᠡ ᠰᠠᠷ᠎ᠠ ᠶᠢᠨ ᠰᠣᠷᠢᠭᠠᠨ ᠳᠤ ᠰᠠᠭᠤᠬᠤ ᠳᠤ ᠪᠠᠨ ᠰᠡᠴᠡᠨᠪᠢᠯᠢᠭ ᠪᠠᠭᠰᠢ ᠪᠠᠷ ᠵᠢᠭᠠᠯᠭᠠᠵᠤ ᠪᠠᠶᠢᠭᠰᠠᠨ᠃ | ᠨᠦᠭᠦᠭᠡ ᠰᠤᠭᠤᠨ ᠲᠠᠲᠠᠭ᠎ᠠ ᠴᠢᠨᠢ ᠰᠡ᠊᠂ ᠪᠠᠭᠰᠢ ᠶᠢᠨ ᠮᠡᠭᠡ᠃ ᠭᠠᠩᠲᠡᠮᠦᠷ ᠪᠠᠭᠰᠢ ᠠᠴᠠ ᠪᠠᠨ ᠪᠠᠷᠢᠴᠠ ᠰᠠᠶᠢᠨ | ᠰᠤᠷᠤᠭᠰᠠᠨ᠃ ᠪᠦᠬᠡ ᠴᠢᠨᠢ ᠪᠠᠷᠢᠴᠠ ᠨᠢ ᠭᠤᠣᠯ ᠪᠣᠯᠳᠠᠭ᠃ ᠮᠢᠨᠦ ᠠᠮᠠᠭᠠᠶᠢᠪᠴᠢᠯᠠᠵᠤ ᠪᠠᠷᠢᠳᠠᠭ ᠬᠤᠶᠠᠷ | ᠲᠠᠯ᠎ᠠ ᠶᠢᠨ ᠪᠠᠷᠢᠴᠠ ᠪᠣᠯ ᠰᠠᠶᠢᠨ᠃ | ᠮᠠᠨᠢᠶ᠎ᠠ ᠨᠠᠶᠢᠷ ᠨᠠᠭᠠᠳᠤᠮ ᠬᠤᠪᠤᠷ᠂ ᠲᠡᠷᠭᠡ ᠤᠨᠤᠭ᠎ᠠ ᠴᠦᠭᠡᠬᠡᠨ ᠪᠠᠶᠢᠭᠰᠠᠨ ᠨᠡᠶᠢᠭᠡᠮ ᠤᠨ ᠨᠦᠬᠦᠴᠡᠯ | ᠪᠠᠶᠢᠳᠠᠯ ᠳᠤᠤᠷ᠎ᠠ ᠠᠯᠢ ᠪᠣᠯᠬᠤ ᠪᠠᠷ ᠨᠠᠭᠠᠳᠤᠮ ᠳᠤ ᠵᠣᠳᠣᠭᠯᠠᠨ᠂ ᠬᠡᠶᠢᠮᠦᠷᠢ ᠲᠠᠢ ᠪᠠᠷᠢᠯᠳᠤᠵᠤ ᠶᠠᠪᠤᠵᠠᠢ᠃ 1982 | ᠣᠨ ᠳᠤ᠂ ᠠᠷᠪᠠᠨ ᠰᠢᠯᠢᠳᠡᠭ ᠵᠠᠯᠠᠭᠤ ᠪᠥᠬᠡ ᠳᠤ ᠬᠤᠰᠢᠭᠤ ᠵᠠᠰᠠᠭ ᠤᠨ ᠵᠠᠩᠭᠢᠶ᠎ᠠ ᠣᠯᠭᠤᠬᠤ ᠳᠤ᠂ ᠮᠠᠨᠢᠶ᠎ᠠ ᠵᠦᠢ | ᠶᠤᠰᠤᠭᠠᠷ ᠬᠡᠶᠢᠮᠥᠷᠢ ᠪᠣᠰᠤᠭ᠎ᠠ ᠲᠤᠷᠭᠠᠨ ᠵᠠᠩᠭᠢᠶ᠎ᠠ ᠲᠤᠰᠴᠠᠢ᠃ ᠠᠳᠡ ︽ᠵᠠᠰᠠᠭ ᠤᠨ ᠠᠷᠪᠠᠨ ᠵᠠᠩᠬᠢᠶᠠᠲᠦ︾ ᠬᠡᠮᠡᠨ | ᠠᠯᠳᠠᠷᠰᠢᠭᠰᠠᠨ ᠠᠷᠪᠠᠨ ᠪᠦᠬᠡᠴᠦᠳ ᠢ ᠮᠥᠩᠬᠡᠯᠡᠨ ᠲᠡᠮᠳᠡᠭᠯᠡᠪᠡᠯ᠂ ᠮᠤᠤ᠋᠂ ᠪᠠᠭᠠᠳᠤᠷ ︵ᠪᠠᠶᠠᠠ᠋ᠭᠤᠯᠠ︶᠂ ᠠ᠊᠂ | ᠪᠠᠭᠠᠲᠤᠷ ︵ᠪᠠᠶᠠᠠ᠋ᠭᠤᠯᠠ︶᠂ ᠭᠠᠩᠪᠣᠯᠣᠳ ︵ᠪᠠᠶᠠᠠ᠋ᠭᠤᠯᠠ︶᠂ ᠯᠾᠮᠤᠰᠦ᠋ᠷᠦᠩ ︵ᠨᠠᠷᠠᠨᠪᠤᠯᠠᠭ︶᠂ ᠦᠷᠨᠢᠯᠲᠦ ︵ | ᠨᠠᠷᠠᠨᠪᠤᠯᠠᠭ︶᠂ ᠰᠡᠴᠡᠨ ︵ᠪᠠᠶᠢᠷᠢᠬᠠᠭᠤᠯᠠ︶᠂ ᠬᠤᠷᠴᠠ ︵ᠴᠠᠭᠠᠨ ᠨᠠᠭᠤᠷ︶᠂ ᠭᠠᠩᠲᠡᠮᠦᠷ ︵ᠬᠤᠰᠢᠭᠤ᠂ | ᠪᠠᠷᠠᠭᠤᠨ ᠦᠵᠦᠮᠦᠴᠢᠨ ᠤ ᠤᠤᠭᠠᠯ︶᠂ ᠬᠠᠰᠧᠴᠢᠷ ︵ᠳᠠᠯᠠᠢ ᠰᠤᠮᠤ︶᠂ ᠮᠠᠩᠯᠠᠶᠢᠪᠠᠭᠠᠲᠤᠷ ︵ᠲᠠᠷᠬᠠᠨ ᠠᠭᠤᠯᠠ᠂ | ᠪᠠᠷᠠᠭᠤᠨ ᠰᠦᠨᠢᠳ ᠤᠨ ᠤᠤᠭᠠᠯ︶ ᠨᠠᠷ ᠪᠣᠯᠣᠨ᠎ᠠ᠃ ᠲᠡᠷᠡ ᠵᠢᠯ ᠳᠤ ᠪᠠᠨ ︽ᠵᠠᠰᠠᠭ ᠤᠨ ᠠᠷᠪᠠᠨ ᠵᠠᠩᠭᠢᠶᠠᠲᠤ︾ | ᠵᠡᠷᠭᠡ ᠵᠡᠭᠦᠨ ᠰᠦᠨᠢᠳ ᠤᠨ ᠬᠦᠴᠦᠲᠡᠨ ᠨᠦᠭᠦᠳ ᠰᠢᠯᠢ ᠶᠢᠨ ᠭᠤᠣᠯ ᠠᠶᠢᠮᠠᠭ ᠤᠨ ᠮᠢᠩᠭᠠᠨ ᠪᠦᠬᠡ ᠶᠢᠨ ᠶᠡᠭᠡ | ᠨᠠᠭᠠᠳᠤᠮ ᠳᠤ ᠣᠷᠣᠯᠴᠠᠬᠤ ᠶᠢᠨ ᠲᠦᠯᠦᠭᠡ ᠰᠠᠷ᠎ᠠ ᠭᠠᠷᠤᠶ ᠰᠣᠷᠢᠯᠭ᠎ᠠ ᠬᠢᠵᠡᠢ᠃ ᠤᠭ ᠨᠠᠭᠠᠳᠤᠮ ᠳᠤ ᠮᠠᠨᠢᠶ᠎ᠠ | ᠲᠥᠷᠪᠡ ᠲᠠᠪᠠᠵᠤ᠂ 128 ᠳᠤ ᠲᠡᠪᠢᠵᠡᠢ᠃ | —1983 ᠣᠨ ᠤ ᠦᠶ᠎ᠡ ᠪᠠᠷ ᠪᠠᠷᠠᠭᠤᠨ ᠰᠦᠨᠢᠳ ᠲᠤ ᠪᠠᠨ ᠪᠤᠴᠠᠠ ᠢᠷᠡᠵᠦ ᠨᠣᠲᠤᠭᠰᠢᠭᠰᠠᠨ᠃ | ᠲᠡᠭᠡᠭᠡᠳ ᠭᠡᠷ ᠪᠦᠯᠢ ᠲᠠᠢ ᠪᠣᠯᠣᠭᠠᠳ᠂ ᠭᠤᠯᠣᠮᠲᠠ ᠲᠤᠯᠬᠤ ᠦᠷ᠎ᠡ ᠲᠠᠢ ᠪᠣᠯᠣᠭᠰᠠᠨ᠃ ᠲᠡᠭᠡᠭᠡᠳ 90 ᠣᠨ ᠤ | ᠦᠶ᠎ᠡ ᠠᠴᠠ ᠪᠠᠷᠤᠭ ᠯᠠ ᠵᠣᠳᠣᠭᠯᠠᠬᠤ ᠪᠠᠨ ᠪᠣᠯᠢᠭᠰᠠᠨ᠃ ᠶᠠᠭ ᠨᠠᠭᠠᠲᠤᠮ ᠤᠯᠠᠰᠢᠷᠠᠭᠠᠳ ᠣᠨᠤᠭ᠎ᠠ ᠬᠥᠰᠭᠡ ᠲᠠᠢ | ᠪᠣᠯᠣᠭᠠᠳ ᠢᠷᠡᠬᠦ ᠦᠶ᠎ᠡ ᠪᠠᠷ ᠶᠠᠷᠤᠨᠢ ᠪᠦᠬᠡ ᠶᠢᠨ ᠢᠳᠡ ᠬᠠᠷᠢᠬᠤ ᠴᠠᠭ ᠴᠦ ᠪᠣᠯᠵᠠᠢ᠃ | ᠪᠦᠬᠡ ᠶᠢᠨ ᠰᠣᠶᠣᠯ ᠳᠤ ᠪᠦᠬᠡᠴᠦᠳ ᠢ ᠨᠣᠳᠤᠭ ᠤᠨ ᠠᠮᠢᠨ ᠰᠦᠯᠲᠡ ᠭᠡᠵᠦ ᠦᠵᠡᠳᠡᠭ ᠪᠦᠭᠡᠳ ᠢᠯᠠᠩᠭᠤᠶ᠎ᠠ | ᠵᠠᠩᠭᠢᠶᠠᠲᠦ ᠪᠦᠬᠡ ᠳᠤ ᠵᠠᠩᠭᠢᠶ᠎ᠠ ᠨᠢ ᠠᠮᠢᠨ ᠰᠦᠯᠳᠡ ᠶᠢᠨ ᠪᠡᠯᠭᠡᠳᠡᠯ ᠪᠣᠯᠳᠠᠭ᠃ ᠵᠠᠩᠭᠢᠶᠠᠲᠠᠢ ᠰᠣᠳᠣᠨ ᠪᠦᠬᠡᠴᠦᠳ | ᠨᠢ ᠨᠠᠰᠤ ᠠᠬᠢᠵᠦ ᠬᠦᠴᠦ ᠬᠠᠷᠢᠪᠠᠯ ᠨᠣᠳᠤᠭ ᠤᠨ ᠠᠮᠢᠨ ᠰᠦᠯᠳᠡ ᠪᠠᠭᠤᠷᠠᠵᠤ ᠪᠠᠶᠢᠨ᠎ᠡ ᠭᠡᠵᠦ ᠦᠵᠡᠳᠡᠭ ᠪᠣᠯᠬᠤᠷ᠂ | ᠨᠤᠳᠤᠭ ᠤᠨ ᠠᠮᠢᠨ ᠰᠦᠯᠳᠡ ᠪᠠᠨ ᠠᠮᠢᠯᠠᠨ ᠰᠡᠷᠭᠦᠭᠡᠬᠦ ᠱᠠᠭᠠᠷᠳᠠᠯᠭ᠎ᠠ ᠲᠠᠢ ᠪᠠᠶᠢᠳᠠᠭ᠃ ᠲᠡᠶᠢᠮᠦ ᠪᠣᠯᠬᠤᠷ᠂ ᠢᠳᠡ | ᠬᠦᠴᠦ ᠮᠠᠨᠳᠤᠵᠤ ᠡᠬᠢᠯᠡᠭᠰᠡᠨ ᠵᠠᠯᠠᠭᠤ ᠰᠣᠳᠣᠨ ᠪᠦᠬᠡ ᠳᠤ ᠵᠠᠩᠭᠢᠶ᠎ᠠ ᠪᠠᠨ ᠤᠯᠠᠮᠵᠢᠯᠠᠳᠠᠭ ᠨᠢ ᠤᠴᠢᠷ ᠲᠠᠢ᠃ | ᠢᠲᠡᠭᠡᠯ ᠬᠦᠯᠢᠶᠡᠵᠦ ᠵᠠᠩᠭᠢᠶ᠎ᠠ ᠲᠤᠰᠤᠭᠰᠠᠨ ᠵᠠᠯᠠᠭᠤ ᠪᠦᠬᠡ ᠴᠦ ᠳᠡᠷᠡ ᠬᠦ ᠤᠴᠢᠷ ᠲᠠᠢ ᠲᠤᠷᠭᠠᠨ ᠵᠠᠩᠭᠢᠶ᠎ᠠ ᠶᠢ | ᠥᠪᠡᠷ ᠤᠨ ᠦᠶ᠎ᠡ ᠳᠡᠭᠡᠷ᠎ᠡ ᠵᠣᠭᠰᠤᠭᠠᠬᠤ ᠦᠭᠡᠢ᠂ ᠴᠠᠭᠠᠰᠢᠳᠠ ᠤᠯᠠᠮᠵᠢᠯᠠᠬᠤ ᠶᠢ ᠬᠢᠴᠢᠶᠡᠨ ᠪᠠᠷᠢᠯᠳᠤᠵᠤ ᠶᠠᠪᠤᠳᠠᠭ | ᠨᠢ ᠵᠠᠩᠭᠢᠶᠠᠲᠤ ᠪᠦᠬᠡ ᠶᠢᠨ ᠰᠣᠶᠣᠯ ᠤᠨ ᠴᠥᠮ᠎ᠡ ᠬᠡᠰᠡᠭ ᠪᠢᠯᠡ᠃ ᠥᠭᠡᠷ᠎ᠡ ᠪᠠᠷ ᠬᠡᠯᠡᠪᠡᠯ᠂ ᠵᠠᠩᠭᠢᠶ᠎ᠠ ᠪᠣᠯ ᠵᠦᠪᠬᠡᠨ | ᠪᠦᠬᠡᠴᠦᠳ ᠤᠨ ᠠᠮᠵᠢᠯᠲᠠ ᠶᠢᠨ ᠦᠵᠡᠭᠦᠯᠦᠯᠲᠡ ᠲᠡᠲᠦᠢ ᠪᠢᠰᠢ᠂ ᠨᠣᠲᠤᠭ ᠤᠨ ᠠᠮᠢᠨ ᠰᠦᠯᠲᠡ ᠪᠤᠶᠤ ᠪᠣᠰᠤᠭ᠎ᠠ | ᠬᠡᠶᠢᠮᠤᠷᠢ ᠶᠢ ᠪᠡᠯᠭᠡᠳᠡᠭᠰᠡᠨ ᠰᠣᠶᠣᠯ ᠤᠨ ᠭᠦᠨ ᠤᠳᠬ᠎ᠠ ᠲᠠᠢ ᠪᠠᠶᠢᠳᠠᠭ᠃ ᠬᠠᠷᠢᠨ ᠵᠠᠩᠭᠢᠶ᠎ᠠ ᠵᠡᠭᠦᠬᠦ ᠤᠯᠠᠮᠵᠢᠯᠠᠯ | ᠦᠭᠡᠢ ᠭᠠᠵᠠᠷ ᠤᠨ ᠪᠦᠬᠡᠴᠦᠳ ᠨᠢ ᠲᠠᠷᠬᠠᠯᠠᠭᠳᠠᠬᠤ ᠦᠶ᠎ᠠ ᠪᠠᠨ ᠵᠤᠳᠤᠭ ᠢᠶᠠᠨ ᠤᠯᠠᠮᠵᠢᠯᠠᠳᠠᠭ ᠵᠠᠩᠰᠢᠯ ᠪᠤᠢ᠃ | ᠵᠢᠱᠢᠶᠡᠯᠡᠪᠡᠯ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ ᠠᠷᠪᠠᠨ ᠵᠢᠯ ᠤᠨ | ᠣᠢ ᠶᠢᠨ ᠪᠠᠶᠠᠷ ᠢᠶᠠᠷ ᠲᠦᠷᠪᠡᠨ ᠪᠦᠬᠡ ᠶᠢ ᠲᠠᠷᠬᠠᠯᠠᠬᠤ ᠳᠤ᠂ ᠲᠡᠭᠦᠨ ᠤ ᠲᠣᠲᠣᠷ᠎ᠠ ᠠᠴᠠ ᠬᠦᠯᠥᠨ ᠪᠤᠶᠢᠷ ᠤᠨ | ᠭᠠᠶᠠ᠂ ᠰᠢᠯᠢ ᠶᠢᠨ ᠭᠤᠣᠯ ᠤᠨ ᠡᠷᠬᠢᠮᠪᠠᠲᠤ ᠳᠤ᠂ ᠵᠣᠣ ᠤᠳᠠ ᠶᠢᠨ ᠯᠤᠪᠰᠠᠩᠳᠠᠮᠪᠠ᠂ ᠬᠦᠯᠦᠨ ᠪᠤᠶᠢᠷ ᠤᠨ | ᠠᠳᠢᠶ᠎ᠠ ᠳᠤ ᠲᠤᠰ ᠲᠤᠰ ᠵᠤᠳᠤᠭ ᠢᠶᠠᠨ ᠤᠯᠠᠮᠵᠢᠯᠠᠨ ᠥᠭᠴᠡᠢ᠃ | — ᠬᠠᠷᠢᠨ ᠵᠡᠭᠦᠨ ᠰᠦᠨᠢᠳ ᠤᠨ ᠬᠤᠰᠢᠭᠤ ᠵᠠᠰᠠᠭ ᠤᠨ ᠵᠠᠩᠭᠢᠶ᠎ᠠ ᠶᠢ ᠣᠯᠭᠤᠬᠤ ᠠᠴᠠ ᠬᠤᠶᠠᠷ ᠵᠢᠯ ᠤᠨ | ᠡᠮᠦᠨ᠎ᠡ ᠪᠠᠶᠢᠬ᠎ᠠ᠂ ᠮᠢᠨᠦ ᠤᠤᠭᠠᠯ ᠨᠤᠳᠤᠭ ᠰᠢᠯᠢ ᠶᠢᠨ ᠨᠢᠷᠤᠭᠤ ᠰᠣᠮᠣᠨ ᠤ ᠨᠠᠭᠠᠳᠤᠮ ᠢᠶᠠᠷ ᠠᠩᠬ᠎ᠠ ᠨᠠᠮ᠎ᠠ ᠶᠢ | ᠲᠠᠷᠬᠠᠯᠠᠭᠰᠠᠨ ᠶᠤᠮ᠃ ᠲᠡᠷᠡ ᠦᠶ᠎ᠡ ᠳᠤ ᠪᠢ ᠨᠤᠳᠤᠭ ᠤᠨ ᠬᠢ ᠪᠠᠨ ᠰᠠᠶᠢᠨ ᠪᠠᠷᠢᠯᠳᠤᠳᠠᠭ ᠰᠦᠬᠡ ᠶᠢᠨ | ᠣᠶᠣᠨᠪᠤᠯᠠᠭ ᠲᠤ ᠶᠡᠭᠦᠯᠡᠵᠦ ᠥᠭᠭᠦᠰᠡᠨ ᠶᠤᠮ᠃ ᠳᠡᠭᠡᠭᠡᠳ ᠳᠠᠷᠠᠭ᠎ᠠ ᠨᠢ ᠵᠡᠭᠦᠨ ᠰᠥᠨᠢᠳ ᠤᠨ ᠬᠤᠰᠢᠭᠤ ᠵᠠᠰᠠᠭ | ᠠᠴᠠ ᠲᠠᠯᠠᠨ ᠵᠢᠯ ᠤᠨ ᠣᠢ ᠪᠠᠷ ᠢᠶᠠᠨ ᠲᠠᠷᠬᠠᠯᠠᠨᠠ ᠭᠡᠰᠡᠨ ᠪᠣᠯᠬᠤᠷ ᠲᠡᠷᠡ ᠰᠠᠶᠢᠬᠠᠨ ᠠᠭᠤᠳᠠᠮ ᠪᠠᠭᠳᠠᠭᠠᠮᠵᠢ ᠳᠤ | ᠨᠢ ᠲᠠᠯᠠᠷᠬᠠᠨ ᠬᠦᠯᠢᠶᠡᠵᠦ ᠠᠪᠤᠭᠰᠠᠨ ᠶᠤᠮ᠃ | ᠵᠡᠭᠦᠨ ᠪᠠᠷᠠᠭᠤᠨ ᠢᠬᠢᠷ᠎ᠡ ᠬᠤᠶᠠᠷ ᠰᠥᠨᠢᠳ ᠲᠤ ᠪᠠᠨ ᠲᠠᠪᠬᠤᠷ ᠲᠠᠷᠬᠠᠯᠠᠭᠳᠠᠭᠰᠠᠨ ᠲᠠᠷᠬᠠᠨ ᠪᠦᠬᠡ ᠮᠠᠨᠢᠶ᠎ᠠ | ᠭᠤᠸᠠᠢ ᠵᠠᠰᠠᠭ ᠲᠥᠷᠥ ᠶᠢᠨ ᠢᠶᠠᠨ ᠬᠠᠯᠠᠮᠵᠢᠯᠠᠯ ᠢ ᠣᠳᠣ ᠴᠦ ᠲᠠᠯᠠᠷᠬᠠᠨ ᠶᠠᠷᠢᠬᠤ ᠲᠤᠷᠠᠲᠠᠢ᠃ ᠠᠷᠠᠳ ᠲᠦᠮᠡᠨ ᠢᠶᠠᠨ | ᠪᠠᠶᠠᠷᠯᠠᠭᠤᠯᠤᠭᠰᠠᠨ ᠠᠯᠳᠠᠷᠲᠤ ᠪᠦᠬᠡ ᠪᠠᠨ ᠵᠠᠰᠠᠭ ᠨᠢ ᠴᠦ ᠦᠨᠡᠯᠡᠵᠦ ᠪᠠᠶᠢᠭ᠎ᠠ ᠨᠢ ᠮᠣᠩᠭᠤᠯ ᠪᠦᠬᠡ ᠶᠢᠨ ᠪᠠᠰᠨ | ᠨᠢᠭᠡᠨ ᠰᠠᠶᠢᠬᠠᠨ ᠶᠤᠰᠤ ᠪᠢᠯᠡ᠃ ᠪᠦᠬᠡ ᠶᠢᠨ ᠲᠡᠦᠬᠡ ᠰᠣᠶᠣᠯ ᠳᠤ᠂ ᠨᠣᠳᠤᠭ ᠰᠤᠨᠳᠠᠯᠠᠨ ᠪᠠᠷᠢᠯᠳᠤᠭᠰᠠᠨ ᠴᠣᠣᠲᠣ | ᠪᠦᠬᠡ ᠪᠠᠨ ᠲᠠᠪᠬᠤᠷ ᠲᠠᠷᠬᠠᠯᠠᠳᠠᠭ ᠵᠠᠩᠰᠢᠯ ᠪᠠᠶᠢᠳᠠᠭ ᠢ ᠬᠡᠯᠡᠬᠦ ᠳᠤ ᠢᠯᠡᠭᠦᠳᠡᠬᠦ ᠦᠭᠡᠢ᠃ | ᠮᠠᠨᠢᠶ᠎ᠠ ᠶᠢᠨ ᠬᠠᠭᠤᠴᠢ ᠵᠣᠭᠤᠭ ᠠᠴᠠ ᠦᠨᠦᠲᠦᠷ ᠤᠨ ᠮᠠᠨ ᠤ ᠵᠠᠯᠠᠭᠤᠴᠤᠳ ᠤᠨ ᠰᠤᠷᠬᠤ ᠵᠦᠢᠯ ᠣᠯᠠᠨ | ᠪᠠᠶᠢᠬᠤ ᠰᠢᠭ᠋ ᠰᠠᠨᠠᠭᠳᠠᠵᠤ ᠪᠠᠶᠢᠨ᠎ᠠ᠃ ᠨᠣᠳᠤᠭ ᠤᠰᠤ ᠪᠠᠨ ᠬᠠᠶᠢᠷᠠᠯᠠᠵᠤ᠂ ᠤᠴᠠᠷᠠᠭ᠎ᠠ ᠪᠦᠬᠡ ᠪᠠᠨ ᠬᠦᠨᠳᠦᠳᠭᠡᠨ᠂ | ᠪᠦᠬᠡ ᠶᠢᠨ ᠤᠯᠠᠮᠵᠢᠯᠠᠯ ᠢᠶᠠᠨ ᠳᠡᠭᠡᠲᠦᠯᠡᠵᠦ ᠶᠠᠪᠤᠬᠤ ᠪᠣᠯ ᠪᠦᠬᠡ ᠬᠦᠮᠦᠨ ᠤ ᠨᠠᠨᠳᠢᠨ ᠴᠢᠨᠠᠷ ᠮᠦᠨ ᠪᠢᠯᠡ᠃ | ᠮᠠᠨᠢᠶ᠎ᠠ ᠶᠢ ᠲᠠᠷᠬᠠᠯᠠᠬᠤ ᠳᠤ ᠠᠷᠠᠳ ᠲᠦᠮᠡᠨ ᠳᠤ ᠪᠠᠨ ᠲᠠᠭᠤᠳᠠᠵᠤ ᠰᠣᠨᠣᠰᠬᠠᠭᠰᠠᠨ ᠠᠮᠵᠢᠯᠲᠠ ᠶᠢ ᠠᠳᠡ | ᠲᠡᠷᠡ ᠬᠡᠪ ᠢᠶᠠᠷ ᠨᠢ ᠰᠡᠶᠢᠷᠡᠭᠦᠯᠦᠨ ᠪᠢᠴᠢᠰᠦᠭᠡᠢ᠃ | 1958 ᠣᠨ ᠳᠤ ᠰᠦᠨᠢᠳ ᠪᠠᠷᠠᠭᠤᠨ ᠬᠤᠰᠢᠭᠤᠨ ᠤ ᠰᠢᠯᠢ ᠶᠢᠨ ᠨᠢᠷᠤᠭᠤ ᠰᠤᠮᠤᠨ ᠤ ᠴᠠᠭᠠᠨ ᠲᠤᠯᠤᠭᠠᠢ | ᠬᠡᠮᠡᠬᠦ ᠭᠠᠵᠠᠷ ᠲᠥᠷᠥᠭᠰᠡᠨ᠃ | 1978 ᠣᠨ ᠳᠤ᠂ 19 ᠨᠠᠰᠤᠲᠠᠢ ᠳᠤ ᠪᠠᠨ ᠰᠦᠨᠢᠳ ᠪᠠᠷᠠᠭᠤᠨ ᠬᠤᠰᠢᠭᠤᠨ ᠤ ᠪᠠᠶᠠᠨ ᠬᠠᠷᠠᠭᠠᠳᠣ | ᠭᠠᠴᠠᠭᠠᠨ ᠤ 256 ᠪᠦᠬᠡ ᠶᠢᠨ ᠪᠠᠷᠢᠯᠳᠤᠭᠠᠨ ᠳᠤ ᠣᠯᠠᠨ ᠭᠠᠵᠠᠷ ᠤᠨ ᠰᠠᠶᠢᠨ ᠪᠦᠬᠡᠴᠦᠳ ᠢ ᠡᠪᠦᠳᠦᠭ | ᠰᠢᠷᠤᠶᠢᠳᠠᠭᠤᠯᠤᠨ᠂ ᠬᠦᠪᠡᠭᠡᠲᠦ ᠰᠢᠷ᠎ᠠ ᠶᠢᠨ ᠷᠠᠰᠢ ᠳᠤ ᠤᠨᠠᠵᠤ ᠳᠡᠳ᠋ᠯᠡᠪᠡ᠃ ᠲᠤᠰ ᠵᠢᠯ ᠳᠤ ᠪᠠᠨ ᠰᠥᠨᠢᠳ ᠵᠡᠭᠦᠨ | ᠬᠤᠰᠢᠭᠤᠨ ᠤ ᠬᠤᠩᠭᠤᠷ ᠰᠤᠮᠤᠨ ᠤ 256 ᠪᠦᠬᠡ ᠶᠢᠨ ᠨᠠᠶᠢᠷ ᠲᠤ ᠳᠡᠭᠡᠲᠦ ᠨᠠᠢᠮᠠ ᠳᠤ ᠲᠣᠲᠤᠷᠠᠵᠠᠢ᠃ | 1979 ᠣᠨ ᠳᠤ᠂ ᠵᠡᠭᠦᠨ ᠰᠦᠨᠢᠳ ᠬᠤᠰᠢᠭᠤᠨ ᠤ ᠲᠠᠷᠬᠠᠨ ᠠᠭᠤᠯᠠ ᠰᠣᠮᠣᠨ ᠤ ᠪᠠᠶᠠᠨᠳᠦ᠋ᠭᠦᠷᠢᠭ | ᠭᠠᠴᠠᠭᠠᠨ ᠤ 128 ᠪᠦᠬᠡ ᠶᠢᠨ ᠪᠠᠷᠢᠯᠳᠤᠭᠠᠨ ᠳᠤ ᠳᠣᠯᠤᠭ᠎ᠠ ᠲᠠᠪᠠᠨ ᠲᠡᠷᠢᠭᠦᠯᠡᠵᠦ᠂ ᠤᠶᠠᠭᠰᠠᠨ ᠬᠦᠯᠦᠭ ᠨᠢ ᠴᠦ | ᠮᠠᠩᠨᠠᠢ ᠳᠤ ᠪᠠᠨ ᠲᠣᠭᠤᠰᠤ ᠦᠭᠡᠢ ᠬᠤᠷᠲᠤᠯᠠᠨ ᠬᠤᠶᠠᠷ ᠲᠡᠷᠢᠭᠦᠨ ᠠᠪᠴᠣ ᠪᠠᠶᠢᠭᠰᠠᠨ ᠠᠯᠳᠠᠷ ᠲᠠᠢ᠃ ᠮᠦᠨ | ᠲᠤᠰ ᠵᠢᠯ ᠳᠤ ᠪᠠᠨ ᠰᠠᠶᠢᠬᠠᠨᠭᠤᠪᠢ ᠰᠣᠮᠣᠨ ᠤ ᠥᠷᠭᠡᠨᠬᠦ᠋ᠭᠵᠢᠯ ᠭᠠᠴᠠᠭᠠᠨ ᠤ 128 ᠪᠦᠬᠡ ᠶᠢᠨ ᠪᠠᠷᠢᠯᠳᠤᠭᠠᠨ | ᠳᠤ ᠳᠡᠳ᠋ᠯᠡᠪᠡ᠃ | 1979 ᠣᠨ ᠤ ᠰᠠᠶᠢᠬᠠᠨᠭᠤᠪᠢ ᠰᠤᠮᠤᠨ ᠤ ᠪᠤᠯᠠᠭ ᠭᠠᠴᠠᠭᠠᠨ ᠤ 128 ᠪᠦᠬᠡ ᠶᠢᠨ ᠪᠠᠷᠢᠯᠳᠤᠭᠠᠨ ᠳᠤ | ᠷᠢᠨᠴᠢᠨ ᠢ ᠡᠪᠦᠳᠦᠭ ᠰᠢᠷᠤᠶᠢᠳᠠᠭᠤᠯᠤᠨ᠂ ᠳᠣᠯᠤᠭ᠎ᠠ ᠲᠠᠪᠠᠵᠤ ᠲᠡᠷᠢᠭᠦᠯᠡᠪᠡ᠃ | 1981 ᠣᠨ ᠳᠤ ᠵᠡᠭᠦᠨ ᠰᠦᠨᠢᠳ ᠬᠤᠰᠢᠭᠤᠨ ᠤ ᠲᠠᠯᠠᠢ ᠰᠤᠮᠤᠨ ᠤ ᠰᠤᠷᠭᠠᠭᠤᠯᠢ ᠶᠢᠨ 256 ᠪᠦᠬᠡ ᠶᠢᠨ | ᠪᠠᠷᠢᠯᠳᠤᠭᠠᠨ ᠤ ᠨᠠᠢᠮᠠ ᠶᠢᠨ ᠳᠠᠪᠠᠭᠠᠨ ᠳᠤ ᠠᠯᠳᠠᠷᠲᠤ ᠪᠦᠬᠡ ᠪᠠᠲᠤᠴᠢᠯᠠᠭᠤᠨ ᠤ ᠭᠠᠩᠪᠣᠯᠣᠳ ᠲᠤ ᠡᠪᠦᠳᠦᠭ | ᠰᠢᠷᠤᠶᠢᠳᠠᠨ ᠲᠡᠳ᠋ᠯᠡᠪᠡ᠃ | ᠲᠤᠰ ᠵᠢᠯ ᠥᠷᠭᠡᠨᠬᠦ᠋ᠭᠵᠢᠯ ᠭᠠᠴᠠᠭᠠᠨ ᠤ 128 ᠪᠦᠬᠡ ᠶᠢᠨ ᠨᠠᠭᠠᠳᠤᠮ ᠤᠨ ᠦᠵᠦᠭᠦᠷ ᠲᠡᠷᠢᠭᠦᠨ ᠳᠤ | ᠲᠠᠷᠬᠠᠨ ᠠᠭᠤᠯᠠ ᠶᠢᠨ ᠭᠠᠵᠠᠪ ᠢ ᠡᠪᠦᠳᠦᠭ ᠰᠢᠷᠤᠶᠢᠲᠠᠭᠤᠯᠤᠨ ᠲᠡᠷᠢᠭᠦᠯᠡᠪᠡ᠃ | ᠮᠦᠨ ᠲᠤᠰ ᠵᠢᠯ ᠤᠨ ᠪᠠᠶᠠᠨ ᠠᠭᠤᠯᠠ ᠰᠣᠮᠣᠨ ᠤ 256 ᠪᠦᠬᠡ ᠶᠢᠨ ᠪᠠᠷᠢᠯᠳᠤᠭᠠᠨ ᠳᠤ ᠵᠢᠷᠭᠤᠭ᠎ᠠ ᠲᠠᠪᠠᠵᠤ᠂ | ᠳᠡᠭᠡᠲᠦ ᠭᠤᠷᠪᠠ ᠶᠢᠨ ᠪᠠᠶᠢᠷᠢ ᠳᠤ ᠦᠯᠡᠳᠡᠪᠡ ᠃ | 1982 ᠣᠨ ᠳᠤ ᠲᠠᠷᠬᠠᠨ ᠠᠭᠤᠯᠠ ᠰᠣᠮᠣᠨ ᠤ ᠪᠠᠶᠠᠨᠳᠦ᠋ᠭᠦᠷᠢᠭ ᠭᠠᠴᠠᠭᠠᠨ ᠳᠤ ᠪᠣᠯᠣᠭᠰᠠᠨ | ᠪᠦᠬᠡ ᠶᠢᠨ ᠰᠣᠷᠢᠯᠭ᠎ᠠ ᠶᠢᠨ ᠪᠠᠷᠢᠯᠳᠤᠭᠠᠨ ᠳᠤ ᠵᠢᠷᠭᠤᠭ᠎ᠠ ᠲᠠᠪᠠᠨ᠂ ᠪᠦᠬᠡ ᠶᠢᠨ ᠪᠠᠭᠰᠢ ᠰᠡᠴᠡᠨᠪᠢᠯᠢᠭ ᠲᠤ | ᠪᠠᠨ ᠤᠨᠠᠵᠤ ᠲᠡᠳ᠋ᠯᠡᠪᠡ᠃ | 1982 ᠣᠨ ᠳᠤ ᠲᠠᠷᠬᠠᠨ ᠠᠭᠤᠯᠠ ᠰᠣᠮᠣᠨ ᠤ ᠪᠠᠶᠠᠨᠳᠦ᠋ᠭᠦᠷᠢᠭ ᠭᠠᠴᠠᠭᠠᠨ ᠤ ᠠᠷᠠᠳ ᠤᠨ ᠶᠡᠭᠡ | ᠨᠠᠭᠠᠳᠤᠮ ᠤᠨ 256 ᠪᠦᠬᠡ ᠶᠢᠨ ᠪᠠᠷᠢᠯᠳᠤᠭᠠᠨ ᠳᠤ ᠨᠤᠳᠤᠭ ᠤᠨ ᠬᠢᠨᠢ ᠪᠦᠬᠡ ᠪᠤᠳ᠋ ᠲᠤ ᠨᠠᠶᠢᠷ ᠲᠠᠯᠪᠢᠨ | ᠲᠡᠳ᠋ᠯᠡᠪᠡ᠃ | 1984 ᠣᠨ ᠳᠤ᠂ ᠰᠦᠨᠢᠳ ᠪᠠᠷᠠᠭᠤᠨ ᠬᠤᠰᠢᠭᠤᠨ ᠤ ᠰᠢᠯᠢ ᠶᠢᠨ ᠨᠢᠷᠤᠭᠤ ᠰᠣᠮᠣᠨ ᠤ ᠭᠦᠨᠪᠤᠯᠠᠭ | ᠭᠠᠴᠠᠭᠠᠨ ᠤ 256 ᠪᠦᠬᠡ ᠶᠢᠨ ᠨᠠᠭᠠᠳᠤᠮ ᠳᠤ ᠬᠦᠴᠦᠲᠦ ᠪᠦᠬᠡᠴᠢᠨ ᠭᠡᠷᠡᠯᠪᠢᠯᠢᠭ ᠢ ᠡᠪᠦᠳᠦᠭ ᠰᠢᠷᠤᠶᠢᠲᠠᠭᠤᠯᠤᠨ | ᠲᠡᠷᠢᠭᠦᠯᠡᠪᠡ᠃ | 1985 ᠣᠨ ᠳᠤ᠂ ᠰᠦᠨᠢᠳ ᠵᠡᠭᠦᠨ ᠬᠤᠰᠢᠭᠤᠨ ᠤ ᠪᠠᠶᠠᠠ᠋ᠭᠤᠯᠠ ᠰᠣᠮᠣᠨ ᠤ ᠰᠤᠷᠭᠠᠭᠤᠯᠢ ᠶᠢᠨ | ᠨᠠᠭᠠᠳᠤᠮ ᠤᠨ 128 ᠪᠦᠬᠡ ᠶᠢᠨ ᠪᠠᠷᠢᠯᠳᠤᠭᠠᠨ ᠳᠤ ᠤᠯᠤᠰ ᠤᠨ ᠠᠪᠤᠷᠭᠤ ᠰᠦ᠊᠂ ᠰᠣᠶᠣᠯᠲᠤ ᠳᠤ ᠤᠨᠠᠵᠤ | ᠳᠡᠳ᠋ᠯᠡᠪᠡ᠃ | 1986 ᠣᠨ ᠳᠤ᠂ ᠪᠠᠶᠠᠨ᠋ᠠ᠋ᠭᠤᠯᠠ ᠰᠤᠮᠤᠨ ᠤ 128 ᠪᠦᠬᠡ ᠶᠢᠨ ᠪᠠᠷᠢᠯᠳᠤᠭᠠᠨ ᠳᠤ ᠠᠯᠲᠠᠷᠲᠤ ᠪᠦᠬᠡ | ᠭᠠᠩᠪᠣᠯᠣᠳ ᠲᠤ ᠡᠪᠦᠳᠦᠭ ᠰᠢᠷᠤᠶᠢᠳᠠᠨ ᠲᠡᠳ᠋ᠯᠡᠪᠡ᠃ | 1989 ᠣᠨ ᠤ ᠲᠠᠷᠬᠠᠨ ᠠᠭᠤᠯᠠ ᠰᠤᠮᠤᠨ ᠤ ᠤᠷᠭᠢᠯᠲᠤᠶᠠᠭᠠ ᠶᠢᠨ ᠰᠤᠶᠤᠯᠲᠤ ᠶᠢᠨ ᠬᠡᠦᠬᠡᠳ ᠤᠨ | ᠥᠷᠪᠦᠭᠡᠨ ᠤ ᠨᠠᠭᠠᠳᠤᠮ ᠤᠨ 128 ᠪᠦᠬᠡ ᠶᠢᠨ ᠪᠠᠷᠢᠯᠳᠤᠭᠠᠨ ᠤ ᠲᠣᠯᠤᠭ᠎ᠠ ᠶᠢᠨ ᠲᠠᠪᠠᠭᠠᠨ ᠳᠤ ᠠᠯᠲᠠᠷᠲᠤ ᠪᠦᠬᠡ | ᠨᠠᠮᠰᠠᠷᠠᠢ ᠪᠠᠷ ᠳᠠᠪᠠᠵᠣ ᠲᠠᠷᠢᠭᠦᠯᠡᠪᠡ᠃ | ᠡᠶᠢᠨ ᠬᠦ ᠪᠠᠲᠤᠸ᠋ᠴᠢᠷ ᠤᠨ ᠮᠠᠩᠯᠠᠶᠢᠪᠠᠭᠠᠲᠤᠷ ᠨᠢ 1024 ᠪᠦᠬᠡ ᠶᠢᠨ ᠪᠠᠷᠢᠯᠳᠤᠭᠠᠨ ᠳᠤ ᠨᠢᠭᠡ ᠤᠳᠠᠭ᠎ᠠ | ᠳᠥᠷᠪᠡ ᠳᠠᠪᠠᠵᠤ᠂ ᠨᠢᠭᠡ ᠤᠳᠠᠭ᠎ᠠ ᠭᠤᠷᠪᠠ ᠲᠠᠪᠠᠵᠤ᠂ 512 ᠪᠦᠬᠡ ᠶᠢᠨ ᠪᠠᠷᠢᠯᠳᠤᠭᠠᠨ ᠳᠤ ᠨᠢᠭᠡ ᠤᠳᠠᠭ᠎ᠠ | ᠲᠥᠷᠪᠡ ᠳᠠᠪᠠᠵᠤ᠂ ᠨᠢᠭᠡ ᠤᠳᠠᠭ᠎ᠠ ᠭᠤᠷᠪᠠ ᠳᠠᠪᠠᠵᠤ᠂ 256 ᠪᠦᠬᠡ ᠶᠢᠨ ᠪᠠᠷᠢᠯᠳᠤᠭᠠᠨ ᠳᠤ ᠨᠢᠭᠡ ᠲᠡᠷᠢᠭᠦᠯᠡᠨ | ᠭᠤᠷᠪᠠ ᠳᠡᠳ᠋ᠯᠡᠵᠦ᠂ ᠭᠤᠷᠪᠠ ᠤᠳᠠᠭ᠎ᠠ ᠵᠢᠷᠭᠤᠭ᠎ᠠ ᠳᠠᠪᠠᠨ ᠳᠡᠭᠡᠲᠦ ᠨᠠᠢᠮᠨ ᠳᠤ ᠲᠤᠲᠤᠷᠠᠵᠤ᠂ ᠶᠡᠭᠡ ᠪᠠᠭ᠎ᠠ | ᠨᠠᠭᠠᠳᠤᠮ ᠤᠳ ᠢᠶᠠᠷ ᠬᠤᠷᠢ ᠭᠠᠷᠤᠢ ᠣᠳᠠᠭ᠎ᠠ ᠲᠦᠷᠦᠬᠦᠦ ᠦᠵᠦᠭᠦᠷ ᠲᠤ ᠰᠢᠯᠭᠠᠷᠠᠵᠤ ᠶᠠᠪᠤᠭᠰᠠᠨ ᠰᠦᠨᠢᠳ | ᠨᠤᠳᠤᠭ ᠤᠨ ᠰᠢᠯᠢᠳᠡᠭ ᠬᠦᠴᠦᠲᠡᠨ ᠤ ᠨᠢᠭᠡᠨ︕ | ᠳᠡᠷᠡ ᠪᠠᠷ 1982 ᠣᠨ ᠤ ᠰᠦᠨᠢᠳ ᠵᠡᠭᠦᠨ ᠬᠤᠰᠢᠭᠤᠨ ᠤ ᠠᠩᠬᠠᠨ ᠤ ᠠᠷᠪᠠᠨ ᠵᠠᠩᠭᠢᠶᠠᠲᠤ ᠪᠦᠬᠡ ᠶᠢᠨ | ᠨᠢᠭᠡᠨ᠃ ᠮᠣᠩᠭᠤᠯ ᠪᠦᠬᠡ ᠶᠢᠨ ᠲᠤᠷᠭᠠᠨ ᠲᠡᠪᠵᠢᠶᠡᠨᠡ ᠳᠥᠴᠢ ᠭᠠᠷᠤᠢ ᠵᠢᠯ ᠲᠤᠭᠤᠰᠤ ᠪᠠᠨ ᠡᠷᠭᠦᠵᠦ᠂ | ᠠᠯᠳᠠᠷ ᠢᠶᠠᠨ ᠲᠠᠭᠤᠳᠠᠭᠤᠯᠵᠤ ᠶᠠᠪᠤᠭᠰᠠᠨ ᠪᠠᠲᠤᠸ᠋ᠴᠢᠷ ᠤᠨ ᠮᠠᠩᠯᠠᠶᠢᠪᠠᠭᠠᠲᠤᠷ᠂ ᠰᠦᠨᠢᠳ ᠨᠣᠲᠤᠭ ᠲᠤ ᠪᠦᠬᠡ ᠶᠢᠨ | ᠬᠡᠶᠢᠮᠦᠷᠢ ᠬᠤᠷᠤᠶᠢᠯᠠᠨ ᠬᠤᠰᠢᠭᠤ ᠵᠠᠰᠠᠭ ᠤᠨ ᠵᠠᠩᠭᠢᠶ᠎ᠠ ᠪᠠᠨ ᠰᠦᠨᠢᠳ ᠵᠡᠭᠦᠨ ᠬᠤᠰᠢᠭᠤᠨ ᠤ ᠲᠠᠯᠠᠨ ᠵᠢᠯ ᠤᠨ | ᠤᠢ ᠶᠢᠨ ᠨᠠᠭᠠᠳᠤᠮ ᠢᠶᠠᠷ ᠰᠢᠯᠢᠳᠡᠭ ᠵᠠᠯᠠᠭᠤ ᠪᠥᠬᠡᠴᠢᠨ ᠪᠤᠯᠠᠭ ᠤᠨ ᠪᠠᠳᠮᠠᠷᠠᠭᠴᠣᠭᠲᠤ ᠳᠤ ᠢᠲᠡᠭᠡᠯ ᠬᠦᠯᠢᠶᠡᠯᠭᠡᠨ | ᠤᠯᠠᠮᠵᠢᠯᠠᠪᠠ᠃ | | | | | | | | |