ᠬᠤᠶᠠᠷ ᠰᠦᠨᠢᠳ ᠢ ᠰᠤᠨᠳᠠᠯᠠᠨ ᠪᠠᠷᠢᠯᠳᠤᠭᠰᠠᠨ ᠲᠠᠷᠬᠠᠨ ᠪᠦᠬᠡ ᠪᠠᠲᠤᠸ᠋ᠴᠢᠷ ᠤᠨ ᠮᠠᠩᠯᠠᠶᠢᠪᠠᠭᠠᠲᠤᠷ ᠤᠨ ᠣᠴᠢᠷ ᠲᠠᠢ ᠰᠠᠶᠢᠬᠠᠨ ᠵᠠᠩᠭᠢᠶ᠎ᠠ
ᠨᠡᠶᠢᠲᠡᠯᠡᠭᠰᠡᠨ ᠴᠠᠭ᠄
2021/2/23
    — ᠪᠠᠭ᠎ᠠ ᠠᠴᠠ ᠪᠠᠨ ᠪᠦᠬᠡ ᠳᠤ ᠲᠤᠷᠠᠲᠠᠢ᠃ ᠮᠠᠨᠤᠰ ᠤᠨ ᠲᠡᠷᠡ ᠦᠶ᠎ᠡ ᠳᠤ  ᠴᠢᠨᠢ ᠠᠳᠤᠭᠤ ᠮᠠᠯ ᠲᠠᠢ ᠨᠤᠴᠤᠯᠳᠤᠨ᠎ᠠ᠃ ᠪᠦᠭᠦᠲᠡᠭᠡᠷ ᠎ ᠢᠶᠠᠨ  ᠠᠭᠤᠯᠵᠠᠪᠠᠯ  ᠨᠣᠴᠣᠯᠳᠣᠵᠣ  ᠪᠠᠷᠢᠯᠳᠤᠨ᠎ᠠ᠃ ᠲᠡᠭᠡᠵᠦ ᠯᠠ ᠪᠠᠶᠢᠵᠦ ᠰᠤᠷᠢᠯᠭ᠎ᠠ ᠬᠦᠷᠲᠡᠭᠰᠡᠨ ᠶᠤᠮ ᠡ᠃  ᠮᠠᠨ ᠤ ᠬᠢ ᠪᠣᠯ  ᠰᠢᠯᠢ ᠶᠢᠨ ᠨᠢᠷᠤᠭᠤ ᠶᠢᠨ ᠵᠢᠩᠬᠢᠨᠢ ᠨᠤᠲᠤᠭ ᠤᠨ ᠬᠦᠮᠦᠨ᠃ ᠮᠠᠨᠤᠰ ᠤᠨ ᠦᠶ᠎ᠡ ᠳᠤ ᠴᠢᠨᠢ ᠨᠠᠶᠢᠷ ᠨᠠᠭᠠᠳᠤᠮ ᠳᠤ ᠣᠯᠠᠨ ᠣᠴᠢᠬᠤ ᠵᠠᠪᠰᠢᠶᠠᠨ ᠪᠠᠶᠢᠬᠤ ᠦᠭᠡᠢ᠃ ᠨᠠᠶᠢᠷ ᠨᠠᠭᠠᠳᠤᠮ ᠴᠦ ᠪᠠᠷᠤᠭ ᠪᠠᠶᠢᠬᠤ ᠦᠭᠡᠢ᠂ ᠪᠠᠶᠢᠭᠰᠠᠨ ᠴᠦ ᠤᠨᠤᠭ᠎ᠠ ᠣᠯᠳᠠᠬᠤ ᠦᠭᠡᠢ᠃ ᠲᠡᠶᠢᠮᠦ ᠯᠠ  ᠴᠠᠭ  ᠦᠶ᠎ᠡ ᠪᠠᠶᠢᠭᠰᠠᠨ ᠳ᠋ᠠ᠃     ᠢᠩᠬᠢᠵᠦ ᠬᠠᠭᠤᠴᠢᠯᠠᠵᠤ ᠪᠠᠶᠢᠭ᠎ᠠ ᠠᠬᠠᠮᠠᠳ ᠪᠦᠬᠡ ᠪᠣᠯ ᠪᠠᠷᠠᠭᠤᠨ ᠰᠦᠨᠢᠳ ᠬᠤᠰᠢᠭᠤᠨ ᠤ ᠣᠣᠭᠠᠯ᠂ ᠮᠠᠯᠴᠢᠨ ᠪᠠᠲᠤᠸ᠋ᠴᠢᠷ ᠤᠨ ᠮᠠᠩᠯᠠᠶᠢᠪᠠᠭᠠᠲᠤᠷ ᠨᠠᠰᠤᠲᠠᠨ ᠪᠢᠯᠡ᠃ ᠨᠤᠳᠤᠭ ᠤᠰᠤᠨ ᠤ ᠬᠢᠨᠢ ᠶᠡᠭᠡ ᠪᠠᠭ᠎ᠠ᠂ ᠬᠤᠯᠠ  ᠤᠶᠢᠷ᠎ᠠ ᠦᠭᠡᠢ ᠲᠡᠭᠦᠨ ᠢ ᠮᠠᠨᠢᠶ᠎ᠠ ᠭᠡᠵᠦ ᠬᠦᠨᠲᠦᠯᠡᠨ ᠲᠠᠭᠤᠳᠠᠳᠠᠭ ᠠᠵᠢ᠃ ᠮᠠᠨᠢᠶ᠎ᠠ 1958 ᠣᠨ ᠳᠤ ᠰᠦᠨᠢᠳ ᠪᠠᠷᠠᠭᠤᠨ ᠬᠤᠰᠢᠭᠤᠨ ᠤ ᠰᠢᠯᠢ ᠶᠢᠨ ᠨᠢᠷᠤᠭᠤ ᠰᠣᠮᠣᠨ ︵ᠣᠳᠣ ᠶᠢᠨ ᠥᠷᠭᠡᠨᠲᠠᠯ᠎ᠠ ᠰᠤᠮᠤ︶᠎ ᠳᠤ ᠠᠪᠤ ᠪᠠᠲᠤᠸ᠋ᠴᠢᠷ ᠡᠵᠢ ᠦᠯᠵᠡᠢ ᠶᠢᠨ ᠬᠤᠶᠠᠳᠤᠭᠠᠷ ᠬᠦᠪᠡᠭᠦᠨ ᠪᠣᠯᠵᠤ ᠵᠠᠶᠠᠭᠠᠵᠠᠢ᠃ ᠬᠠᠷᠠᠬᠠᠨ ᠪᠠᠭ᠎ᠠ ᠠᠴᠠ ᠮᠠᠯᠴᠢᠨ ᠠᠷᠠᠳ ᠤᠨ ᠦᠷᠡᠰ ᠤᠨ  ᠵᠠᠶᠠᠭ᠎ᠠ ᠪᠠᠷ ᠠᠳᠤᠭᠤ ᠮᠠᠯ ᠲᠠᠢ ᠨᠤᠴᠤᠯᠲᠤᠨ ᠠᠨᠳᠠ  ᠨᠠᠶᠢᠵᠠ ᠨᠤᠭᠤᠳ ᠲᠠᠢ ᠪᠠᠨ ᠪᠠᠷᠢᠯᠳᠤᠭᠰᠠᠭᠠᠷ᠂  ᠪᠦᠬᠡ ᠶᠢᠨ ᠦᠨᠲᠦᠰᠦᠨ ᠤᠷ᠎ᠠ ᠮᠡᠭᠡ  ᠶᠢ ᠰᠤᠷᠴᠤ ᠡᠵᠡᠮᠰᠢᠵᠡᠢ᠃     ︽ᠡᠷ᠎ᠡ ᠥᠰᠴᠦ ᠢᠰᠡᠭᠡᠢ ᠰᠣᠨᠣᠨ᠎ᠠ︾ ᠭᠡᠳᠡᠭᠴᠢᠯᠡᠨ᠂ ᠮᠠᠨᠢᠶ᠎ᠠ 19 ᠨᠠᠰᠤᠲᠠᠢ ᠳᠤ ᠪᠠᠨ ᠤᠭ ᠤᠨ ᠰᠠᠶᠢᠬᠠᠨ᠋ᠥ᠌ᠯᠵᠡᠢ ᠰᠤᠮᠤ ᠶᠢᠨ ᠪᠠᠶᠠᠨ ᠬᠠᠷᠢᠶᠠᠲᠤ ᠭᠠᠴᠠᠭᠠᠨ ᠤ 256  ᠪᠦᠬᠡ ᠶᠢᠨ ᠨᠠᠭᠠᠳᠤᠮ ᠳᠤ ᠵᠣᠳᠤᠭᠯᠠᠨ᠂ ᠣᠳᠣᠲᠠᠢ ᠪᠠᠷᠢᠯᠳᠤᠵᠤ᠂ ᠦᠵᠦᠭᠦᠷ ᠲᠡᠷᠢᠭᠦᠨ ᠳᠤ  ᠬᠦᠪᠡᠭᠡᠲᠦ ᠰᠢᠷ᠎ᠠ ᠬᠤᠰᠢᠭᠤᠨ ᠤ ᠠᠯᠳᠠᠷᠲᠤ ᠪᠦᠬᠡ ᠷᠠᠰᠢ ᠳᠤ ᠡᠪᠦᠳᠦᠭ ᠰᠢᠷᠥᠶᠢᠳᠠᠨ ᠳᠡᠳ᠋ᠯᠡᠵᠦ᠂ ᠰᠣᠳᠣᠨ ᠪᠠᠷᠢᠯᠳᠤᠭᠠᠨ ᠢᠶᠠᠷ ᠢᠶᠠᠨ ᠠᠷᠠᠳ ᠣᠯᠠᠨ ᠳᠤ ᠪᠠᠨ ᠲᠠᠨᠢᠭᠳᠠᠵᠠᠢ᠃     — ᠲᠡᠷᠡ ᠨᠠᠭᠠᠳᠤᠮ ᠳᠤ᠂ ᠨᠠᠮ᠎ᠠ ᠶᠢ ᠲᠠᠩ ᠤᠨ ᠨᠤᠭᠤᠯᠤᠭᠠᠨ ᠳᠤ  ᠬᠥᠪᠡᠭᠡᠲᠦ ᠰᠢᠷ᠎ᠠ ᠶᠢᠨ ᠴᠤᠤᠲᠤ ᠪᠦᠬᠡ ᠮᠠᠷᠭᠤ ᠭᠤᠮᠪᠤᠵᠠᠪ ᠲᠠᠢ ᠲᠠᠭᠠᠷᠠᠭᠤᠯᠤᠭᠰᠠᠨ᠃ ᠲᠣᠮᠣ  ᠪᠦᠬᠡ ᠳᠤ ᠬᠦᠨᠳᠦᠳᠭᠡᠯ ᠦᠵᠡᠭᠦᠯᠵᠦ᠂ ᠨᠠᠳᠠ ᠳᠤ ᠪᠠᠩᠵᠠᠯ ᠲᠤᠤᠬᠤ ᠡᠮᠦᠰᠦᠭᠦᠯᠦᠭᠰᠡᠨ᠃  ᠪᠢ ᠠᠩᠬ᠎ᠠ ᠤᠳᠠᠭ᠎ᠠ  ᠪᠠᠩᠵᠠᠯ ᠲᠤᠤᠬᠤ  ᠡᠮᠦᠰᠴᠦ ᠪᠠᠶᠢᠭ᠎ᠠ ᠨᠢ ᠲᠡᠷᠡ᠃ 3 ᠴᠠᠭ ᠭᠠᠷᠤᠢ ᠨᠣᠴᠤᠯᠳᠤᠭᠠᠳ  ᠲᠠᠪᠠᠭᠰᠠᠨ᠃ ᠬᠠᠷᠢᠨ ᠤᠳᠠᠭᠠᠨ ᠪᠠᠷᠢᠯᠳᠤᠭᠰᠠᠨ ᠠᠴᠠ ᠪᠣᠯᠣᠭᠠᠳ ᠬᠤᠶᠠᠷ ᠬᠥᠯ ᠎ ᠤᠨ ᠬᠠᠩᠭᠢᠨ ᠰᠢᠯᠪᠢ  ᠪᠠᠷ ᠬᠠᠪᠤᠳᠤᠭᠠᠳ ᠭᠤᠲᠤᠯ ᠢᠶᠠᠨ ᠲᠠᠶᠢᠯᠵᠦ ᠳᠡᠶᠢᠯᠬᠦ ᠦᠭᠡᠢ ᠪᠠᠶᠢᠭᠰᠠᠨ᠃ ᠭᠤᠮᠪᠤᠵᠠᠪ ᠭᠤᠸᠠᠢ ᠴᠦ  ᠪᠢᠲᠡᠭᠦᠦ ᠵᠣᠳᠤᠭ ᠲᠠᠢ ᠪᠠᠶᠢᠭᠰᠠᠨ ᠪᠣᠯᠬᠤᠷ ᠲᠡᠶᠢᠮᠦ ᠲᠤᠮᠤ ᠲᠠᠷᠭᠤᠨ ᠪᠡᠶ᠎ᠡ ᠲᠠᠢ ᠪᠦᠬᠡ ᠪᠠᠷᠤᠭ ᠯᠠ ᠵᠤᠳᠤᠭ ᠢᠶᠠᠨ  ᠬᠠᠭᠵᠠᠯᠤᠭᠠᠳ ᠲᠠᠶᠢᠯᠤᠭᠰᠠᠨ ᠪᠠᠶᠢᠬ᠎ᠠ ᠳ᠋ᠡ᠃ ᠲᠡᠷᠡ ᠵᠢᠯ  ᠤᠨ ᠢᠶᠠᠨ ᠨᠠᠮᠤᠷ᠂  ᠮᠠᠨ ᠎ ᠤ ᠬᠢᠨ ᠰᠦᠨᠢᠳ ᠵᠡᠭᠦᠨ ᠬᠤᠰᠢᠭᠤᠨ ᠤ ᠲᠠᠷᠬᠠᠨ ᠠᠭᠤᠯᠠ ᠰᠤᠮᠤ ᠤᠷᠤᠭᠤ ᠨᠡᠭᠦᠵᠦ ᠣᠴᠢᠭᠰᠠᠨ᠃ ᠠᠪᠤ ᠮᠢᠨᠢ ᠳᠡᠨᠲᠡ ᠠᠵᠢᠯ ᠠᠯᠪᠠ ᠲᠠᠢ ᠪᠠᠶᠢᠭᠰᠠᠨ ᠶᠤᠮ᠃ ᠬᠤᠷᠰᠢᠶ᠎ᠠ ᠪᠠᠲᠤᠸ᠋ᠴᠢᠷ ᠭᠡᠪᠡᠯ ᠮᠢᠨᠦ ᠨᠠᠰᠤᠨ ᠤ ᠬᠢᠨ ᠮᠡᠳᠡᠬᠦ ᠦᠭᠡᠢ ᠬᠦᠮᠦᠨ ᠠᠯᠠᠭ᠎ᠠ ᠪᠠᠶᠢᠬ᠎ᠠ᠃ ᠲᠡᠭᠡᠭᠡᠳ ᠲᠡᠷᠡ ᠵᠢᠯ ᠳᠤ ᠪᠠᠨ ᠰᠥᠨᠢᠳ ᠵᠡᠭᠦᠨ ᠬᠤᠰᠢᠭᠤᠨ ᠤ ᠬᠤᠩᠭᠤᠷ ᠰᠤᠮᠤᠨ ᠤ 256 ᠪᠦᠬᠡ ᠶᠢᠨ ᠨᠠᠶᠢᠷ ᠲᠤ ᠳᠡᠭᠡᠲᠦ ᠨᠠᠢᠮᠠ ᠳᠤ ᠲᠡᠪᠢᠵᠦ ᠶᠠᠪᠤᠯ᠎ᠠ᠃ ᠮᠢᠨᠤ ᠭᠠᠯ ᠢᠳᠡ ᠪᠠᠷᠢᠯᠳᠤᠵᠤ ᠶᠠᠪᠤᠭᠰᠠᠨ ᠲᠡᠦᠬᠡ ᠪᠣᠯ ᠵᠡᠭᠦᠨ ᠰᠦᠨᠢᠳ ᠲᠤ ᠪᠠᠶᠢᠭᠰᠠᠨ ᠶᠤᠮ ᠡ᠃ ᠵᠡᠭᠦᠨ ᠰᠦᠨᠢᠳ ᠤᠷᠤᠭᠤ ᠨᠡᠭᠦᠭᠰᠡᠨ ᠠᠴᠠ ᠬᠤᠶᠢᠰᠢ ᠲᠥᠷᠥᠭᠰᠡᠨ ᠨᠤᠲᠤᠭ ᠲᠤ ᠪᠠᠨ ᠬᠤᠶᠠᠷ ᠤᠳᠠᠭ᠎ᠠ ᠯᠠ ᠬᠦᠷᠴᠦ ᠵᠣᠳᠣᠭᠯᠠᠭᠰᠠᠨ᠃ ᠨᠢᠭᠡ ᠤᠳᠠᠭ᠎ᠠ ᠨᠢ 1984  ᠣᠨ  ᠎ ᠳᠤ  ᠰᠢᠯᠢ ᠶᠢᠨ ᠨᠢᠷᠤᠭᠤ  ᠰᠤᠮᠤ ᠶᠢᠨ  ᠭᠦᠨᠪᠤᠯᠠᠭ ᠭᠠᠴᠠᠭᠠᠨ  ᠤ 256 ᠪᠦᠬᠡ ᠳᠤ ᠵᠣᠳᠣᠭᠯᠠᠵᠤ᠂ ᠨᠣᠲᠤᠭ ᠤᠨ ᠢᠶᠠᠨ ᠲᠡᠭᠷᠢ ᠳᠤ ᠢᠪᠡᠭᠡᠭᠳᠡᠵᠦ᠂ ᠨᠡᠷᠡᠲᠦ ᠪᠦᠬᠡ ᠭᠡᠷᠡᠯᠪᠢᠯᠢᠭ ᠢᠶᠠᠷ ᠨᠠᠢᠮᠠ ᠳᠠᠪᠠᠵᠤ ᠲᠡᠷᠢᠭᠦᠯᠡᠭᠰᠡᠨ‌‍ᠪᠢᠯᠡ᠃ ᠨᠦᠭᠦᠭᠡ ᠨᠢᠭᠡ ᠤᠳᠠᠭ᠎ᠠ ᠨᠢ ᠵᠡᠭᠦᠨ ᠰᠦᠨᠢᠳ ᠤᠨ ᠡᠷᠳᠡᠨᠢᠸ᠋ᠴᠢᠷ ᠲᠠᠢ ᠪᠠᠨ ᠬᠦᠷᠴᠦ ᠵᠣᠳᠣᠭᠯᠠᠭᠠᠳ᠂ ᠵᠡᠭᠦᠨ ᠰᠦᠨᠢᠳ ᠤᠨ ᠡᠮᠦᠨ᠎ᠡ ᠠᠴᠠ ᠪᠠᠷᠢᠯᠳᠤᠵᠤ᠂ ᠬᠤᠶᠠᠷ ᠤᠨ ᠳᠠᠪᠠᠭᠠᠨ ᠳᠤ ᠬᠦᠪᠡᠭᠡᠲᠦ ᠰᠢᠷ᠎ᠠ ᠶᠢᠨ ᠬᠦᠴᠦᠲᠦ ᠪᠦᠬᠡ ᠵᠢᠩ ᠭᠠᠩ ᠢᠶᠠᠷ  ᠲᠠᠪᠠᠭᠰᠠᠨ ᠳ᠋ᠡ᠃  ᠲᠡᠷᠡ ᠨᠠᠶᠢᠷ ᠢ  ᠵᠢᠩ  ᠭᠠᠩ ᠤᠨ  ᠨᠠᠶᠢᠷ  ᠪᠣᠯᠬᠤ  ᠶᠤᠮ  ᠪᠠᠶᠢᠨ᠎ᠠ  ᠭᠡᠳ  ᠨᠠᠭᠠᠳᠤᠮᠴᠢᠳ  ᠶᠠᠷᠢᠵᠠᠭᠠᠵᠤ  ᠪᠠᠶᠢᠭᠰᠠᠨ ᠶᠤᠮ᠃  ᠵᠢᠩ ᠭᠠᠩ ᠪᠢᠲᠡᠭᠦᠦ ᠵᠣᠳᠤᠭ ᠲᠠᠢ᠂ ᠲᠠᠭᠠᠷᠢᠭᠠᠳ ᠴᠣᠬᠢᠬᠤ ᠳᠤ ᠨᠢ ᠰᠣᠭᠤᠨ ᠲᠠᠲᠠᠭ᠎ᠠ  ᠎ ᠪᠠᠷ ᠬᠠᠶᠠᠭᠰᠠᠨ ᠶᠤᠮ᠂ ᠭᠤᠷᠪᠠ ᠶᠢᠨ ᠳᠠᠪᠠᠭᠠᠨ ᠳᠤ ᠬᠠᠷᠢᠨ ᠡᠷᠳᠡᠨᠢᠸ᠋ᠴᠢᠷ ᠪᠢᠳᠡ ᠬᠤᠶᠠᠷ  ᠢ ᠲᠤᠯᠭᠠᠴᠢᠬᠠᠯ᠎ᠠ᠃ ᠵᠠᠯᠠᠭᠤ ᠽᠠᠨᠳᠠᠨ ᠴᠠᠭ ᠪᠠᠶᠢᠭᠰᠠᠨ ᠶᠤᠮ ᠴᠢᠨᠢ ᠪᠢᠳᠡ ᠬᠤᠶᠠᠷ ᠤᠨ ᠬᠡᠨ ᠳᠠᠪᠠᠭᠰᠠᠨ ᠨᠢ ᠲᠡᠷᠢᠭᠦᠯᠡᠨ᠎ᠡ ᠭᠡᠵᠦ ᠪᠠᠷᠳᠠᠮ ᠪᠣᠳᠣᠵᠣ ᠪᠠᠶᠢᠭᠰᠠᠨ ᠳ᠋ᠠᠭ᠃ ᠲᠡᠭᠡᠭᠡᠳ ᠡᠷᠳᠡᠨᠢᠸ᠋ᠴᠢᠷ ᠮᠢᠨᠢ ᠲᠠᠪᠠᠭᠰᠠᠨ᠃ ᠲᠡᠷᠡ ᠮᠠᠨᠢ ᠦᠵᠦᠭᠦᠷ ᠲᠡᠷᠢᠭᠦᠨ ᠳᠤ ᠪᠠᠷᠠᠭᠤᠨ ᠰᠦᠨᠢᠳ ᠤᠨ ᠨᠡᠷᠡᠲᠦ ᠪᠦᠬᠡ ᠭᠤᠣᠵᠠᠢ ᠭᠡᠳᠡᠭ ᠬᠤᠴᠢ ᠲᠠᠢ ᠬᠤᠷᠴᠠ ᠳᠤ ᠡᠪᠦᠳᠦᠭ ᠰᠢᠷᠤᠶᠢᠳᠠᠵᠦ ᠳᠡᠳ᠋ᠯᠡᠭᠰᠡᠨ᠃     ᠪᠢ ᠪᠠᠭ᠎ᠠ ᠠᠴᠠ ᠪᠠᠨ ᠲᠣᠮᠣᠴᠣᠳ ᠲᠠᠢ ᠨᠤᠴᠤᠯᠳᠤᠭᠰᠠᠭᠠᠷ ᠪᠠᠶᠢᠭᠠᠳ ᠬᠤᠶᠠᠷ ᠲᠠᠯ᠎ᠠ ᠲᠠᠢ ᠪᠣᠯᠣᠭᠰᠠᠨ᠃ ᠡᠨᠡ ᠨᠢ ᠮᠢᠨᠥ ᠪᠠᠷᠢᠯᠳᠤᠭᠠᠨ ᠳᠤ ᠶᠡᠭᠡ ᠲᠤᠰᠠ ᠪᠣᠯᠣᠭᠰᠠᠨ ᠰᠢᠦ᠃ ᠮᠢᠨᠦ ᠤᠨᠠᠭᠠᠨ ᠮᠡᠭᠡ ᠪᠣᠯ ᠰᠣᠯᠣᠭᠠᠢ ᠬᠦᠨᠲᠦᠷᠡᠭᠡ᠃ ᠥᠭᠡᠷ᠎ᠡ ᠭᠤᠣᠯ ᠮᠡᠭᠡ ᠭᠡᠪᠡᠯ ᠰᠤᠭᠤᠨ ᠲᠠᠲᠠᠭ᠎ᠠ᠂  ᠪᠠᠷᠠᠭᠤᠨ ᠲᠠᠯ᠎ᠠ ᠶᠢᠨ ᠭᠢᠰᠭᠢᠭᠡ ᠲᠠᠢ᠃ ᠲᠡᠷᠡ ᠦᠶ᠎ᠡ ᠳᠤ ᠪᠢᠳᠡᠨ ᠳᠤ ᠲᠤᠰᠬᠠᠢ ᠪᠠᠭᠰᠢ ᠭᠡᠵᠦ ᠪᠠᠶᠢᠭᠰᠠᠨ ᠦᠭᠡᠢ᠃ ᠰᠢᠯᠢ ᠶᠢᠨ ᠨᠢᠷᠤᠭᠤᠨ ᠳᠤ ᠪᠠᠭ᠎ᠠ ᠠᠴᠠ ᠮᠢᠨᠢ ᠮᠡᠭᠡ ᠵᠢᠭᠠᠭᠰᠠᠨ ᠬᠦᠮᠦᠨ ᠪᠣᠯ ᠰᠢᠷᠠᠪ ᠠᠬ᠎ᠠ᠃ ᠮᠢᠨᠦ ᠮᠠᠭᠤ ᠬᠦᠨᠲᠦᠷᠡᠭᠡ ᠪᠣᠯ ᠰᠢᠷᠠᠪ ᠠᠬ᠎ᠠ ᠠᠴᠠ ᠪᠠᠨ ᠰᠤᠷᠤᠭᠰᠠᠨ ᠣᠩᠭᠤᠨ ᠮᠡᠭᠡ ᠰᠢᠦ ᠳ᠋ᠡ᠃ ᠵᠡᠭᠦᠨ ᠰᠦᠨᠢᠳ ᠤᠨ ᠲᠠᠷᠬᠠᠨ ᠠᠭᠤᠯᠠ ᠳᠤ ᠪᠣᠯ ᠬᠠᠭᠠᠰ ᠰᠠᠷ᠎ᠠ ᠶᠤᠮ ᠦᠦ ᠨᠢᠭᠡ ᠰᠠᠷ᠎ᠠ ᠶᠢᠨ ᠰᠣᠷᠢᠭᠠᠨ ᠳᠤ ᠰᠠᠭᠤᠬᠤ ᠳᠤ ᠪᠠᠨ ᠰᠡᠴᠡᠨᠪᠢᠯᠢᠭ ᠪᠠᠭᠰᠢ ᠪᠠᠷ ᠵᠢᠭᠠᠯᠭᠠᠵᠤ ᠪᠠᠶᠢᠭᠰᠠᠨ᠃ ᠨᠦᠭᠦᠭᠡ ᠰᠤᠭᠤᠨ ᠲᠠᠲᠠᠭ᠎ᠠ ᠴᠢᠨᠢ ᠰᠡ᠊᠂ ᠪᠠᠭᠰᠢ ᠶᠢᠨ ᠮᠡᠭᠡ᠃ ᠭᠠᠩᠲᠡᠮᠦᠷ ᠪᠠᠭᠰᠢ ᠠᠴᠠ ᠪᠠᠨ ᠪᠠᠷᠢᠴᠠ ᠰᠠᠶᠢᠨ ᠰᠤᠷᠤᠭᠰᠠᠨ᠃ ᠪᠦᠬᠡ ᠴᠢᠨᠢ ᠪᠠᠷᠢᠴᠠ ᠨᠢ ᠭᠤᠣᠯ ᠪᠣᠯᠳᠠᠭ᠃ ᠮᠢᠨᠦ ᠠᠮᠠᠭᠠᠶᠢᠪᠴᠢᠯᠠᠵᠤ ᠪᠠᠷᠢᠳᠠᠭ ᠬᠤᠶᠠᠷ ᠲᠠᠯ᠎ᠠ ᠶᠢᠨ ᠪᠠᠷᠢᠴᠠ ᠪᠣᠯ ᠰᠠᠶᠢᠨ᠃       ᠮᠠᠨᠢᠶ᠎ᠠ ᠨᠠᠶᠢᠷ ᠨᠠᠭᠠᠳᠤᠮ ᠬᠤᠪᠤᠷ᠂ ᠲᠡᠷᠭᠡ ᠤᠨᠤᠭ᠎ᠠ ᠴᠦᠭᠡᠬᠡᠨ ᠪᠠᠶᠢᠭᠰᠠᠨ ᠨᠡᠶᠢᠭᠡᠮ  ᠤᠨ  ᠨᠦᠬᠦᠴᠡᠯ ᠪᠠᠶᠢᠳᠠᠯ ᠳᠤᠤᠷ᠎ᠠ ᠠᠯᠢ ᠪᠣᠯᠬᠤ ᠪᠠᠷ ᠨᠠᠭᠠᠳᠤᠮ ᠳᠤ ᠵᠣᠳᠣᠭᠯᠠᠨ᠂ ᠬᠡᠶᠢᠮᠦᠷᠢ ᠲᠠᠢ ᠪᠠᠷᠢᠯᠳᠤᠵᠤ ᠶᠠᠪᠤᠵᠠᠢ᠃ 1982 ᠣᠨ ᠳᠤ᠂  ᠠᠷᠪᠠᠨ ᠰᠢᠯᠢᠳᠡᠭ ᠵᠠᠯᠠᠭᠤ ᠪᠥᠬᠡ ᠳᠤ ᠬᠤᠰᠢᠭᠤ ᠵᠠᠰᠠᠭ ᠤᠨ ᠵᠠᠩᠭᠢᠶ᠎ᠠ ᠣᠯᠭᠤᠬᠤ ᠳᠤ᠂ ᠮᠠᠨᠢᠶ᠎ᠠ ᠵᠦᠢ ᠶᠤᠰᠤᠭᠠᠷ ᠬᠡᠶᠢᠮᠥᠷᠢ ᠪᠣᠰᠤᠭ᠎ᠠ ᠲᠤᠷᠭᠠᠨ ᠵᠠᠩᠭᠢᠶ᠎ᠠ ᠲᠤᠰᠴᠠᠢ᠃ ᠠᠳᠡ ︽ᠵᠠᠰᠠᠭ ᠤᠨ ᠠᠷᠪᠠᠨ ᠵᠠᠩᠬᠢᠶᠠᠲᠦ︾ ᠬᠡᠮᠡᠨ ᠠᠯᠳᠠᠷᠰᠢᠭᠰᠠᠨ ᠠᠷᠪᠠᠨ ᠪᠦᠬᠡᠴᠦᠳ ᠢ ᠮᠥᠩᠬᠡᠯᠡᠨ ᠲᠡᠮᠳᠡᠭᠯᠡᠪᠡᠯ᠂ ᠮᠤᠤ᠋᠂ ᠪᠠᠭᠠᠳᠤᠷ ︵ᠪᠠᠶᠠᠠ᠋ᠭᠤᠯᠠ︶᠂ ᠠ᠊᠂ ᠪᠠᠭᠠᠲᠤᠷ ︵ᠪᠠᠶᠠᠠ᠋ᠭᠤᠯᠠ︶᠂ ᠭᠠᠩᠪᠣᠯᠣᠳ ︵ᠪᠠᠶᠠᠠ᠋ᠭᠤᠯᠠ︶᠂ ᠯᠾᠮᠤᠰᠦ᠋ᠷᠦᠩ ︵ᠨᠠᠷᠠᠨᠪᠤᠯᠠᠭ︶᠂ ᠦᠷᠨᠢᠯᠲᠦ ︵ᠨᠠᠷᠠᠨᠪᠤᠯᠠᠭ︶᠂ ᠰᠡᠴᠡᠨ ︵ᠪᠠᠶᠢᠷᠢᠬᠠᠭᠤᠯᠠ︶᠂ ᠬᠤᠷᠴᠠ ︵ᠴᠠᠭᠠᠨ ᠨᠠᠭᠤᠷ︶᠂ ᠭᠠᠩᠲᠡᠮᠦᠷ ︵ᠬᠤᠰᠢᠭᠤ᠂ ᠪᠠᠷᠠᠭᠤᠨ ᠦᠵᠦᠮᠦᠴᠢᠨ ᠤ ᠤᠤᠭᠠᠯ︶᠂ ᠬᠠᠰᠧᠴᠢᠷ ︵ᠳᠠᠯᠠᠢ ᠰᠤᠮᠤ︶᠂ ᠮᠠᠩᠯᠠᠶᠢᠪᠠᠭᠠᠲᠤᠷ ︵ᠲᠠᠷᠬᠠᠨ ᠠᠭᠤᠯᠠ᠂ ᠪᠠᠷᠠᠭᠤᠨ ᠰᠦᠨᠢᠳ ᠤᠨ ᠤᠤᠭᠠᠯ︶ ᠨᠠᠷ ᠪᠣᠯᠣᠨ᠎ᠠ᠃ ᠲᠡᠷᠡ ᠵᠢᠯ  ᠎ ᠳᠤ ᠪᠠᠨ ︽ᠵᠠᠰᠠᠭ ᠤᠨ ᠠᠷᠪᠠᠨ ᠵᠠᠩᠭᠢᠶᠠᠲᠤ︾ ᠵᠡᠷᠭᠡ ᠵᠡᠭᠦᠨ ᠰᠦᠨᠢᠳ ᠤᠨ ᠬᠦᠴᠦᠲᠡᠨ ᠨᠦᠭᠦᠳ ᠰᠢᠯᠢ ᠶᠢᠨ ᠭᠤᠣᠯ ᠠᠶᠢᠮᠠᠭ ᠤᠨ ᠮᠢᠩᠭᠠᠨ ᠪᠦᠬᠡ ᠶᠢᠨ ᠶᠡᠭᠡ ᠨᠠᠭᠠᠳᠤᠮ ᠳᠤ  ᠣᠷᠣᠯᠴᠠᠬᠤ ᠶᠢᠨ ᠲᠦᠯᠦᠭᠡ ᠰᠠᠷ᠎ᠠ ᠭᠠᠷᠤᠶ ᠰᠣᠷᠢᠯᠭ᠎ᠠ ᠬᠢᠵᠡᠢ᠃ ᠤᠭ ᠨᠠᠭᠠᠳᠤᠮ ᠳᠤ ᠮᠠᠨᠢᠶ᠎ᠠ  ᠲᠥᠷᠪᠡ ᠲᠠᠪᠠᠵᠤ᠂ 128᠎ ᠳᠤ ᠲᠡᠪᠢᠵᠡᠢ᠃     —1983 ᠣᠨ ᠤ ᠦᠶ᠎ᠡ ᠪᠠᠷ ᠪᠠᠷᠠᠭᠤᠨ ᠰᠦᠨᠢᠳ ᠲᠤ ᠪᠠᠨ ᠪᠤᠴᠠᠠ ᠢᠷᠡᠵᠦ ᠨᠣᠲᠤᠭᠰᠢᠭᠰᠠᠨ᠃ ᠲᠡᠭᠡᠭᠡᠳ ᠭᠡᠷ ᠪᠦᠯᠢ ᠲᠠᠢ ᠪᠣᠯᠣᠭᠠᠳ᠂ ᠭᠤᠯᠣᠮᠲᠠ ᠲᠤᠯᠬᠤ ᠦᠷ᠎ᠡ ᠲᠠᠢ ᠪᠣᠯᠣᠭᠰᠠᠨ᠃ ᠲᠡᠭᠡᠭᠡᠳ 90 ᠣᠨ ᠤ ᠦᠶ᠎ᠡ ᠎ ᠠᠴᠠ ᠪᠠᠷᠤᠭ ᠯᠠ ᠵᠣᠳᠣᠭᠯᠠᠬᠤ ᠪᠠᠨ ᠪᠣᠯᠢᠭᠰᠠᠨ᠃ ᠶᠠᠭ ᠨᠠᠭᠠᠲᠤᠮ ᠤᠯᠠᠰᠢᠷᠠᠭᠠᠳ ᠣᠨᠤᠭ᠎ᠠ ᠬᠥᠰᠭᠡ ᠲᠠᠢ ᠪᠣᠯᠣᠭᠠᠳ ᠢᠷᠡᠬᠦ  ᠦᠶ᠎ᠡ ᠪᠠᠷ  ᠶᠠᠷᠤᠨᠢ  ᠪᠦᠬᠡ ᠶᠢᠨ ᠢᠳᠡ ᠬᠠᠷᠢᠬᠤ ᠴᠠᠭ ᠴᠦ ᠪᠣᠯᠵᠠᠢ᠃     ᠪᠦᠬᠡ ᠶᠢᠨ ᠰᠣᠶᠣᠯ ᠳᠤ ᠪᠦᠬᠡᠴᠦᠳ ᠢ ᠨᠣᠳᠤᠭ ᠤᠨ ᠠᠮᠢᠨ ᠰᠦᠯᠲᠡ ᠭᠡᠵᠦ ᠦᠵᠡᠳᠡᠭ ᠪᠦᠭᠡᠳ ᠢᠯᠠᠩᠭᠤᠶ᠎ᠠ ᠵᠠᠩᠭᠢᠶᠠᠲᠦ ᠪᠦᠬᠡ ᠳᠤ ᠵᠠᠩᠭᠢᠶ᠎ᠠ ᠨᠢ ᠠᠮᠢᠨ ᠰᠦᠯᠳᠡ ᠶᠢᠨ ᠪᠡᠯᠭᠡᠳᠡᠯ ᠪᠣᠯᠳᠠᠭ᠃ ᠵᠠᠩᠭᠢᠶᠠᠲᠠᠢ ᠰᠣᠳᠣᠨ ᠪᠦᠬᠡᠴᠦᠳ ᠎ ᠨᠢ ᠨᠠᠰᠤ ᠠᠬᠢᠵᠦ ᠬᠦᠴᠦ ᠬᠠᠷᠢᠪᠠᠯ ᠨᠣᠳᠤᠭ ᠤᠨ ᠠᠮᠢᠨ ᠰᠦᠯᠳᠡ ᠪᠠᠭᠤᠷᠠᠵᠤ ᠪᠠᠶᠢᠨ᠎ᠡ ᠭᠡᠵᠦ ᠦᠵᠡᠳᠡᠭ ᠪᠣᠯᠬᠤᠷ᠂ ᠨᠤᠳᠤᠭ ᠤᠨ ᠠᠮᠢᠨ ᠰᠦᠯᠳᠡ ᠪᠠᠨ ᠠᠮᠢᠯᠠᠨ ᠰᠡᠷᠭᠦᠭᠡᠬᠦ ᠱᠠᠭᠠᠷᠳᠠᠯᠭ᠎ᠠ ᠲᠠᠢ ᠪᠠᠶᠢᠳᠠᠭ᠃ ᠲᠡᠶᠢᠮᠦ ᠪᠣᠯᠬᠤᠷ᠂ ᠢᠳᠡ ᠬᠦᠴᠦ ᠮᠠᠨᠳᠤᠵᠤ ᠡᠬᠢᠯᠡᠭᠰᠡᠨ ᠵᠠᠯᠠᠭᠤ ᠰᠣᠳᠣᠨ ᠪᠦᠬᠡ ᠳᠤ ᠵᠠᠩᠭᠢᠶ᠎ᠠ ᠪᠠᠨ  ᠤᠯᠠᠮᠵᠢᠯᠠᠳᠠᠭ ᠨᠢ ᠤᠴᠢᠷ ᠲᠠᠢ᠃ ᠢᠲᠡᠭᠡᠯ ᠬᠦᠯᠢᠶᠡᠵᠦ ᠵᠠᠩᠭᠢᠶ᠎ᠠ ᠲᠤᠰᠤᠭᠰᠠᠨ ᠵᠠᠯᠠᠭᠤ ᠪᠦᠬᠡ ᠴᠦ  ᠳᠡᠷᠡ ᠬᠦ ᠤᠴᠢᠷ ᠲᠠᠢ ᠲᠤᠷᠭᠠᠨ ᠵᠠᠩᠭᠢᠶ᠎ᠠ ᠶᠢ ᠥᠪᠡᠷ ᠤᠨ ᠦᠶ᠎ᠡ ᠳᠡᠭᠡᠷ᠎ᠡ ᠵᠣᠭᠰᠤᠭᠠᠬᠤ ᠦᠭᠡᠢ᠂ ᠴᠠᠭᠠᠰᠢᠳᠠ ᠤᠯᠠᠮᠵᠢᠯᠠᠬᠤ ᠶᠢ ᠬᠢᠴᠢᠶᠡᠨ ᠪᠠᠷᠢᠯᠳᠤᠵᠤ ᠶᠠᠪᠤᠳᠠᠭ ᠎ ᠨᠢ ᠵᠠᠩᠭᠢᠶᠠᠲᠤ ᠪᠦᠬᠡ ᠶᠢᠨ ᠰᠣᠶᠣᠯ ᠤᠨ ᠴᠥᠮ᠎ᠡ ᠬᠡᠰᠡᠭ ᠪᠢᠯᠡ᠃ ᠥᠭᠡᠷ᠎ᠡ ᠪᠠᠷ ᠬᠡᠯᠡᠪᠡᠯ᠂ ᠵᠠᠩᠭᠢᠶ᠎ᠠ ᠪᠣᠯ ᠵᠦᠪᠬᠡᠨ ᠪᠦᠬᠡᠴᠦᠳ ᠤᠨ ᠠᠮᠵᠢᠯᠲᠠ ᠎ ᠶᠢᠨ ᠦᠵᠡᠭᠦᠯᠦᠯᠲᠡ ᠲᠡᠲᠦᠢ ᠪᠢᠰᠢ᠂  ᠨᠣᠲᠤᠭ ᠤᠨ ᠠᠮᠢᠨ ᠰᠦᠯᠲᠡ ᠪᠤᠶᠤ ᠪᠣᠰᠤᠭ᠎ᠠ ᠬᠡᠶᠢᠮᠤᠷᠢ ᠶᠢ ᠪᠡᠯᠭᠡᠳᠡᠭᠰᠡᠨ ᠰᠣᠶᠣᠯ ᠤᠨ ᠭᠦᠨ ᠤᠳᠬ᠎ᠠ ᠲᠠᠢ ᠪᠠᠶᠢᠳᠠᠭ᠃ ᠬᠠᠷᠢᠨ ᠵᠠᠩᠭᠢᠶ᠎ᠠ ᠵᠡᠭᠦᠬᠦ ᠤᠯᠠᠮᠵᠢᠯᠠᠯ ᠦᠭᠡᠢ ᠭᠠᠵᠠᠷ ᠤᠨ ᠪᠦᠬᠡᠴᠦᠳ ᠨᠢ ᠲᠠᠷᠬᠠᠯᠠᠭᠳᠠᠬᠤ ᠦᠶ᠎ᠠ ᠪᠠᠨ ᠵᠤᠳᠤᠭ ᠢᠶᠠᠨ ᠤᠯᠠᠮᠵᠢᠯᠠᠳᠠᠭ ᠵᠠᠩᠰᠢᠯ ᠪᠤᠢ᠃ ᠵᠢᠱᠢᠶᠡᠯᠡᠪᠡᠯ᠂  ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠣᠨ  ᠪᠠᠶᠢᠭᠤᠯᠤᠭᠳᠠᠭᠰᠠᠨ ᠠᠷᠪᠠᠨ ᠵᠢᠯ ᠤᠨ ᠣᠢ ᠶᠢᠨ ᠪᠠᠶᠠᠷ ᠢᠶᠠᠷ ᠲᠦᠷᠪᠡᠨ ᠪᠦᠬᠡ ᠶᠢ ᠲᠠᠷᠬᠠᠯᠠᠬᠤ ᠳᠤ᠂ ᠲᠡᠭᠦᠨ ᠤ ᠲᠣᠲᠣᠷ᠎ᠠ ᠠᠴᠠ ᠬᠦᠯᠥᠨ ᠪᠤᠶᠢᠷ ᠤᠨ ᠭᠠᠶ᠎ᠠ᠂ ᠰᠢᠯᠢ ᠶᠢᠨ ᠭᠤᠣᠯ  ᠤᠨ ᠡᠷᠬᠢᠮᠪᠠᠲᠤ ᠳᠤ᠂ ᠵᠣᠣ ᠤᠳᠠ  ᠶᠢᠨ ᠯᠤᠪᠰᠠᠩᠳᠠᠮᠪᠠ᠂ ᠬᠦᠯᠦᠨ ᠪᠤᠶᠢᠷ ᠤᠨ ᠠᠳᠢᠶ᠎ᠠ ᠳᠤ ᠲᠤᠰ ᠲᠤᠰ ᠵᠤᠳᠤᠭ ᠢᠶᠠᠨ ᠤᠯᠠᠮᠵᠢᠯᠠᠨ ᠥᠭᠴᠡᠢ᠃     — ᠬᠠᠷᠢᠨ ᠵᠡᠭᠦᠨ ᠰᠦᠨᠢᠳ ᠤᠨ ᠬᠤᠰᠢᠭᠤ ᠵᠠᠰᠠᠭ ᠤᠨ ᠵᠠᠩᠭᠢᠶ᠎ᠠ ᠶᠢ ᠣᠯᠭᠤᠬᠤ ᠠᠴᠠ ᠬᠤᠶᠠᠷ ᠵᠢᠯ ᠤᠨ ᠡᠮᠦᠨ᠎ᠡ ᠪᠠᠶᠢᠬ᠎ᠠ᠂ ᠮᠢᠨᠦ ᠤᠤᠭᠠᠯ ᠨᠤᠳᠤᠭ ᠰᠢᠯᠢ ᠶᠢᠨ ᠨᠢᠷᠤᠭᠤ ᠰᠣᠮᠣᠨ ᠤ ᠨᠠᠭᠠᠳᠤᠮ ᠎ ᠢᠶᠠᠷ ᠠᠩᠬ᠎ᠠ ᠨᠠᠮ᠎ᠠ ᠶᠢ  ᠲᠠᠷᠬᠠᠯᠠᠭᠰᠠᠨ ᠶᠤᠮ᠃ ᠲᠡᠷᠡ ᠦᠶ᠎ᠡ ᠳᠤ ᠪᠢ ᠨᠤᠳᠤᠭ ᠤᠨ ᠬᠢ ᠪᠠᠨ ᠰᠠᠶᠢᠨ ᠪᠠᠷᠢᠯᠳᠤᠳᠠᠭ ᠰᠦᠬᠡ ᠶᠢᠨ ᠣᠶᠣᠨᠪᠤᠯᠠᠭ ᠲᠤ ᠶᠡᠭᠦᠯᠡᠵᠦ ᠥᠭᠭᠦᠰᠡᠨ ᠶᠤᠮ᠃  ᠳᠡᠭᠡᠭᠡᠳ ᠳᠠᠷᠠᠭ᠎ᠠ ᠨᠢ ᠵᠡᠭᠦᠨ ᠰᠥᠨᠢᠳ ᠤᠨ ᠬᠤᠰᠢᠭᠤ ᠵᠠᠰᠠᠭ ᠎ ᠠᠴᠠ ᠲᠠᠯᠠᠨ ᠵᠢᠯ ᠤᠨ ᠣᠢ ᠪᠠᠷ ᠢᠶᠠᠨ ᠲᠠᠷᠬᠠᠯᠠᠨ᠎ᠠ ᠭᠡᠰᠡᠨ ᠪᠣᠯᠬᠤᠷ ᠲᠡᠷᠡ ᠰᠠᠶᠢᠬᠠᠨ  ᠠᠭᠤᠳᠠᠮ ᠪᠠᠭᠳᠠᠭᠠᠮᠵᠢ ᠳᠤ ᠎ ᠨᠢ ᠲᠠᠯᠠᠷᠬᠠᠨ ᠬᠦᠯᠢᠶᠡᠵᠦ ᠠᠪᠤᠭᠰᠠᠨ ᠶᠤᠮ᠃     ᠵᠡᠭᠦᠨ ᠪᠠᠷᠠᠭᠤᠨ ᠢᠬᠢᠷ᠎ᠡ ᠬᠤᠶᠠᠷ ᠰᠥᠨᠢᠳ ᠲᠤ ᠪᠠᠨ ᠲᠠᠪᠬᠤᠷ ᠲᠠᠷᠬᠠᠯᠠᠭᠳᠠᠭᠰᠠᠨ ᠲᠠᠷᠬᠠᠨ ᠪᠦᠬᠡ ᠮᠠᠨᠢᠶ᠎ᠠ ᠭᠤᠸᠠᠢ ᠵᠠᠰᠠᠭ ᠲᠥᠷᠥ ᠶᠢᠨ ᠢᠶᠠᠨ ᠬᠠᠯᠠᠮᠵᠢᠯᠠᠯ ᠢ ᠣᠳᠣ ᠴᠦ ᠲᠠᠯᠠᠷᠬᠠᠨ ᠶᠠᠷᠢᠬᠤ ᠲᠤᠷᠠᠲᠠᠢ᠃ ᠠᠷᠠᠳ ᠲᠦᠮᠡᠨ ᠢᠶᠠᠨ ᠪᠠᠶᠠᠷᠯᠠᠭᠤᠯᠤᠭᠰᠠᠨ ᠠᠯᠳᠠᠷᠲᠤ  ᠪᠦᠬᠡ ᠪᠠᠨ ᠵᠠᠰᠠᠭ ᠨᠢ ᠴᠦ ᠦᠨᠡᠯᠡᠵᠦ ᠪᠠᠶᠢᠭ᠎ᠠ ᠨᠢ ᠮᠣᠩᠭᠤᠯ ᠪᠦᠬᠡ ᠶᠢᠨ ᠪᠠᠰᠨ ᠨᠢᠭᠡᠨ ᠰᠠᠶᠢᠬᠠᠨ ᠶᠤᠰᠤ ᠪᠢᠯᠡ᠃ ᠪᠦᠬᠡ ᠶᠢᠨ ᠲᠡᠦᠬᠡ ᠰᠣᠶᠣᠯ ᠳᠤ᠂ ᠨᠣᠳᠤᠭ ᠰᠤᠨᠳᠠᠯᠠᠨ ᠪᠠᠷᠢᠯᠳᠤᠭᠰᠠᠨ ᠴᠣᠣᠲᠣ ᠪᠦᠬᠡ ᠪᠠᠨ ᠲᠠᠪᠬᠤᠷ ᠲᠠᠷᠬᠠᠯᠠᠳᠠᠭ ᠵᠠᠩᠰᠢᠯ ᠪᠠᠶᠢᠳᠠᠭ  ᠢ ᠬᠡᠯᠡᠬᠦ ᠳᠤ ᠢᠯᠡᠭᠦᠳᠡᠬᠦ ᠦᠭᠡᠢ᠃     ᠮᠠᠨᠢᠶ᠎ᠠ ᠶᠢᠨ ᠬᠠᠭᠤᠴᠢ ᠵᠣᠭᠤᠭ ᠠᠴᠠ ᠦᠨᠦᠲᠦᠷ ᠤᠨ ᠮᠠᠨ ᠤ ᠵᠠᠯᠠᠭᠤᠴᠤᠳ ᠤᠨ ᠰᠤᠷᠬᠤ ᠵᠦᠢᠯ ᠣᠯᠠᠨ ᠪᠠᠶᠢᠬᠤ ᠰᠢᠭ᠋ ᠰᠠᠨᠠᠭᠳᠠᠵᠤ ᠪᠠᠶᠢᠨ᠎ᠠ᠃ ᠨᠣᠳᠤᠭ ᠤᠰᠤ ᠪᠠᠨ ᠬᠠᠶᠢᠷᠠᠯᠠᠵᠤ᠂ ᠤᠴᠠᠷᠠᠭ᠎ᠠ ᠪᠦᠬᠡ ᠪᠠᠨ ᠬᠦᠨᠳᠦᠳᠭᠡᠨ᠂ ᠪᠦᠬᠡ ᠶᠢᠨ ᠤᠯᠠᠮᠵᠢᠯᠠᠯ ᠢᠶᠠᠨ ᠳᠡᠭᠡᠲᠦᠯᠡᠵᠦ ᠶᠠᠪᠤᠬᠤ ᠪᠣᠯ ᠪᠦᠬᠡ ᠬᠦᠮᠦᠨ ᠤ ᠨᠠᠨᠳᠢᠨ ᠴᠢᠨᠠᠷ  ᠮᠦᠨ ᠪᠢᠯᠡ᠃     ᠮᠠᠨᠢᠶ᠎ᠠ ᠶᠢ ᠲᠠᠷᠬᠠᠯᠠᠬᠤ ᠳᠤ ᠠᠷᠠᠳ ᠲᠦᠮᠡᠨ ᠳᠤ ᠪᠠᠨ ᠲᠠᠭᠤᠳᠠᠵᠤ ᠰᠣᠨᠣᠰᠬᠠᠭᠰᠠᠨ ᠠᠮᠵᠢᠯᠲᠠ ᠶᠢ ᠠᠳᠡ ᠲᠡᠷᠡ ᠬᠡᠪ ᠢᠶᠠᠷ ᠨᠢ ᠰᠡᠶᠢᠷᠡᠭᠦᠯᠦᠨ ᠪᠢᠴᠢᠰᠦᠭᠡᠢ᠃     1958 ᠣᠨ ᠳᠤ ᠰᠦᠨᠢᠳ ᠪᠠᠷᠠᠭᠤᠨ ᠬᠤᠰᠢᠭᠤᠨ ᠤ ᠰᠢᠯᠢ ᠶᠢᠨ ᠨᠢᠷᠤᠭᠤ ᠰᠤᠮᠤᠨ ᠤ  ᠴᠠᠭᠠᠨ ᠲᠤᠯᠤᠭᠠᠢ ᠬᠡᠮᠡᠬᠦ ᠭᠠᠵᠠᠷ ᠲᠥᠷᠥᠭᠰᠡᠨ᠃     1978 ᠣᠨ ᠳᠤ᠂ 19 ᠨᠠᠰᠤᠲᠠᠢ ᠳᠤ ᠪᠠᠨ ᠰᠦᠨᠢᠳ ᠪᠠᠷᠠᠭᠤᠨ ᠬᠤᠰᠢᠭᠤᠨ ᠤ ᠪᠠᠶᠠᠨ ᠬᠠᠷᠠᠭᠠᠳᠣ ᠭᠠᠴᠠᠭᠠᠨ ᠤ 256 ᠪᠦᠬᠡ ᠶᠢᠨ ᠪᠠᠷᠢᠯᠳᠤᠭᠠᠨ ᠳᠤ ᠣᠯᠠᠨ ᠭᠠᠵᠠᠷ ᠤᠨ ᠰᠠᠶᠢᠨ ᠪᠦᠬᠡᠴᠦᠳ ᠢ ᠡᠪᠦᠳᠦᠭ ᠰᠢᠷᠤᠶᠢᠳᠠᠭᠤᠯᠤᠨ᠂ ᠬᠦᠪᠡᠭᠡᠲᠦ ᠰᠢᠷ᠎ᠠ ᠶᠢᠨ ᠷᠠᠰᠢ ᠳᠤ ᠤᠨᠠᠵᠤ ᠳᠡᠳ᠋ᠯᠡᠪᠡ᠃ ᠲᠤᠰ ᠵᠢᠯ ᠳᠤ ᠪᠠᠨ ᠰᠥᠨᠢᠳ ᠵᠡᠭᠦᠨ ᠬᠤᠰᠢᠭᠤᠨ ᠤ ᠬᠤᠩᠭᠤᠷ ᠰᠤᠮᠤᠨ ᠤ 256  ᠪᠦᠬᠡ  ᠶᠢᠨ ᠨᠠᠶᠢᠷ ᠲᠤ ᠳᠡᠭᠡᠲᠦ ᠨᠠᠢᠮᠠ ᠳᠤ ᠲᠣᠲᠤᠷᠠᠵᠠᠢ᠃     1979 ᠣᠨ ᠳᠤ᠂ ᠵᠡᠭᠦᠨ ᠰᠦᠨᠢᠳ ᠬᠤᠰᠢᠭᠤᠨ ᠤ ᠲᠠᠷᠬᠠᠨ ᠠᠭᠤᠯᠠ ᠰᠣᠮᠣᠨ ᠤ  ᠪᠠᠶᠠᠨᠳᠦ᠋ᠭᠦᠷᠢᠭ ᠭᠠᠴᠠᠭᠠᠨ ᠤ 128 ᠪᠦᠬᠡ ᠶᠢᠨ ᠪᠠᠷᠢᠯᠳᠤᠭᠠᠨ ᠳᠤ ᠳᠣᠯᠤᠭ᠎ᠠ ᠲᠠᠪᠠᠨ  ᠲᠡᠷᠢᠭᠦᠯᠡᠵᠦ᠂ ᠤᠶᠠᠭᠰᠠᠨ ᠬᠦᠯᠦᠭ ᠨᠢ ᠴᠦ ᠮᠠᠩᠨᠠᠢ ᠳᠤ ᠪᠠᠨ ᠲᠣᠭᠤᠰᠤ ᠦᠭᠡᠢ ᠬᠤᠷᠲᠤᠯᠠᠨ ᠬᠤᠶᠠᠷ ᠲᠡᠷᠢᠭᠦᠨ ᠠᠪᠴᠣ ᠪᠠᠶᠢᠭᠰᠠᠨ ᠠᠯᠳᠠᠷ ᠲᠠᠢ᠃ ᠮᠦᠨ ᠲᠤᠰ ᠵᠢᠯ ᠳᠤ ᠪᠠᠨ ᠰᠠᠶᠢᠬᠠᠨᠭᠤᠪᠢ ᠰᠣᠮᠣᠨ ᠤ ᠥᠷᠭᠡᠨᠬᠦ᠋ᠭᠵᠢᠯ ᠭᠠᠴᠠᠭᠠᠨ ᠤ 128  ᠪᠦᠬᠡ ᠶᠢᠨ ᠪᠠᠷᠢᠯᠳᠤᠭᠠᠨ ᠎ ᠳᠤ ᠳᠡᠳ᠋ᠯᠡᠪᠡ᠃     1979 ᠣᠨ ᠤ ᠰᠠᠶᠢᠬᠠᠨᠭᠤᠪᠢ ᠰᠤᠮᠤᠨ ᠤ ᠪᠤᠯᠠᠭ ᠭᠠᠴᠠᠭᠠᠨ ᠤ 128 ᠪᠦᠬᠡ ᠶᠢᠨ ᠪᠠᠷᠢᠯᠳᠤᠭᠠᠨ ᠳᠤ ᠷᠢᠨᠴᠢᠨ ᠢ ᠡᠪᠦᠳᠦᠭ ᠰᠢᠷᠤᠶᠢᠳᠠᠭᠤᠯᠤᠨ᠂ ᠳᠣᠯᠤᠭ᠎ᠠ ᠲᠠᠪᠠᠵᠤ ᠲᠡᠷᠢᠭᠦᠯᠡᠪᠡ᠃     1981 ᠣᠨ ᠳᠤ ᠵᠡᠭᠦᠨ ᠰᠦᠨᠢᠳ ᠬᠤᠰᠢᠭᠤᠨ ᠤ ᠲᠠᠯᠠᠢ ᠰᠤᠮᠤᠨ ᠤ ᠰᠤᠷᠭᠠᠭᠤᠯᠢ ᠶᠢᠨ 256 ᠪᠦᠬᠡ ᠶᠢᠨ ᠪᠠᠷᠢᠯᠳᠤᠭᠠᠨ ᠤ ᠨᠠᠢᠮᠠ ᠶᠢᠨ ᠳᠠᠪᠠᠭᠠᠨ ᠳᠤ ᠠᠯᠳᠠᠷᠲᠤ ᠪᠦᠬᠡ ᠪᠠᠲᠤᠴᠢᠯᠠᠭᠤᠨ ᠤ ᠭᠠᠩᠪᠣᠯᠣᠳ ᠲᠤ ᠡᠪᠦᠳᠦᠭ ᠰᠢᠷᠤᠶᠢᠳᠠᠨ ᠲᠡᠳ᠋ᠯᠡᠪᠡ᠃     ᠲᠤᠰ ᠵᠢᠯ ᠥᠷᠭᠡᠨᠬᠦ᠋ᠭᠵᠢᠯ ᠭᠠᠴᠠᠭᠠᠨ ᠤ 128  ᠪᠦᠬᠡ ᠶᠢᠨ ᠨᠠᠭᠠᠳᠤᠮ  ᠤᠨ  ᠦᠵᠦᠭᠦᠷ ᠲᠡᠷᠢᠭᠦᠨ ᠳᠤ ᠲᠠᠷᠬᠠᠨ ᠠᠭᠤᠯᠠ ᠶᠢᠨ ᠭᠠᠵᠠᠪ  ᠢ ᠡᠪᠦᠳᠦᠭ ᠰᠢᠷᠤᠶᠢᠲᠠᠭᠤᠯᠤᠨ ᠲᠡᠷᠢᠭᠦᠯᠡᠪᠡ᠃     ᠮᠦᠨ ᠲᠤᠰ ᠵᠢᠯ ᠤᠨ ᠪᠠᠶᠠᠨ ᠠᠭᠤᠯᠠ ᠰᠣᠮᠣᠨ ᠤ 256 ᠪᠦᠬᠡ ᠶᠢᠨ ᠪᠠᠷᠢᠯᠳᠤᠭᠠᠨ ᠳᠤ ᠵᠢᠷᠭᠤᠭ᠎ᠠ ᠲᠠᠪᠠᠵᠤ᠂ ᠳᠡᠭᠡᠲᠦ ᠭᠤᠷᠪᠠ ᠶᠢᠨ ᠪᠠᠶᠢᠷᠢ ᠳᠤ ᠦᠯᠡᠳᠡᠪᠡ  ᠃     1982  ᠣᠨ  ᠎ ᠳᠤ  ᠲᠠᠷᠬᠠᠨ  ᠠᠭᠤᠯᠠ  ᠰᠣᠮᠣᠨ  ᠎ ᠤ ᠪᠠᠶᠠᠨᠳᠦ᠋ᠭᠦᠷᠢᠭ ᠭᠠᠴᠠᠭᠠᠨ  ᠳᠤ ᠪᠣᠯᠣᠭᠰᠠᠨ ᠪᠦᠬᠡ  ᠶᠢᠨ ᠰᠣᠷᠢᠯᠭ᠎ᠠ ᠶᠢᠨ  ᠪᠠᠷᠢᠯᠳᠤᠭᠠᠨ  ᠎ ᠳᠤ  ᠵᠢᠷᠭᠤᠭ᠎ᠠ  ᠲᠠᠪᠠᠨ᠂  ᠪᠦᠬᠡ  ᠶᠢᠨ  ᠪᠠᠭᠰᠢ ᠰᠡᠴᠡᠨᠪᠢᠯᠢᠭ ᠲᠤ ᠎ ᠪᠠᠨ ᠤᠨᠠᠵᠤ ᠲᠡᠳ᠋ᠯᠡᠪᠡ᠃     1982  ᠣᠨ  ᠎ ᠳᠤ  ᠲᠠᠷᠬᠠᠨ ᠠᠭᠤᠯᠠ ᠰᠣᠮᠣᠨ  ᠤ ᠪᠠᠶᠠᠨᠳᠦ᠋ᠭᠦᠷᠢᠭ ᠭᠠᠴᠠᠭᠠᠨ ᠤ  ᠠᠷᠠᠳ ᠤᠨ ᠶᠡᠭᠡ  ᠨᠠᠭᠠᠳᠤᠮ ᠤᠨ 256   ᠪᠦᠬᠡ ᠶᠢᠨ  ᠪᠠᠷᠢᠯᠳᠤᠭᠠᠨ  ᠎ ᠳᠤ ᠨᠤᠳᠤᠭ ᠤᠨ  ᠬᠢᠨᠢ  ᠪᠦᠬᠡ  ᠪᠤᠳ᠋ ᠲᠤ ᠨᠠᠶᠢᠷ ᠲᠠᠯᠪᠢᠨ ᠲᠡᠳ᠋ᠯᠡᠪᠡ᠃     1984 ᠣᠨ ᠳᠤ᠂ ᠰᠦᠨᠢᠳ ᠪᠠᠷᠠᠭᠤᠨ ᠬᠤᠰᠢᠭᠤᠨ ᠤ ᠰᠢᠯᠢ ᠶᠢᠨ ᠨᠢᠷᠤᠭᠤ ᠰᠣᠮᠣᠨ ᠤ ᠭᠦᠨᠪᠤᠯᠠᠭ ᠭᠠᠴᠠᠭᠠᠨ ᠤ 256 ᠪᠦᠬᠡ ᠶᠢᠨ ᠨᠠᠭᠠᠳᠤᠮ ᠳᠤ ᠬᠦᠴᠦᠲᠦ ᠪᠦᠬᠡᠴᠢᠨ ᠭᠡᠷᠡᠯᠪᠢᠯᠢᠭ ᠢ ᠡᠪᠦᠳᠦᠭ ᠰᠢᠷᠤᠶᠢᠲᠠᠭᠤᠯᠤᠨ ᠲᠡᠷᠢᠭᠦᠯᠡᠪᠡ᠃     1985  ᠣᠨ ᠳᠤ᠂ ᠰᠦᠨᠢᠳ ᠵᠡᠭᠦᠨ ᠬᠤᠰᠢᠭᠤᠨ ᠎ ᠤ ᠪᠠᠶᠠᠠ᠋ᠭᠤᠯᠠ ᠰᠣᠮᠣᠨ ᠤ ᠰᠤᠷᠭᠠᠭᠤᠯᠢ ᠶᠢᠨ ᠨᠠᠭᠠᠳᠤᠮ ᠤᠨ 128 ᠪᠦᠬᠡ  ᠶᠢᠨ ᠪᠠᠷᠢᠯᠳᠤᠭᠠᠨ ᠳᠤ ᠤᠯᠤᠰ ᠤᠨ ᠠᠪᠤᠷᠭᠤ ᠰᠦ᠊᠂ ᠰᠣᠶᠣᠯᠲᠤ ᠳᠤ ᠤᠨᠠᠵᠤ ᠳᠡᠳ᠋ᠯᠡᠪᠡ᠃     1986  ᠣᠨ  ᠎ ᠳᠤ᠂ ᠪᠠᠶᠠᠨ᠋ᠠ᠋ᠭᠤᠯᠠ ᠰᠤᠮᠤᠨ ᠎ ᠤ  128 ᠪᠦᠬᠡ ᠶᠢᠨ ᠪᠠᠷᠢᠯᠳᠤᠭᠠᠨ ᠳᠤ  ᠠᠯᠲᠠᠷᠲᠤ ᠪᠦᠬᠡ ᠭᠠᠩᠪᠣᠯᠣᠳ ᠲᠤ ᠡᠪᠦᠳᠦᠭ ᠰᠢᠷᠤᠶᠢᠳᠠᠨ ᠲᠡᠳ᠋ᠯᠡᠪᠡ᠃     1989 ᠣᠨ  ᠤ  ᠲᠠᠷᠬᠠᠨ ᠠᠭᠤᠯᠠ ᠰᠤᠮᠤᠨ  ᠤ  ᠤᠷᠭᠢᠯᠲᠤᠶᠠᠭ᠎ᠠ  ᠶᠢᠨ ᠰᠤᠶᠤᠯᠲᠤ ᠶᠢᠨ ᠬᠡᠦᠬᠡᠳ ᠤᠨ ᠥᠷᠪᠦᠭᠡᠨ ᠤ ᠨᠠᠭᠠᠳᠤᠮ ᠤᠨ 128 ᠪᠦᠬᠡ ᠶᠢᠨ ᠪᠠᠷᠢᠯᠳᠤᠭᠠᠨ ᠤ ᠲᠣᠯᠤᠭ᠎ᠠ ᠶᠢᠨ ᠲᠠᠪᠠᠭᠠᠨ ᠳᠤ ᠠᠯᠲᠠᠷᠲᠤ ᠪᠦᠬᠡ ᠨᠠᠮᠰᠠᠷᠠᠢ ᠪᠠᠷ ᠳᠠᠪᠠᠵᠣ ᠲᠠᠷᠢᠭᠦᠯᠡᠪᠡ᠃     ᠡᠶᠢᠨ ᠬᠦ ᠪᠠᠲᠤᠸ᠋ᠴᠢᠷ ᠤᠨ ᠮᠠᠩᠯᠠᠶᠢᠪᠠᠭᠠᠲᠤᠷ ᠨᠢ 1024 ᠪᠦᠬᠡ ᠶᠢᠨ ᠪᠠᠷᠢᠯᠳᠤᠭᠠᠨ ᠳᠤ  ᠨᠢᠭᠡ ᠤᠳᠠᠭ᠎ᠠ ᠳᠥᠷᠪᠡ ᠳᠠᠪᠠᠵᠤ᠂ ᠨᠢᠭᠡ ᠤᠳᠠᠭ᠎ᠠ ᠭᠤᠷᠪᠠ ᠲᠠᠪᠠᠵᠤ᠂ 512  ᠪᠦᠬᠡ ᠶᠢᠨ ᠪᠠᠷᠢᠯᠳᠤᠭᠠᠨ ᠳᠤ ᠨᠢᠭᠡ ᠤᠳᠠᠭ᠎ᠠ ᠲᠥᠷᠪᠡ ᠳᠠᠪᠠᠵᠤ᠂ ᠨᠢᠭᠡ ᠤᠳᠠᠭ᠎ᠠ ᠭᠤᠷᠪᠠ ᠳᠠᠪᠠᠵᠤ᠂ 256 ᠪᠦᠬᠡ ᠶᠢᠨ ᠪᠠᠷᠢᠯᠳᠤᠭᠠᠨ ᠳᠤ ᠨᠢᠭᠡ ᠲᠡᠷᠢᠭᠦᠯᠡᠨ ᠭᠤᠷᠪᠠ ᠳᠡᠳ᠋ᠯᠡᠵᠦ᠂ ᠭᠤᠷᠪᠠ ᠤᠳᠠᠭ᠎ᠠ ᠵᠢᠷᠭᠤᠭ᠎ᠠ ᠳᠠᠪᠠᠨ ᠳᠡᠭᠡᠲᠦ ᠨᠠᠢᠮᠨ ᠳᠤ ᠲᠤᠲᠤᠷᠠᠵᠤ᠂ ᠶᠡᠭᠡ ᠪᠠᠭ᠎ᠠ ᠨᠠᠭᠠᠳᠤᠮ ᠤᠳ ᠢᠶᠠᠷ ᠬᠤᠷᠢ ᠭᠠᠷᠤᠢ ᠣᠳᠠᠭ᠎ᠠ ᠲᠦᠷᠦᠬᠦᠦ ᠦᠵᠦᠭᠦᠷ ᠲᠤ ᠰᠢᠯᠭᠠᠷᠠᠵᠤ ᠶᠠᠪᠤᠭᠰᠠᠨ ᠰᠦᠨᠢᠳ ᠨᠤᠳᠤᠭ ᠤᠨ ᠰᠢᠯᠢᠳᠡᠭ ᠬᠦᠴᠦᠲᠡᠨ ᠤ ᠨᠢᠭᠡᠨ︕     ᠳᠡᠷᠡ ᠪᠠᠷ 1982 ᠣᠨ ᠎ ᠤ ᠰᠦᠨᠢᠳ ᠵᠡᠭᠦᠨ ᠬᠤᠰᠢᠭᠤᠨ ᠤ ᠠᠩᠬᠠᠨ ᠤ ᠠᠷᠪᠠᠨ  ᠵᠠᠩᠭᠢᠶᠠᠲᠤ ᠪᠦᠬᠡ ᠶᠢᠨ ᠨᠢᠭᠡᠨ᠃ ᠮᠣᠩᠭᠤᠯ ᠪᠦᠬᠡ ᠎ ᠶᠢᠨ ᠲᠤᠷᠭᠠᠨ ᠲᠡᠪᠵᠢᠶᠡᠨ᠎ᠡ ᠳᠥᠴᠢ ᠭᠠᠷᠤᠢ ᠵᠢᠯ ᠲᠤᠭᠤᠰᠤ ᠪᠠᠨ ᠡᠷᠭᠦᠵᠦ᠂ ᠠᠯᠳᠠᠷ ᠢᠶᠠᠨ ᠲᠠᠭᠤᠳᠠᠭᠤᠯᠵᠤ ᠶᠠᠪᠤᠭᠰᠠᠨ ᠪᠠᠲᠤᠸ᠋ᠴᠢᠷ  ᠤᠨ ᠮᠠᠩᠯᠠᠶᠢᠪᠠᠭᠠᠲᠤᠷ᠂ ᠰᠦᠨᠢᠳ ᠨᠣᠲᠤᠭ ᠲᠤ ᠪᠦᠬᠡ ᠶᠢᠨ ᠬᠡᠶᠢᠮᠦᠷᠢ ᠬᠤᠷᠤᠶᠢᠯᠠᠨ ᠬᠤᠰᠢᠭᠤ ᠵᠠᠰᠠᠭ ᠤᠨ ᠵᠠᠩᠭᠢᠶ᠎ᠠ  ᠪᠠᠨ ᠰᠦᠨᠢᠳ ᠵᠡᠭᠦᠨ ᠬᠤᠰᠢᠭᠤᠨ ᠤ ᠲᠠᠯᠠᠨ ᠵᠢᠯ ᠤᠨ ᠤᠢ ᠶᠢᠨ ᠨᠠᠭᠠᠳᠤᠮ ᠢᠶᠠᠷ ᠰᠢᠯᠢᠳᠡᠭ ᠵᠠᠯᠠᠭᠤ ᠪᠥᠬᠡᠴᠢᠨ ᠪᠤᠯᠠᠭ ᠤᠨ ᠪᠠᠳᠮᠠᠷᠠᠭᠴᠣᠭᠲᠤ ᠳᠤ  ᠢᠲᠡᠭᠡᠯ ᠬᠦᠯᠢᠶᠡᠯᠭᠡᠨ ᠤᠯᠠᠮᠵᠢᠯᠠᠪᠠ᠃
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号