ᠰᠤᠷᠭᠠᠨ ᠬᠥᠮᠦᠵᠢᠯ ᠤᠨ ᠵᠠᠯᠬᠠᠭᠠᠨ ᠴᠡᠭᠡᠷᠯᠡᠭᠦᠯᠬᠦ ᠰᠢᠨ᠎ᠡ ᠲᠣᠭᠲᠠᠭᠠᠯ ᠢ 3 ᠰᠠᠷ᠎ᠠ ᠶᠢᠨ 1 ᠤ ᠡᠳᠦᠷ ᠠᠴᠠ ᠡᠬᠢᠯᠡᠵᠦ ᠬᠡᠷᠡᠭᠵᠢᠭᠦᠯᠬᠦ ᠪᠦᠭᠡᠳ 7 ᠵᠤᠷᠪᠤᠰ ᠤᠯᠠᠭᠠᠨ ᠱᠤᠭᠤᠮ ᠲᠣᠭᠲᠠᠭᠠᠵᠤ ᠵᠠᠯᠬᠠᠭᠠᠨ ᠴᠡᠭᠡᠷᠯᠡᠭᠦᠯᠬᠦ ᠪᠠᠷᠢᠮᠵᠢᠶ᠎ᠠ ᠶᠢ ᠲᠣᠳᠣᠷᠬᠠᠶ ᠲᠣᠭᠲᠠᠭᠠᠪᠠ
ᠨᠡᠶᠢᠲᠡᠯᠡᠭᠰᠡᠨ ᠴᠠᠭ᠄
2021/2/20
    ᠰᠤᠷᠭᠠᠨ  ᠬᠥᠮᠦᠵᠢᠯ ᠤᠨ  ᠶᠠᠮᠤᠨ  ︽ᠳᠤᠮᠳᠠᠳᠤ  ᠪᠠᠭ᠎ᠠ ᠰᠤᠷᠭᠠᠭᠤᠯᠢ ᠶᠢᠨ ᠰᠤᠷᠭᠠᠨ ᠬᠥᠮᠦᠵᠢᠯ ᠤᠨ  ᠵᠠᠯᠬᠠᠭᠠᠨ  ᠴᠡᠭᠡᠷᠯᠡᠭᠦᠯᠬᠦ  ᠲᠦᠷᠢᠮ  ︵ᠲᠤᠷᠰᠢᠨ  ᠬᠡᠷᠡᠭᠵᠢᠭᠦᠯᠬᠦ︶︾  ︵ᠳᠣᠷᠣᠭᠰᠢ ︽ᠲᠦᠷᠢᠮ︾ ᠭᠡᠵᠦ ᠲᠣᠪᠴᠢᠯᠠᠨ᠎ᠠ︶ ᠢ ᠨᠡᠶᠢᠳᠡᠯᠡᠵᠦ᠂ ᠰᠤᠷᠭᠠᠨ ᠬᠥᠮᠦᠵᠢᠯ ᠤᠨ ᠵᠠᠯᠬᠠᠭᠠᠨ ᠴᠡᠭᠡᠷᠯᠡᠭᠦᠯᠬᠦ ᠠᠵᠢᠯ   ᠢ  ᠬᠠᠤᠯᠢ ᠪᠠᠷ ᠵᠠᠰᠠᠬᠤ ᠵᠠᠮ ᠳᠤ ᠤᠷᠤᠭᠤᠯᠪᠠ᠃ ︽ᠲᠦᠷᠢᠮ︾ ᠳᠤ ᠠᠩᠬ᠎ᠠ  ᠤᠳᠠᠭ᠎ᠠ  ᠰᠠᠯᠠᠭ᠎ᠠ  ᠮᠥᠴᠢᠷ ᠤᠨ  ᠲᠦᠷᠢᠮ  ᠲᠣᠭᠲᠠᠭᠠᠯ ᠤᠨ  ᠬᠡᠯᠪᠡᠷᠢ ᠪᠠᠷ  ᠰᠤᠷᠭᠠᠨ ᠬᠥᠮᠦᠵᠢᠯ ᠤᠨ ᠵᠠᠯᠬᠠᠭᠠᠨ ᠴᠡᠭᠡᠷᠯᠡᠭᠦᠯᠬᠦ ᠪᠠᠷᠢᠮᠵᠢᠶ᠎ᠠ ᠶᠢᠨ ᠰᠢᠨᠵᠢ ᠴᠢᠨᠠᠷ᠂ ᠬᠡᠷᠡᠭᠯᠡᠬᠦ ᠬᠡᠪᠴᠢᠶ᠎ᠡ  ᠵᠢᠴᠢ  ᠬᠡᠷᠡᠭᠵᠢᠭᠦᠯᠬᠦ  ᠲᠦᠷᠢᠮ᠂ ᠵᠢᠷᠤᠮ᠂ ᠠᠷᠭ᠎ᠠ ᠬᠡᠮᠵᠢᠶ᠎ᠡ᠂ ᠱᠠᠭᠠᠷᠳᠠᠯᠭ᠎ᠠ ᠵᠡᠷᠭᠡ ᠶᠢ ᠰᠢᠰᠲ᠋ᠧᠮ ᠲᠠᠢ ᠲᠣᠭᠲᠠᠭᠠᠭᠰᠠᠨ ᠪᠥᠭᠡᠳ ᠡᠨᠡ  ᠵᠢᠯ ᠤᠨ  3  ᠰᠠᠷ᠎ᠠ ᠶᠢᠨ1 ᠤ ᠡᠳᠦᠷ ᠠᠴᠠ ᠡᠬᠢᠯᠡᠵᠦ ᠬᠡᠷᠡᠭᠵᠢᠭᠦᠯᠬᠦ ᠪᠠᠷ ᠪᠠᠶᠢᠨ᠎ᠠ᠃ ᠤᠢᠢᠷ᠎ᠠ ᠶᠢᠨ ᠵᠢᠯ ᠤᠳ ᠲᠤ᠂ ᠰᠤᠷᠭᠠᠨ ᠬᠥᠮᠦᠵᠢᠯ ᠤᠨ ᠵᠠᠯᠬᠠᠭᠠᠨ ᠴᠡᠭᠡᠷᠯᠡᠭᠦᠯᠬᠦ ᠶᠠᠪᠤᠳᠠᠯ ᠠᠴᠠ ᠪᠤᠯᠵᠤ ᠡᠭᠦᠰᠦᠭᠰᠡᠨ ᠨᠡᠶᠢᠭᠡᠮ ᠤᠨ ᠬᠡᠷᠡᠭ ᠤᠨ ᠲᠤᠬᠠᠢ ᠡᠯ᠎ᠡ ᠡᠲᠡᠭᠡᠳ ᠤᠨ ᠬᠢᠨ ᠪᠠᠶᠢᠨ ᠲᠠᠬᠢᠨ ᠮᠠᠷᠭᠤᠭᠠᠨ ᠪᠤᠯᠵᠤ ᠪᠠᠶᠢᠨ᠎ᠠ᠃  ᠨᠢᠭᠡ ᠲᠠᠯ᠎ᠠ ᠪᠠᠷ᠂ ᠵᠠᠷᠢᠮ ᠰᠣᠷᠣᠭᠴᠢ ᠶᠢ ᠬᠡᠲᠦᠷᠬᠡᠶ ᠵᠠᠯᠬᠠᠭᠠᠨ ᠴᠡᠭᠡᠷᠯᠡᠭᠦᠯᠦᠭᠰᠡᠨ ᠠᠴᠠ ᠪᠣᠯᠵᠣ  ᠰᠡᠳᠬᠢᠴᠡ ᠶᠢᠨ  ᠬᠢᠮᠤᠷᠠᠯ ᠲᠠᠢ  ᠪᠤᠯᠵᠦ  ᠪᠠᠶᠢᠬᠤ︔ ᠨᠥᠭᠦᠭᠡ ᠲᠠᠯ᠎ᠠ ᠪᠠᠷ ᠵᠠᠷᠢᠮ ᠪᠠᠭᠰᠢ ᠨᠢ ᠰᠣᠷᠣᠭᠴᠢ ᠶᠢ ᠵᠠᠯᠬᠠᠭᠠᠨ ᠴᠡᠭᠡᠷᠯᠡᠭᠦᠯᠦᠭᠰᠡᠨ ᠠᠴᠠ  ᠪᠣᠯᠵᠣ  ᠬᠡᠲᠦ  ᠰᠢᠳᠬᠡᠯ  ᠣᠯᠵᠦ ᠪᠠᠶᠢᠬᠤ ᠲᠤᠬᠠᠢ ᠮᠠᠷᠭᠤᠭᠠᠨ ᠪᠤᠯᠵᠤ ᠪᠤᠢ᠃  ᠰᠤᠷᠭᠠᠨ ᠬᠥᠮᠦᠵᠢᠯ ᠤᠨ ᠵᠠᠯᠬᠠᠭᠠᠨ ᠴᠡᠭᠡᠷᠯᠡᠭᠦᠯᠦᠯ ᠬᠢᠬᠦ ᠲᠠᠯ᠎ᠠ ᠪᠠᠷ᠂ ᠪᠠᠭᠰᠢ᠂ ᠰᠤᠷᠤᠭᠴᠢ ᠪᠣᠯᠤᠨ ᠭᠡᠷ ᠤᠨ ᠠᠬᠠᠮᠠᠳ ᠭᠤᠷᠪᠠᠨ ᠲᠠᠯ᠎ᠠ ᠪᠠᠷ ᠢᠶᠠᠨ ᠨᠢᠭᠡ ᠨᠢᠭᠡ ᠶᠢ ᠪᠠᠨ ᠰᠢᠬᠦᠮᠵᠢᠯᠡᠵᠦ ᠪᠠᠶᠢᠳᠠᠭ᠃ ᠡᠭᠦᠨ ᠢ ᠨᠢᠭᠡ ᠯᠡ ᠦᠭᠡ ᠪᠠᠷ ᠬᠡᠯᠡᠪᠡᠯ᠂ ᠰᠤᠷᠭᠠᠨ ᠬᠥᠮᠦᠵᠢᠯ ᠤᠨ ᠵᠠᠯᠬᠠᠭᠠᠨ ᠴᠡᠭᠡᠷᠯᠡᠭᠦᠯᠬᠦ ᠡᠷᠬᠡ ᠶᠢᠨ ᠲᠣᠮᠢᠶᠠᠯᠠᠯ ᠪᠠ ᠵᠠᠭᠠᠭ ᠬᠢᠵᠠᠭᠠᠷ ᠪᠠᠯᠠᠷᠬᠠᠶ ᠠᠴᠠ ᠪᠣᠯᠤᠭᠰᠠᠨ ᠶᠤᠮ᠃ ᠤᠳᠤ᠂ ︽ᠲᠦᠷᠢᠮ︾ ᠨᠢ ᠠᠩᠬ᠎ᠠ ᠤᠳᠠᠭ᠎ᠠ ᠰᠤᠷᠭᠠᠨ ᠬᠥᠮᠦᠵᠢᠯ ᠤᠨ ᠵᠠᠯᠬᠠᠭᠠᠨ  ᠴᠡᠭᠡᠷᠯᠡᠭᠦᠯᠬᠦ  ᠤᠬᠠᠭᠳᠠᠬᠤᠨ ᠳᠤ ᠲᠣᠮᠢᠶᠠᠯᠠᠯ ᠬᠢᠵᠦ᠂ ᠰᠤᠷᠭᠠᠨ  ᠬᠥᠮᠦᠵᠢᠯ ᠤᠨ  ᠵᠠᠯᠬᠠᠭᠠᠨ  ᠴᠡᠭᠡᠷᠯᠡᠭᠦᠯᠬᠦ  ᠪᠣᠯ  ︽ᠰᠤᠷᠭᠠᠭᠤᠯᠢ  ᠪᠠ  ᠪᠠᠭᠰᠢ   ᠨᠢ  ᠰᠤᠷᠭᠠᠨ ᠬᠥᠮᠦᠵᠢᠯ ᠤᠨ ᠵᠣᠷᠢᠯᠭ᠎ᠠ ᠠᠴᠠ  ᠪᠠᠨ ᠡᠭᠦᠰᠴᠦ᠂ ᠲᠦᠷᠢᠮ ᠲᠣᠭᠲᠠᠭᠠᠯ  ᠰᠠᠬᠢᠯᠭ᠎ᠠ  ᠪᠠᠲᠤ ᠠᠴᠠ  ᠵᠥᠷᠢᠴᠡᠭᠰᠡᠨ  ᠰᠣᠷᠣᠭᠴᠢ ᠶᠢ ᠬᠠᠮᠢᠶᠠᠷᠴᠤ᠂ ᠰᠤᠷᠭᠠᠨ ᠵᠢᠯᠣᠭᠤᠳᠬᠤ ᠪᠤᠶᠤ ᠲᠣᠭᠲᠠᠭᠠᠭᠰᠠᠨ ᠠᠷᠭ᠎ᠠ ᠬᠡᠯᠪᠡᠷᠢ ᠪᠠᠷ ᠵᠠᠯᠠᠷᠠᠭᠤᠯᠤᠨ ᠵᠠᠰᠠᠵᠤ᠂  ᠰᠤᠷᠤᠭᠴᠢᠳ ᠤᠨ ᠡᠭᠦᠨ ᠢᠶᠠᠷ ᠴᠡᠭᠡᠷᠯᠡᠯ ᠪᠣᠯᠭᠠᠵᠤ᠂ ᠠᠯᠳᠠᠭ᠎ᠠ  ᠪᠤᠷᠤᠭᠤ ᠪᠠᠨ  ᠲᠠᠨᠢᠵᠤ  ᠵᠠᠰᠠᠨ  ᠵᠠᠯᠠᠷᠠᠭᠤᠯᠬᠤ ᠶᠢ  ᠠᠬᠢᠭᠤᠯᠬᠤ  ᠬᠦᠮᠦᠵᠢᠯ ᠤᠨ ᠠᠵᠢᠯᠯᠠᠭ᠎ᠠ ᠪᠤᠯᠤᠨ᠎ᠠ︾ ᠭᠡᠵᠦ ᠲᠣᠭᠲᠠᠭᠠᠵᠠᠶ᠃ ᠰᠤᠷᠭᠠᠨ  ᠬᠥᠮᠦᠵᠢᠯ ᠤᠨ  ᠵᠠᠯᠬᠠᠭᠠᠨ  ᠴᠡᠭᠡᠷᠯᠡᠭᠦᠯᠬᠦ  ᠠᠷᠭ᠎ᠠ  ᠪᠣᠯ  ᠰᠢᠳᠭᠡᠬᠦ ᠶᠠᠪᠤᠳᠠᠯ ᠪᠢᠰᠢ᠂ ᠬᠠᠷᠢᠨ ᠰᠤᠷᠭᠠᠨ ᠬᠥᠮᠦᠵᠢᠬᠦᠯᠬᠦ‍ ᠨᠢᠭᠡ ᠵᠦᠢᠯ ᠤᠨ ᠠᠷᠭ᠎ᠠ  ᠮᠠᠶ᠋ᠢᠭ  ᠪᠤᠯᠬᠤ ᠶᠢ  ᠲᠤᠳᠤᠷᠬᠠᠢ  ᠲᠤᠬᠳᠠᠭᠠᠵᠤ᠂ ᠰᠤᠷᠭᠠᠨ ᠬᠥᠮᠦᠵᠢᠯ ᠤᠨ ᠵᠠᠯᠬᠠᠭᠠᠨ ᠴᠡᠭᠡᠷᠯᠡᠭᠦᠯᠬᠦ ᠠᠷᠭ᠎ᠠ ᠶᠢᠨ ᠬᠥᠮᠦᠨ ᠬᠥᠮᠦᠵᠢᠭᠦᠯᠬᠦ ᠰᠢᠨᠵᠢ ᠴᠢᠨᠠᠷ ᠢ ᠴᠢᠬᠤᠯᠠᠴᠢᠯᠠᠪᠠ᠂  ᠡᠨᠡ ᠪᠣᠯ ᠰᠤᠷᠭᠠᠭᠤᠯᠢ᠂ ᠪᠠᠭᠰᠢ ᠶᠢᠨ ᠰᠤᠷᠭᠠᠨ ᠬᠥᠮᠦᠵᠢᠭᠦᠯᠬᠦ ᠡᠷᠬᠡ᠂ ᠬᠠᠮᠢᠶᠠᠷᠬᠤ  ᠡᠷᠬᠡ᠂  ᠦᠨᠡᠯᠡᠬᠦ  ᠡᠷᠬᠡ ᠪᠠᠨ  ᠬᠡᠷᠡᠭᠵᠢᠭᠦᠯᠬᠦ ᠪᠣᠳᠠᠲᠠᠶ ᠠᠷᠭ᠎ᠠ ᠮᠠᠶ᠋ᠢᠭ ᠪᠤᠯᠤᠨ᠎ᠠ᠃ ᠵᠠᠯᠬᠠᠭᠠᠨ ᠴᠡᠭᠡᠷᠯᠡᠭᠦᠯᠬᠦ ᠪᠠᠷᠢᠮᠵᠢᠶ᠎ᠠ ᠶᠢᠨ ᠲᠤᠬᠠᠢ ︽ᠲᠦᠷᠢᠮ︾ ᠳᠤ  ᠲᠤᠯᠤᠭᠠᠨ  ᠵᠤᠷᠪᠤᠰ  ︽ᠤᠯᠠᠭᠠᠨ  ᠱᠤᠭᠤᠮ︾  ᠲᠣᠭᠳᠠᠭᠠᠵᠠᠢ᠃  ᠡᠩ ᠲᠡᠷᠢᠭᠦᠨ ᠳᠤ ᠪᠡᠶ᠎ᠡ ᠮᠠᠬᠠᠪᠣᠳ ᠢ ᠨᠢ ᠭᠡᠮᠲᠦᠭᠡᠬᠦ ᠳᠤ᠂  ᠵᠤᠳᠤᠵᠤ  ᠴᠣᠬᠢᠬᠤ᠂  ᠬᠠᠳᠬᠤᠵᠤ  ᠰᠢᠪᠡᠬᠦ  ᠵᠡᠷᠭᠡ ᠠᠷᠭ᠎ᠠ ᠪᠠᠷ ᠰᠢᠭᠤᠳ ᠪᠡᠶ᠎ᠡ  ᠮᠠᠬᠠᠪᠣᠳ ᠢ  ᠵᠣᠪᠠᠭᠠᠬᠤ  ᠪᠡᠶ᠎ᠡ  ᠮᠠᠬᠠᠪᠤᠳ ᠤᠨ  ᠰᠢᠳᠭᠡᠯ  ᠦᠵᠡᠬᠦᠯᠬᠦ   ᠶᠢ  ᠪᠠᠭᠳᠠᠭᠠᠵᠠᠢ︔ ᠳᠠᠷᠠᠭ᠎ᠠ ᠳᠤᠨᠢ᠂  ᠬᠡᠮᠵᠢᠶᠡᠨ ᠠᠴᠠ  ᠬᠡᠲᠦᠷᠡᠭᠦᠯᠦᠨ  ᠰᠢᠳᠭᠡᠯ  ᠦᠵᠡᠬᠦᠯᠬᠦ ᠳᠤ᠂  ᠬᠡᠪ ᠤᠨ  ᠬᠡᠮᠵᠢᠶᠡᠨ ᠠᠴᠠ  ᠬᠡᠲᠦᠷᠡᠬᠦᠯᠦᠨ ᠰᠢᠳᠭᠡᠬᠦ᠂  ᠳᠠᠬᠢᠨ ᠳᠠᠪᠲᠠᠨ ᠬᠠᠭᠤᠯᠵᠤ ᠪᠢᠴᠢᠬᠦᠯᠬᠦ᠂ ᠡᠪ ᠬᠠᠪᠤ ᠥᠬᠡᠶ ᠬᠥᠳᠡᠯᠭᠡᠭᠡᠨ ᠪᠤᠶᠤ  ᠳᠦᠷᠰᠦ  ᠪᠠᠶᠢᠳᠠᠯ ᠢ  ᠠᠯᠪᠠᠲᠠᠨ ᠬᠢᠯᠭᠡᠬᠦ ᠵᠢᠴᠢ ᠵᠣᠷᠢᠭᠤᠳᠠ ᠭᠠᠭᠴᠠᠭᠠᠷᠳᠠᠭᠤᠯᠬᠤ ᠵᠡᠷᠭᠡ ᠪᠡᠶ᠎ᠡ ᠮᠠᠬᠠᠪᠣᠳ ᠪᠠ ᠰᠡᠳᠬᠢᠴᠡ ᠶᠢ ᠨᠢ  ᠳᠠᠮ ᠢᠶᠠᠷ  ᠭᠡᠮᠲᠦᠭᠡᠬᠦ  ᠵᠡᠷᠭᠡ ᠬᠡᠯᠪᠡᠷᠢ ᠶᠢ ᠨᠢ ᠥᠭᠡᠷᠡᠲᠦᠭᠦᠯᠦᠨ ᠬᠠᠷᠠᠳᠠᠵᠤ ᠲᠠᠮᠤᠯᠠᠬᠤ ᠦᠢᠯᠡ ᠠᠵᠢᠯᠯᠠᠭ᠎ᠠ ᠶᠢ ᠪᠠᠭᠳᠠᠭᠠᠵᠠᠢ᠃ ᠲᠡᠬᠢᠪᠡᠯ ᠦᠭᠡ ᠶᠠᠷᠢᠶ᠎ᠠ ᠦᠢᠯᠡ ᠠᠵᠢᠯᠯᠠᠭ᠎ᠠ ᠪᠠᠷ ᠢᠶᠠᠨ ᠳᠣᠷᠣᠮᠵᠢᠯᠠᠨ  ᠮᠠᠭᠤᠯᠠᠬᠤ ᠳᠤ᠂  ᠳᠣᠷᠣᠮᠵᠢᠯᠠᠨ  ᠬᠠᠷᠢᠶᠠᠬᠤ ᠪᠤᠶᠤ ᠭᠠᠳᠠᠭᠤᠷᠴᠢᠯᠠᠬᠤ ᠴᠢᠨᠠᠷᠲᠠᠶ ᠪᠠ ᠳᠣᠷᠣᠮᠵᠢᠯᠠᠬᠤ ᠴᠢᠨᠠᠷᠲᠠᠶ ᠦᠭᠡ ᠶᠠᠷᠢᠶ᠎ᠠ ᠦᠢᠯᠡ ᠠᠵᠢᠯᠯᠠᠭ᠎ᠠ ᠪᠠᠷ ᠰᠣᠷᠣᠭᠴᠢ ᠶᠢᠨ ᠨᠡᠷ᠎ᠡ ᠬᠦᠨᠳᠦ ᠳᠤ ᠬᠠᠯᠳᠠᠬᠤ ᠶᠢ ᠪᠠᠭᠳᠠᠭᠠᠪᠠ᠃ ᠪᠠᠰᠠ ᠬᠤᠪᠢ ᠬᠥᠮᠦᠨ ᠪᠤᠶᠤ ᠴᠥᠭᠡᠨ ᠲᠣᠭᠠᠨ ᠤ ᠬᠥᠮᠦᠨ ᠤ ᠲᠦᠷᠢᠮ ᠲᠣᠭᠲᠠᠭᠠᠯ ᠰᠠᠬᠢᠯᠭ᠎ᠠ ᠪᠠᠲᠤ ᠶᠢ ᠵᠥᠷᠢᠴᠡᠭᠰᠡᠨ ᠦᠢᠯᠡ ᠠᠵᠢᠯᠯᠠᠭ᠎ᠠ ᠠᠴᠠ  ᠪᠣᠯᠵᠣ  ᠪᠥᠬᠦ  ᠰᠣᠷᠣᠭᠴᠢ ᠶᠢ ᠰᠢᠳᠭᠡᠬᠦ︔  ᠰᠤᠷᠤᠭᠴᠢ ᠶᠢᠨ ᠬᠤᠪᠢ ᠬᠥᠮᠦᠨ ᠤ ᠰᠤᠷᠤᠯᠭ᠎ᠠ ᠶᠢᠨ ᠬᠢᠷᠢ ᠪᠦᠲᠦᠮᠵᠢ ᠠᠴᠠ ᠪᠣᠯᠵᠤ ᠰᠤᠷᠤᠭᠴᠢ ᠶᠢ ᠰᠢᠳᠭᠡᠬᠦ︔  ᠬᠤᠪᠢ  ᠬᠥᠮᠦᠨ ᠤ  ᠤᠷᠮ᠎ᠠ ᠰᠡᠳᠬᠢᠯᠭᠡ᠂  ᠰᠠᠶᠢᠨ  ᠮᠠᠭᠤ ᠠᠴᠠ  ᠪᠣᠯᠵᠤ  ᠰᠤᠷᠭᠠᠨ  ᠬᠥᠮᠦᠵᠢᠯ ᠤᠨ  ᠵᠠᠯᠬᠠᠭᠠᠨ   ᠴᠡᠭᠡᠷᠯᠡᠭᠦᠯᠦᠯ   ᠶᠠᠪᠤᠭᠤᠯᠬᠤ   ᠪᠤᠶᠤ ᠰᠤᠩᠭᠤᠯᠳᠠ ᠲᠠᠢ   ᠪᠠᠷ  ᠶᠠᠪᠤᠭᠤᠯᠬᠤ   ᠶᠢ  ᠪᠠᠭᠳᠠᠭᠠᠵᠠᠢ︔  ᠬᠠᠮᠤᠭ  ᠰᠡᠭᠦᠯ ᠳᠤᠨᠢ  ᠰᠤᠷᠤᠭᠴᠢ  ᠲᠣᠮᠢᠯᠠᠨ  ᠥᠪᠡᠷ ᠢ ᠪᠠᠨ ᠣᠷᠣᠯᠠᠭᠤᠯᠤᠨ ᠪᠤᠰᠤᠳ ᠰᠤᠷᠤᠭᠴᠢ ᠳᠤ ᠰᠤᠷᠭᠠᠨ ᠬᠥᠮᠦᠵᠢᠯ ᠤᠨ ᠵᠠᠯᠬᠠᠭᠠᠨ ᠴᠡᠭᠡᠷᠯᠡᠭᠦᠯᠦᠯ ᠶᠠᠪᠤᠭᠤᠯᠬᠤ ᠶᠢ ᠪᠠᠭᠳᠠᠭᠠᠪᠠ᠃ ᠡᠭᠦᠨ ᠠᠴᠠ ᠭᠠᠳᠠᠨ᠎ᠠ᠂  ︽ᠲᠦᠷᠢᠮ︾ ᠳᠤ  ᠪᠠᠰᠠ  ᠰᠤᠷᠭᠠᠨ  ᠬᠥᠮᠦᠵᠢᠯ ᠤᠨ  ᠵᠠᠯᠬᠠᠭᠠᠨ  ᠴᠡᠭᠡᠷᠯᠡᠭᠦᠯᠬᠦ  ᠦᠢᠯᠡ ᠪᠠᠶᠢᠳᠠᠯ ᠤᠨ ᠲᠤᠬᠠᠶ ᠪᠣᠳᠠᠲᠠᠶ ᠲᠣᠭᠲᠠᠭᠠᠯ ᠭᠠᠷᠭᠠᠵᠤ᠂ ᠦᠨᠡᠬᠡᠷ ᠴᠢᠬᠤᠯᠠᠲᠠᠶ ᠪᠠᠶᠢᠳᠠᠯ ᠳᠣᠤᠷ᠎ᠠ᠂ ᠰᠤᠷᠭᠠᠭᠤᠯᠢ ᠪᠠ ᠪᠠᠭᠰᠢ ᠨᠢ ᠰᠣᠷᠣᠭᠴᠢᠳ ᠲᠤ ᠲᠦᠷᠢᠮ ᠲᠤᠬᠳᠠᠭᠠᠯ ᠢ ᠳᠠᠭᠠᠬᠤ ᠥᠬᠡᠶ᠂  ᠡᠮᠬᠢ  ᠵᠢᠷᠤᠮ ᠢ  ᠰᠠᠮᠠᠭᠤᠷᠠᠭᠤᠯᠬᠤ᠂  ᠦᠢᠯᠡ  ᠠᠵᠢᠯᠯᠠᠭ᠎ᠠ ᠨᠢ ᠵᠢᠷᠤᠮᠵᠢᠯ ᠢᠶᠠᠨ ᠠᠯᠳᠠᠬᠤ᠂ ᠠᠶᠤᠯᠲᠤ ᠴᠢᠨᠠᠷ ᠲᠠᠢ᠂ ᠡᠷᠬᠡ ᠠᠰᠢᠭ ᠲᠤ ᠬᠠᠯᠳᠠᠬᠤ ᠵᠡᠷᠭᠡ ᠦᠢᠯᠡ ᠪᠠᠶᠢᠳᠠᠯ ᠭᠠᠷᠬᠤ ᠳᠤ ᠬᠦᠷᠪᠡᠯ ᠰᠤᠷᠭᠠᠨ ᠬᠥᠮᠦᠵᠢᠯ ᠤᠨ ᠵᠠᠯᠬᠠᠭᠠᠨ ᠴᠡᠭᠡᠷᠯᠡᠭᠦᠯᠦᠯ ᠶᠠᠪᠤᠭᠤᠯᠵᠤ ᠪᠤᠯᠤᠨ᠎ᠠ ᠬᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号