︽ᠠᠶᠠᠭ᠎ᠠ︾ ᠭᠡᠭᠰᠡᠭᠡᠷ ︽ᠠᠶᠠᠭ᠎ᠠ ᠰᠠᠪᠠ︾᠂ ︽ᠮᠣᠳᠣᠨ ᠠᠶᠠᠭ᠎ᠠ︾᠂ ︽ᠮᠦᠩᠭᠦᠨ ᠠᠶᠠᠭ᠎ᠠ︾᠂ ︽ | ᠠᠯᠲᠠᠨ ᠠᠶᠠᠭ᠎ᠠ︾ ᠁ ᠭᠡᠵᠦ ᠠᠮᠢᠳᠤᠷᠠᠯ ᠤᠨ ᠬᠡᠷᠡᠭᠰᠡᠯ ᠲᠠᠢ ᠪᠠᠨ ᠬᠤᠯᠪᠣᠨ ᠪᠣᠳᠣᠬᠤ ᠪᠤᠶᠤ ︽ᠠᠶᠠᠭᠠᠨ | ᠠᠯᠠᠭ ᠠᠴᠠ ᠠᠳᠤᠭᠤᠨ ᠤ ᠠᠯᠠᠭ ᠰᠠᠶᠢᠬᠠᠨ︾᠂ ︽ᠠᠶᠠᠭ᠎ᠠ ᠪᠠᠨ ᠭᠤᠯᠤᠬᠤ ᠪᠠᠷ ᠢᠶᠠᠨ ᠠᠭᠠᠰᠢ ᠪᠠᠨ ᠭᠤᠯᠤ᠂ | ᠠᠶᠢᠯ ᠢᠶᠠᠨ ᠭᠤᠯᠤᠬᠤ ᠪᠠᠷ ᠢᠶᠠᠨ ᠪᠡᠶ᠎ᠡ ᠪᠠᠨ ᠭᠤᠯᠤ︾᠂ ︽ᠠᠶᠠᠭ᠎ᠠ ᠴᠠᠢ ᠶᠢᠨ ᠳᠠᠯᠵᠢ ᠦᠭᠡᠢ᠂ ᠠᠮᠠ ᠳᠠᠪᠤᠤ ᠶᠢᠨ | ᠲᠠᠯ᠎ᠠ ᠦᠭᠡᠢ︾᠂ ︽ᠠᠶᠠᠭᠠᠨ ᠤ ᠬᠠᠷᠢᠭᠤ ᠡᠳᠦᠷ ᠲᠡᠭᠡᠨ᠂ ᠠᠳᠤᠭᠤᠨ ᠤ ᠬᠠᠷᠢᠭᠤ ᠵᠢᠯ ᠳᠡᠭᠡᠨ︾ ᠁ ᠭᠡᠬᠦ | ᠮᠡᠲᠦ ᠶᠢᠨ ᠣᠯᠠᠨ ᠰᠠᠶᠢᠬᠠᠨ ᠬᠡᠯᠡᠴᠡ ᠦᠭᠡ ᠰᠠᠨᠠᠭᠠᠨ ᠳᠤ ᠣᠷᠣᠬᠤ ᠴᠤ ᠮᠠᠭᠠᠳ᠃ ᠭᠡᠪᠡᠴᠦ ᠮᠢᠨᠦ ᠤᠴᠢᠷᠯᠠᠨ᠎ᠠ | ᠭᠡᠵᠦ ᠪᠠᠶᠢᠭ᠎ᠠ ︽ᠠᠶᠠᠭ᠎ᠠ︾ ᠪᠣᠯ ᠡᠳᠡᠭᠡᠷ ᠤᠨ ᠠᠯᠢ ᠨᠢ ᠴᠤ ᠪᠢᠰᠢ᠂ ᠬᠠᠷᠢᠨ ᠠᠵᠢᠯ ᠠᠯᠪᠠ ᠶᠢᠨ ︽ᠠᠶᠠᠭ᠎ᠠ︾ | ᠪᠣᠯᠤᠨ᠎ᠠ᠃ | ᠲᠥᠷᠦᠭᠦᠦ ᠵᠠᠭᠤᠨ ᠤ ᠳᠤᠮᠳᠠᠴᠢ ᠪᠠᠷ ᠲᠣᠭᠲᠠᠭᠰᠠᠨ ᠠᠵᠢᠯ ᠠᠯᠪᠠ ᠲᠠᠢ᠂ ᠴᠠᠯᠢᠩ ᠮᠦᠩᠭᠦ ᠲᠠᠢ ᠬᠦᠮᠦᠨ ᠢ ︽ | ᠲᠡᠮᠦᠷ ᠠᠶᠠᠭ᠎ᠠ︾ ᠲᠠᠢ ᠭᠡᠵᠦ᠂ ᠲᠤᠰᠬᠠᠢ ᠮᠡᠷᠭᠡᠵᠢᠯ ᠤᠨ ᠰᠤᠷᠭᠠᠭᠤᠯᠢ ᠪᠤᠶᠤ ᠶᠡᠭᠡ ᠳᠡᠭᠡᠳᠦ ᠰᠤᠷᠭᠠᠭᠤᠯᠢ ᠳᠤ | ᠰᠢᠯᠭᠠᠭᠳᠠᠨ ᠣᠷᠣᠪᠠᠯ ︽ᠲᠡᠮᠦᠷ ᠠᠶᠠᠭ᠎ᠠ ᠲᠠᠢ ᠪᠣᠯᠴᠢᠬᠠᠵᠠᠢ︾ ᠭᠡᠵᠦ ᠬᠡᠯᠡᠳᠡᠭ᠃ ︽ᠲᠡᠮᠦᠷ ᠠᠶᠠᠭ᠎ᠠ︾ ᠲᠠᠢ ᠴᠤ | ᠪᠣᠯᠤᠭ᠂ ︽ᠲᠡᠮᠦᠷ ᠠᠶᠠᠭ᠎ᠠ︾ ᠲᠠᠢ ᠪᠣᠯᠴᠢᠬᠠᠭᠰᠠᠨ ᠴᠤ ᠪᠣᠯᠤᠭ᠂ ᠬᠥᠳᠡᠭᠡ ᠶᠢᠨ ᠬᠠᠷ᠎ᠠ ᠪᠣᠷᠣ ᠠᠵᠢᠯ ᠠᠴᠠ | ᠵᠠᠶᠢᠳᠠᠭᠤ᠂ ᠪᠤᠶᠢᠳᠠ ᠪᠥᠭᠯᠡᠭᠦᠦ ᠠᠬᠤᠢ ᠠᠴᠠ ᠰᠠᠯᠤᠩᠬᠢ᠂ ᠰᠠᠯᠬᠢ ᠪᠣᠷᠣᠭᠠᠨ ᠠᠴᠠ ᠳᠠᠯᠳᠠ᠂ ᠬᠤᠲᠠ ᠭᠠᠵᠠᠷ | ᠣᠷᠣᠩᠨᠠᠵᠤ᠂ ᠠᠯᠪᠠᠨ ᠪᠠᠶᠢᠭᠤᠯᠭ᠎ᠠ ᠳᠤ ᠠᠵᠢᠯᠯᠠᠨ᠂ ᠴᠠᠯᠢᠩ ᠮᠦᠩᠭᠦ ᠣᠯᠵᠤ᠂ ︽ᠤᠯᠤᠰ ᠤᠨ ᠺᠠᠳ᠋ᠷ︾ ᠪᠣᠯᠵᠤ | ᠶᠠᠪᠤᠬᠤ ᠶᠢ ᠬᠡᠯᠡᠳᠡᠭ᠃ ᠲᠡᠷᠡ ᠥᠶ᠎ᠡ ᠳᠤ ᠰᠣᠶᠣᠯ ᠰᠤᠷᠭᠠᠨ ᠬᠥᠮᠥᠵᠢᠯ ᠤᠨ ᠵᠠᠮ ᠢᠶᠠᠷ ᠶᠠᠪᠤᠭᠰᠠᠳ ᠴᠥᠭᠡᠨ᠂ | ᠪᠦᠬᠦ ᠠᠷᠠᠳ ᠤᠨ ᠰᠣᠶᠣᠯ ᠤᠨ ᠬᠢᠷᠢ ᠲᠥᠪᠰᠢᠨ ᠳᠣᠣᠷ᠎ᠠ᠂ ᠴᠢᠨᠠᠭᠰᠢᠯᠠᠪᠠᠯ ᠶᠡᠭᠡ ᠣᠯᠠᠨ ᠪᠢᠴᠢᠭ ᠤᠨ ᠪᠠᠯᠠᠢ | ᠪᠠᠶᠢᠭᠰᠠᠨ ᠴᠠᠭ ᠪᠣᠯᠬᠤᠷ ᠦᠰᠦᠭ ᠲᠠᠨᠢᠵᠤ᠂ ᠪᠢᠴᠢᠭ ᠪᠢᠴᠢᠵᠦ᠂ ᠰᠣᠨᠢᠨ ᠣᠩᠰᠢᠵᠤ ᠳᠡᠶᠢᠯᠳᠡᠭ ᠬᠦᠮᠦᠨ ︽ | ᠰᠣᠶᠣᠯ ᠲᠠᠢ ᠬᠦᠮᠦᠨ︾᠂ ︽ᠰᠡᠬᠡᠬᠡᠲᠡᠨ︾ ᠳᠤ ᠲᠣᠭᠠᠴᠠᠭᠳᠠᠵᠤ ᠪᠠᠶᠢᠭᠰᠠᠨ᠃ ᠲᠡᠶᠢᠮᠦ ᠪᠣᠯᠬᠤᠷ ᠲᠣᠮᠳᠠ | ᠵᠡᠷᠭᠡ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠪᠤᠶᠤ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠰᠤᠷᠤᠭᠴᠢᠳ | ᠵᠠᠭᠤᠨ ᠤ ᠵᠠᠭᠤ ᠪᠠᠷ ᠠᠵᠢᠯ ᠣᠯᠳᠠᠭ᠃ ᠡᠳᠡᠭᠡᠷ ᠰᠤᠷᠭᠠᠭᠤᠯᠢ ᠳᠤ ᠰᠢᠯᠭᠠᠭᠳᠠᠨ ᠣᠷᠣᠯ᠎ᠠ ᠯᠠ ᠭᠡᠭᠰᠡᠭᠡᠷ | ᠰᠤᠷᠤᠭᠰᠠᠨ ᠨᠢ ᠶᠠᠮᠠᠷ ᠢ ᠬᠠᠮᠢᠶᠠᠷᠬᠤ ᠦᠭᠡᠢ ᠲᠡᠭᠦᠰᠦᠭᠰᠡᠭᠡᠷ ᠪᠦᠬᠦᠨ ᠢᠶᠠᠷ ᠢᠶᠠᠨ ᠠᠵᠢᠯ ᠣᠯᠵᠤ ᠳᠡᠶᠢᠯᠳᠡᠭ | ᠪᠣᠯᠬᠤᠷ ᠶᠠᠭᠠᠬᠢᠵᠤ ᠴᠣᠬᠢᠪᠠᠴᠤ ᠬᠠᠭᠠᠷᠠᠬᠤ ᠦᠭᠡᠢ᠂ ᠶᠠᠭᠠᠬᠢᠵᠤ ᠡᠳ᠋ᠯᠡᠪᠡᠴᠦ ᠡᠯᠡᠭᠳᠡᠬᠦ ᠦᠭᠡᠢ ︽ᠲᠡᠮᠦᠷ ᠠᠶᠠᠭ᠎ᠠ︾ | ᠁ ᠲᠣᠭᠲᠠᠭᠰᠠᠨ ᠠᠵᠢᠯ ᠠᠯᠪᠠ ᠲᠠᠢ᠂ ᠴᠠᠯᠢᠩ ᠮᠦᠩᠭᠦ ᠲᠠᠢ ︽ᠤᠯᠤᠰ ᠤᠨ ᠪᠤᠳᠠᠭ᠎ᠠ︾ ᠢᠳᠡᠳᠡᠭ ︽ᠲᠡᠮᠦᠷ | ᠠᠶᠠᠭ᠎ᠠ︾ ᠲᠠᠢ ᠪᠣᠯᠳᠠᠭ᠃ ︽ᠴᠠᠭ ᠴᠠᠭ ᠢᠶᠠᠷ ᠪᠠᠶᠢᠳᠠᠭ ᠦᠭᠡᠢ᠂ ᠴᠠᠬᠢᠯᠳᠠᠭ ᠬᠥᠬᠡ ᠪᠠᠷ ᠢᠶᠠᠨ ᠪᠠᠶᠢᠳᠠᠭ ᠦᠭᠡᠢ︾ | ᠭᠡᠭᠴᠢ ᠪᠠᠷ ᠨᠡᠶᠢᠭᠡᠮ ᠤᠨ ᠬᠥᠭᠵᠢᠯᠲᠡ᠂ ᠴᠠᠭ ᠥᠶ᠎ᠡ ᠶᠢᠨ ᠬᠤᠪᠢᠷᠠᠯᠲᠠ᠂ ᠬᠦᠮᠦᠨ ᠠᠷᠠᠳ ᠤᠨ ᠬᠡᠪ ᠪᠣᠯᠪᠠᠰᠤᠷᠠᠯ | ᠤᠨ ᠳᠡᠭᠡᠭᠰᠢᠯᠡᠯᠲᠡ ᠶᠢ ᠳᠠᠭᠠᠯᠳᠤᠨ ︽ᠲᠡᠮᠦᠷ ᠠᠶᠠᠭ᠎ᠠ︾ ᠳᠤ ᠰᠦᠷᠳᠡᠭᠦᠯᠦᠯ ᠤᠴᠠᠷᠠᠵᠤ᠂ ︽ᠰᠢᠪᠠᠷ ᠠᠶᠠᠭ᠎ᠠ︾ | ᠪᠠᠷ ᠰᠣᠯᠢᠭᠳᠠᠬᠤ ᠪᠣᠯᠤᠯᠴᠠᠭ᠎ᠠ ᠭᠠᠷᠤᠭᠰᠠᠨ ᠮᠥᠷᠲᠡᠭᠡᠨ ︽ᠲᠡᠮᠦᠷ ᠠᠶᠠᠭ᠎ᠠ︾ ᠪᠠᠨ ︽ᠠᠯᠲᠠᠨ ᠠᠶᠠᠭ᠎ᠠ︾᠂ ︽ | ᠠᠯᠮᠠᠰ ᠠᠶᠠᠭ᠎ᠠ︾ ᠪᠣᠯᠭᠠᠬᠤ ᠨᠥᠬᠦᠴᠡᠯ ᠴᠤ ᠪᠦᠷᠢᠯᠳᠦᠭᠰᠡᠨ ᠪᠠᠶᠢᠨ᠎ᠠ᠃ | ︽ᠲᠡᠮᠦᠷ ᠠᠶᠠᠭᠠᠨ︾ ᠳᠠᠭᠠᠨ ᠰᠡᠳᠬᠢᠯ ᠬᠠᠨᠵᠤ ᠴᠢᠷᠮᠠᠶᠢᠵᠤ ᠵᠢᠳᠬᠦᠬᠦ ᠳᠤᠷ᠎ᠠ ᠦᠭᠡᠢ᠂ ᠳᠠᠪᠰᠢᠵᠤ | ᠥᠭᠡᠳᠡᠯᠡᠬᠦ ᠶᠢ ᠪᠣᠳᠣᠬᠤ ᠦᠭᠡᠢ᠂ ᠨᠡᠮᠡᠭᠳᠡᠭᠦᠯᠵᠦ ᠬᠤᠷᠠᠮᠳᠤᠭᠤᠯᠬᠤ ᠶᠢ ᠬᠢᠬᠦ ᠦᠭᠡᠢ᠂ ᠥᠭᠡᠷᠡᠴᠢᠯᠡᠵᠦ | ᠰᠢᠨᠡᠴᠢᠯᠡᠬᠦ ᠶᠢ ᠣᠷᠣᠯᠳᠣᠬᠤ ᠦᠭᠡᠢ ᠨᠢᠭᠡ ᠪᠦᠯᠦᠭ ᠬᠦᠮᠦᠨ ᠨᠢ ᠴᠠᠭ ᠥᠶ᠎ᠡ ᠶᠢᠨ ᠤᠷᠤᠰᠬᠠᠯ ᠳᠤ ︽ᠲᠡᠮᠦᠷ | ᠠᠶᠠᠭ᠎ᠠ︾ ᠪᠠᠨ ︽ᠰᠢᠪᠠᠷ ᠠᠶᠠᠭ᠎ᠠ︾ ᠪᠣᠯᠭᠠᠵᠤ᠂ ᠠᠵᠢᠯ ᠠᠯᠪᠠ ᠪᠠᠨ ᠠᠯᠳᠠᠨ᠂ ᠠᠮᠢᠳᠤᠷᠠᠯ ᠠᠬᠤᠢ ᠪᠠᠨ | ᠳᠣᠷᠦ᠋ᠢᠲᠠᠭᠤᠯᠵᠤ᠂ ᠠᠩᠭᠢ ᠠᠴᠠ ᠪᠠᠨ ᠬᠠᠶᠠᠭᠳᠠᠨ᠂ ᠡ᠊ᠩᠨᠡᠭᠡᠨ ᠠᠴᠠ ᠪᠠᠨ ᠬᠤᠴᠣᠷᠣᠭᠰᠠᠨ ᠪᠠᠶᠢᠨ᠎ᠠ᠃ ᠪᠠᠰᠠ | ᠨᠢᠭᠡ ᠪᠦᠯᠦᠭ ᠵᠠᠯᠠᠭᠤᠴᠤᠳ᠂ ᠠᠯᠤᠰ ᠤᠨ ᠬᠠᠷᠠᠯᠲᠠ ᠦᠭᠡᠢ᠂ ᠨᠢᠳᠦᠨ ᠡᠮᠦᠨᠡᠬᠢ ᠳᠡᠭᠡᠨ ᠭᠤᠲᠤᠷᠠᠨ᠂ ᠠᠬᠤᠢ | ᠪᠠᠶᠢᠳᠠᠯ ᠳᠠᠭᠠᠨ ᠭᠤᠮᠤᠳᠠᠭᠠᠳ᠂ ᠴᠠᠭ ᠮᠥᠴᠡ ᠪᠠᠨ ᠲᠠᠯᠠᠭᠠᠷ ᠬᠤᠭᠤᠰᠣᠨ ᠦᠷᠡᠭᠡᠵᠦ᠂ ᠡᠳᠦᠷ ᠰᠥᠨᠢ ᠶᠢ | ᠴᠠᠯᠠᠭᠠᠢ ᠬᠠᠭᠤᠳᠠᠮ ᠥᠩᠭᠡᠷᠡᠭᠦᠯᠦᠨ᠂ ᠶᠡᠭᠡ ᠡᠷᠲᠡ ᠠᠴᠠ ᠨᠡᠶᠢᠭᠡᠮ ᠤᠨ ᠰᠤᠯᠠ ᠠᠷᠠᠳ ᠪᠣᠯᠵᠤ ᠰᠡᠯᠡᠭᠦᠦ ᠡᠷᠭᠢᠴᠡᠬᠦ | ᠪᠤᠶᠤ ᠶᠡᠭᠡ ᠰᠤᠷᠭᠠᠭᠤᠯᠢ ᠳᠤ ᠰᠢᠯᠭᠠᠭᠳᠠᠨ ᠣᠷᠣᠭᠰᠠᠨ ᠴᠤ ᠰᠤᠷᠴᠤ ᠳᠡᠭᠡᠭᠰᠢᠯᠡᠭᠦᠯᠬᠦ ᠪᠠ ᠪᠦᠷᠢᠨᠰᠢᠭᠦᠯᠵᠣ | ᠲᠡᠭᠦᠯᠳᠡᠷᠵᠢᠭᠦᠯᠬᠦ ᠤᠬᠠᠮᠰᠠᠷ ᠲᠤᠲᠠᠮᠠᠭ᠂ ᠡᠵᠡᠮᠰᠢᠪᠡᠰᠦ ᠵᠣᠬᠢᠬᠤ ᠡᠷᠳᠡᠮ ᠮᠡᠳᠡᠯᠭᠡ ᠪᠠᠨ ᠡᠵᠡᠮᠰᠢᠬᠦ ᠦᠭᠡᠢ᠂ | ᠪᠦᠷᠢᠯᠳᠦᠭᠦᠯᠪᠡᠰᠦ ᠵᠣᠬᠢᠬᠤ ᠴᠢᠳᠠᠪᠤᠷᠢ ᠪᠠᠨ ᠪᠦᠷᠢᠯᠳᠦᠭᠦᠯᠬᠦ ᠦᠭᠡᠢ᠂ ︽ᠠᠳᠤᠭᠤᠨ ᠳᠠᠭᠠᠨ ᠭᠡᠪᠡᠯ ᠬᠦᠯᠦᠭ ᠤᠨ | ᠲᠣᠭᠤᠰᠣᠨ ᠳᠤ ᠳᠠᠷᠤᠭᠳᠠᠬᠤ ᠦᠭᠡᠢ᠂ ᠠᠲᠠᠭᠠᠨ ᠳᠠᠭᠠᠨ ᠭᠡᠪᠡᠯ ᠬᠦᠮᠦᠨ ᠤ ᠲᠣᠭᠤᠰᠣᠨ ᠳᠤ ᠪᠤᠯᠠᠭᠳᠠᠬᠤ ᠦᠭᠡᠢ︾ | ᠭᠡᠰᠡᠨ ᠬᠦᠰᠡᠯ ᠵᠣᠷᠢᠭ ᠦᠭᠡᠢ᠂ ︽ᠵᠦᠭᠡᠷ ᠰᠠᠭᠤᠪᠠᠴᠤ ᠨᠢᠭᠡ ᠨᠠᠰᠤ᠂ ᠵᠦᠯᠭᠦᠵᠦ ᠰᠠᠭᠤᠪᠠᠴᠤ ᠨᠢᠭᠡ ᠨᠠᠰᠤ︾᠂ ︽ | ᠲᠣᠭᠠᠯᠠᠵᠤ ᠲᠠᠯᠪᠢᠭᠰᠠᠨ ᠨᠠᠰᠤ᠂ ᠲᠥᠭᠡᠯᠡᠵᠦ ᠲᠠᠯᠪᠢᠭᠰᠠᠨ ᠪᠡᠶ᠎ᠡ︾ ᠪᠠᠨ ᠵᠣᠪᠠᠭᠠᠬᠤ ᠦᠭᠡᠢ᠂ ᠴᠢᠯᠡᠭᠡᠬᠦ ᠦᠭᠡᠢ | ᠭᠡᠵᠦ ᠨᠣᠮ ᠤᠨ ᠪᠠᠯᠠᠢ ᠨᠦᠢᠷ ᠤᠨ ᠡᠵᠡᠨ ᠪᠣᠯᠵᠤ᠂ ︽ᠲᠡᠮᠦᠷ ᠠᠶᠠᠭ᠎ᠠ︾ ᠶᠢ ᠪᠦᠦ ᠬᠡᠯᠡ᠂ ︽ᠰᠢᠪᠠᠷ ᠠᠶᠠᠭ᠎ᠠ︾ | ᠴᠤ ᠦᠭᠡᠢ᠂ ᠬᠤᠲᠠ ᠳᠤ ᠠᠵᠢᠯ ᠦᠭᠡᠢ ︽ᠲᠡᠨᠦᠭᠦᠯᠴᠢᠨ︾᠂ ᠬᠥᠳᠡᠭᠡ ᠳᠤ ᠳᠤᠷ᠎ᠠ ᠦᠭᠡᠢ ︽ᠣᠶᠣᠲᠠᠨ︾ | ᠪᠣᠯᠣᠭᠠᠳ ︽ᠣᠷᠣᠨᠴᠤᠭ︾ ᠪᠣᠯᠵᠤ ᠣᠯᠢᠭ ᠢᠶᠠᠨ ᠪᠠᠷᠠᠵᠤ ᠶᠠᠪᠤᠭ᠎ᠠ ᠨᠢ ᠴᠥᠭᠡᠨ ᠪᠤᠰᠤ᠃ | ᠬᠡᠯᠡᠯᠭᠡᠨ ᠦᠭᠡᠢ ᠪᠠᠰᠠ ᠨᠢᠭᠡ ᠪᠦᠯᠦᠭ ᠵᠠᠯᠠᠭᠤᠴᠤᠳ᠂ ᠴᠠᠭ ᠥᠶ᠎ᠡ ᠶᠢᠨ ᠠᠶᠢᠵᠠᠮ ᠢ ᠳᠠᠭᠠᠵᠤ᠂ ᠨᠡᠶᠢᠭᠡᠮ | ᠤᠨ ᠬᠥᠭᠵᠢᠯᠲᠡ ᠳᠤ ᠵᠣᠬᠢᠴᠠᠭᠰᠠᠨ᠂ ᠬᠡᠷᠡᠭᠴᠡᠭᠡ ᠱᠠᠭᠠᠷᠳᠠᠯᠭ᠎ᠠ ᠳᠤ ᠨᠡᠶᠢᠴᠡᠭᠰᠡᠨ ᠴᠢᠷᠮᠠᠶᠢᠯᠭ᠎ᠠ ᠵᠢᠳᠬᠦᠯ ᠲᠠᠢ | ᠬᠤᠪᠢ ᠨᠡᠮᠡᠷᠢ ᠲᠠᠢ ᠦᠢᠯᠡᠰ ᠪᠦᠲᠦᠭᠡᠯ ᠲᠠᠢ ᠣᠷᠣᠨ ᠪᠠᠶᠢᠷᠢ ᠲᠠᠢ ᠬᠦᠮᠦᠨ ᠪᠣᠯᠵᠤ᠂ ᠥᠷᠢᠰᠥᠯᠳᠦᠭᠡᠨ ᠤᠯᠠᠮ | ᠠᠴᠠ ᠤᠯᠠᠮ ᠴᠢᠩᠭᠠᠷᠠᠭᠰᠠᠨ ᠡᠨ᠋ᠨ ᠡᠷᠢᠨ ᠳᠤ ᠵᠥᠪᠬᠡᠨ ︽ᠲᠡᠮᠦᠷ ᠠᠶᠠᠭ᠎ᠠ︾ ᠲᠠᠢ ᠯᠠ ᠪᠣᠯᠬᠤ ᠶᠢ ᠪᠣᠳᠤᠭ᠎ᠠ | ᠦᠭᠡᠢ᠂ ᠬᠠᠷᠢᠨ ᠦᠨᠡᠨᠬᠦ ᠴᠢᠳᠠᠪᠤᠷᠢ ᠲᠠᠢ᠂ ᠬᠠᠶᠢᠨ ᠰᠥᠪᠡᠭᠴᠢᠯᠡᠬᠦ ᠵᠣᠷᠢᠭ ᠲᠠᠢ᠂ ᠡᠭᠦᠳᠦᠨ ᠪᠦᠲᠦᠭᠡᠬᠦ | ᠬᠦᠰᠡᠯ ᠲᠠᠢ᠂ ᠥᠪᠡᠷᠮᠢᠴᠡ ᠳᠠᠪᠠᠭᠤ ᠲᠠᠯ᠎ᠠ ᠲᠠᠢ᠂ ᠥᠪᠡᠷ ᠤᠨ ᠭᠡᠰᠡᠨ ᠦᠵᠡᠯ ᠪᠣᠳᠣᠯ ᠲᠠᠢ᠂ ᠶᠡᠷᠦᠩᠬᠡᠢ ᠬᠡᠪ | ᠪᠣᠯᠪᠠᠰᠤᠷᠠᠯ ᠢᠶᠠᠷ ᠥᠨᠳᠥᠷ ᠡ᠊ᠩᠨᠡᠭᠡᠨ ᠤ ᠬᠡᠰᠢᠭᠦᠨ ᠪᠣᠯᠬᠤ ᠪᠠᠷ ᠲᠠᠰᠤᠷᠠᠯ ᠦᠭᠡᠢ ᠰᠤᠷᠤᠯᠴᠠᠵᠤ᠂ ᠵᠣᠭᠰᠣᠯ ᠦᠭᠡᠢ | ᠳᠡᠭᠡᠭᠰᠢᠯᠡᠭᠦᠯᠵᠦ ᠪᠤᠢ᠃ ᠢᠩᠬᠢᠭᠡᠳ ᠠᠵᠢᠯ ᠠᠯᠪᠠ ᠭᠦᠢᠴᠡᠭᠡᠵᠦ ᠪᠠᠶᠢᠭ᠎ᠠ ᠪᠠᠶᠢᠭᠤᠯᠭ᠎ᠠ ᠨᠢᠭᠡᠴᠢ ᠳᠡᠭᠡᠨ | ᠲᠣᠭᠤᠭᠳᠠᠭᠰᠠᠨ᠂ ᠣᠯᠠᠩᠬᠢ ᠬᠦᠮᠦᠨ ᠳᠤ ᠪᠢᠰᠢᠷᠡᠭᠳᠡᠭᠰᠡᠨ᠂ ᠣᠨᠴᠠ ᠵᠠᠷᠢᠮ ᠳᠤᠨᠢ ᠠᠲᠠᠭᠠᠷᠬᠠᠭᠳᠠᠭᠰᠠᠨ᠂ | ᠭᠤᠣᠯᠯᠠᠭᠴᠢ ᠬᠦᠴᠦᠨ ᠪᠣᠯᠣᠭᠠᠳ ᠥᠪᠡᠷ ᠤᠨ ᠪᠠᠶᠢᠷᠢ ᠰᠠᠭᠤᠷᠢ᠂ ᠨᠡᠷ᠎ᠡ ᠲᠥᠷᠦ ᠪᠠᠨ ᠮᠠᠨᠳᠤᠭᠤᠯᠤᠭᠠᠳ᠂ ᠭᠡᠭᠡᠨ | ᠰᠠᠷᠠᠭᠤᠯ ᠢᠷᠡᠭᠡᠳᠦᠢ ᠵᠦᠭ ᠴᠤᠴᠠᠯᠲᠠ ᠦᠭᠡᠢ ᠤᠷᠤᠭᠰᠢᠯᠠᠵᠤ ᠪᠠᠶᠢᠭ᠎ᠠ᠃ ᠡᠶᠢᠮᠦᠷᠭᠦᠦ ᠬᠦᠮᠦᠰ ᠵᠥᠪᠬᠡᠨ | ᠲᠣᠭᠲᠠᠭᠰᠠᠨ ᠨᠢᠭᠡ ᠠᠵᠢᠯ ᠣᠯᠵᠤ᠂ ᠴᠠᠯᠢᠩ ᠮᠦᠩᠭᠦ ᠪᠠᠲᠤᠯᠠᠭ᠎ᠠ ᠲᠠᠢ ︽ᠲᠡᠮᠦᠷ ᠠᠶᠠᠭ᠎ᠠ︾ ᠲᠠᠢ ᠠᠮᠢᠳᠤᠷᠠᠬᠤ ᠶᠢ | ᠪᠣᠳᠤᠭ᠎ᠠ ᠦᠭᠡᠢ᠂ ᠪᠠᠶᠢᠭᠤᠯᠭ᠎ᠠ ᠨᠢᠭᠡᠴᠢ ᠶᠢᠨ ᠢᠶᠠᠨ ᠲᠤᠲᠠᠭᠳᠠᠵᠤ ᠪᠣᠯᠣᠰᠢ ᠦᠭᠡᠢ ᠬᠦᠴᠦᠨ ᠪᠣᠯᠵᠤ᠂ ᠠᠵᠢᠯ | ᠮᠡᠷᠭᠡᠵᠢᠯ ᠳᠡᠭᠡᠨ ᠴᠠᠭᠠᠷᠠᠭᠰᠠᠨ ᠨᠢᠷᠤᠭᠤ ᠲᠤᠯᠭᠠᠭᠤᠷᠢ ᠪᠣᠯᠬᠤ ᠪᠠᠷ ᠪᠡᠶ᠎ᠡ ᠪᠠᠨ ᠴᠢᠩᠭ᠎ᠠ ᠱᠠᠭᠠᠷᠳᠠᠵᠤ᠂ ᠥᠶ᠎ᠡ | ᠬᠤᠷᠠᠭ ᠤᠨ ᠳᠤᠮᠳᠠ ᠪᠠᠨᠴᠣᠯᠭᠤᠷᠠᠭᠰᠠᠨ᠂ ᠦᠢᠯᠡᠳᠦᠯ ᠬᠡᠷᠡᠭᠴᠡᠭᠡ ᠪᠠᠷ ᠢᠶᠠᠨ ᠣᠷᠦ᠋ᠢᠯᠠᠭᠰᠠᠨ᠂ ᠴᠠᠯᠢᠩ ᠮᠦᠩᠭᠦ | ᠴᠤ ᠥᠨᠳᠥᠷ ᠬᠦᠮᠦᠨ ᠪᠣᠯᠵᠤ᠂ ︽ᠲᠡᠮᠦᠷ ᠠᠶᠠᠭ᠎ᠠ︾ ᠪᠠᠨ ︽ᠠᠯᠲᠠᠨ ᠠᠶᠠᠭ᠎ᠠ︾ ᠪᠣᠯᠭᠠᠵᠤ᠂ ᠭᠡᠷᠡᠯ | ᠭᠢᠯᠪᠠᠭ᠎ᠠ ᠪᠠᠨ ᠰᠠᠴᠤᠷᠠᠭᠤᠯᠳᠠᠭ᠃ | ᠪᠠᠰᠠ ᠵᠠᠷᠢᠮ ᠨᠢ ᠪᠠᠶᠢᠭᠤᠯᠭ᠎ᠠ ᠨᠢᠭᠡᠴᠢ ᠳᠡᠭᠡᠨ ᠯᠠ ᠪᠢᠰᠢ᠂ ᠨᠡᠩ ᠥᠨᠳᠥᠷ ᠲᠤ ᠭᠠᠷᠴᠤ᠂ ᠨᠡᠩ ᠬᠤᠯᠠ ᠶᠢ | ᠬᠠᠷᠠᠨ᠂ ᠥᠪᠡᠷ ᠤᠨ ᠴᠢᠳᠠᠪᠤᠷᠢ ᠪᠠᠨ ᠨᠡᠩ ᠶᠡᠭᠡ ᠦᠢᠯᠡᠰ ᠲᠤ ᠵᠣᠷᠢᠭᠤᠯᠬᠤ ᠶᠢ ᠪᠣᠳᠣᠵᠤ᠂ ᠨᠢᠳᠦᠨ ᠡᠮᠦᠨᠡᠬᠢ | ᠠᠵᠢᠯ ᠠᠯᠪᠠ ᠪᠠᠨ ᠪᠦᠷᠢᠨ ᠭᠦᠢᠴᠡᠳ᠂ ᠴᠢᠨᠠᠷ ᠴᠢᠨᠰᠠᠭ᠎ᠠ ᠲᠠᠢ᠂ ᠡᠭᠦᠳᠦᠨ ᠪᠦᠲᠦᠭᠡᠯᠲᠡ ᠲᠠᠢ ᠭᠦᠢᠴᠡᠳᠬᠡᠬᠦ ᠪᠠᠷ | ᠪᠠᠷᠠᠬᠤ ᠦᠭᠡᠢ ︽ᠮᠥᠴᠢᠲᠦ ᠳᠥᠷᠪᠡᠨ ᠬᠥᠯᠲᠡᠨ ᠤ ᠮᠥᠷ ᠨᠢ ᠬᠦᠷᠦᠭᠡ ᠦᠭᠡᠢ︾ ᠣᠷᠭᠢᠯ ᠳᠤ ᠮᠥᠷ ᠢᠶᠠᠨ | ᠦᠯᠡᠳᠡᠭᠡᠵᠦ᠂ ︽ᠮᠥᠭᠡᠷᠡᠰᠦ ᠨᠢᠮᠭᠡᠨ ᠬᠤᠭᠤᠯᠠᠶᠢᠲᠠᠨ ᠤ ᠳᠠᠭᠤ ᠨᠢ ᠭᠠᠷᠤᠭᠠᠦᠭᠡᠢ︾ ᠣᠷᠭᠢᠯ ᠳᠤ ᠳᠠᠭᠤ ᠪᠠᠨ | ᠳᠠᠭᠤᠷᠢᠰᠬᠠᠨ᠂ ᠠᠮᠢᠳᠤᠷᠠᠯ ᠤᠨ ᠤᠳᠬ᠎ᠠ ᠠᠭᠤᠯᠭ᠎ᠠ ᠪᠠᠨ ᠨᠡᠩ ᠪᠠᠶᠠᠯᠢᠭ᠂ ᠨᠡᠩ ᠦᠨ᠎ᠡ ᠥᠷᠲᠡᠭ ᠲᠠᠢ ᠪᠣᠯᠭᠠᠬᠤ | ᠪᠠᠷ ᠦᠢᠯᠡᠰ ᠤᠨ ᠣᠷᠭᠢᠯ ᠳᠤ ᠵᠣᠷᠢᠭᠲᠠᠢ ᠭᠠᠷᠴᠤ᠂ ᠣᠯᠠᠨ ᠠᠴᠠ ᠣᠷᠦ᠋ᠢᠯᠠᠵᠤ ᠲᠦᠮᠡᠨ ᠠᠴᠠ ᠲᠦᠷᠦᠭᠦᠯᠡᠨ᠂ | ᠨᠡᠶᠢᠭᠡᠮ ᠤᠨ ᠲᠤᠯᠭᠠᠭᠤᠷᠢ ᠬᠦᠴᠦᠨ᠂ ᠴᠠᠭ ᠥᠶ᠎ᠡ ᠶᠢᠨ ᠳᠠᠭᠠᠭᠤᠯᠤᠭᠴᠢ᠂ ᠣᠯᠠᠨ ᠤ ᠳᠠᠭᠤᠷᠢᠶᠠᠯ ᠪᠣᠯᠵᠤ᠂ ︽ | ᠪᠢ ᠰᠢᠯᠢᠳᠡᠭ ᠢ ᠨᠢ ᠰᠣᠩᠭᠤᠬᠤ ᠪᠢᠰᠢ᠂ ᠰᠢᠯᠢᠳᠡᠭ ᠨᠢ ᠨᠠᠮ᠎ᠠ ᠶᠢ ᠰᠣᠩᠭᠤᠭ︾ ᠭᠡᠬᠦ ᠬᠡᠮᠵᠢᠶᠡᠨ ᠳᠤ ᠬᠦᠷᠴᠦ᠂ ︽ | ᠠᠯᠲᠠᠨ ᠠᠶᠠᠭ᠎ᠠ︾ ᠪᠠᠨ ︽ᠠᠯᠮᠠᠰ ᠠᠶᠠᠭ᠎ᠠ︾ ᠪᠣᠯᠭᠠᠳᠠᠭ ᠪᠠᠶᠢᠨ᠎ᠠ᠃ ᠡᠨ᠋ᠨ ᠥᠶ᠎ᠡ ᠪᠣᠯᠬᠤ ᠳᠤ ᠪᠠᠶᠢᠭᠤᠯᠭ᠎ᠠ | ᠨᠢᠭᠡᠴᠢ ᠴᠢᠮ᠎ᠠ ᠶᠢ ᠰᠣᠩᠭᠤᠬᠤ ᠪᠢᠰᠢ᠂ ᠴᠢ ᠪᠠᠶᠢᠭᠤᠯᠭ᠎ᠠ ᠨᠢᠭᠡᠴᠢ ᠶᠢ ᠰᠣᠩᠭᠤᠨ᠎ᠠ᠃ ᠴᠢ ᠳᠤᠷᠠᠲᠠᠢ ᠭᠡᠰᠡᠨ ᠭᠠᠵᠠᠷ | ᠳᠣᠲᠣᠷ᠎ᠠ ᠠᠴᠠ ᠪᠠᠨ ᠡᠯ᠎ᠡ ᠵᠦᠢᠯ ᠤᠨ ᠨᠥᠬᠦᠴᠡᠯ ᠢᠶᠠᠷ ᠰᠠᠶᠢᠨ᠂ ᠴᠢᠨᠦ ᠬᠤᠵᠢᠮ ᠤᠨ ᠬᠥᠭᠵᠢᠯᠲᠡ ᠳᠤ ᠠᠰᠢᠭᠲᠠᠢ᠂ | ᠴᠢᠨᠦ ᠴᠢᠳᠠᠪᠤᠷᠢ ᠪᠠᠨ ᠪᠦᠷᠢᠨ ᠭᠦᠢᠴᠡᠳ ᠪᠠᠳᠠᠷᠠᠭᠤᠯᠬᠤ ᠳᠤ ᠲᠤᠰᠠᠲᠠᠢ ᠭᠠᠵᠠᠷ ᠢᠶᠠᠨ ᠳᠤᠷᠠᠲᠠᠢ ᠰᠣᠩᠭᠤᠵᠤ | ᠳᠡᠶᠢᠯᠬᠦ ᠮᠥᠷᠲᠡᠭᠡᠨ ᠬᠡᠷᠡᠭᠯᠡᠬᠦ ᠪᠠᠶᠢᠭᠤᠯᠭ᠎ᠠ ᠨᠢᠭᠡᠴᠢ ᠴᠤ ᠭᠡᠰᠡᠨ ᠡᠶᠢᠮᠦ ᠨᠢᠭᠡᠨ ᠡᠷᠳᠡᠮ ᠲᠠᠢ ᠴᠢᠳᠠᠯ ᠲᠠᠢ ᠬᠦᠮᠦᠨ | ᠣᠯᠵᠤ ᠠᠪᠤᠭᠰᠠᠨ ᠳᠠᠭᠠᠨ ᠠᠵᠠ ᠶᠢᠨ ᠲᠡᠭᠷᠢ ᠢᠪᠡᠭᠡᠭᠰᠡᠨ ᠰᠢᠭ ᠪᠠᠶᠠᠷᠯᠠᠬᠤ ᠪᠣᠯᠤᠨ᠎ᠠ᠃ ᠬᠦᠮᠦᠨ ᠬᠡᠷᠪᠡ | ᠴᠢᠷᠮᠠᠶᠢᠭᠠᠳ ᠡᠨ᠋ᠨ ᠬᠡᠮᠵᠢᠶᠡᠨ ᠳᠤ ᠬᠦᠷᠴᠢᠭᠡᠪᠡᠯ ︽ᠠᠯᠮᠠᠰ ᠠᠶᠠᠭ᠎ᠠ︾ ᠲᠠᠢ ᠪᠣᠯᠤᠭᠰᠠᠨ ᠳᠤ ᠲᠣᠭᠠᠴᠠᠭᠳᠠᠨ᠎ᠠ᠃ | ᠡᠶᠢᠮᠦ ᠠᠴᠠ᠂ ᠣᠳᠣ ᠴᠠᠭ ᠲᠤ ᠵᠢᠩᠬᠢᠨᠢ ᠠᠩᠭᠢ ᠲᠡᠭᠦᠰᠦᠭᠰᠡᠨ ᠦᠨᠡᠮᠯᠡᠯ ᠲᠠᠢ᠂ ᠮᠠᠰᠲ᠋ᠧᠷ ᠴᠣᠯᠠ ᠲᠠᠢ᠂ | ᠴᠢᠨᠠᠭᠰᠢᠯᠠᠪᠠᠯ ᠳ᠋ᠣᠺᠲ᠋ᠣᠷ ᠲᠡᠭᠦᠰᠦᠭᠰᠡᠨ ᠴᠤ ᠠᠵᠢᠯ ᠣᠯᠵᠤ ᠳᠡᠶᠢᠯᠬᠦ ᠦᠭᠡᠢ ᠪᠠᠶᠢᠨ᠎ᠠ ᠭᠡᠳᠡᠭ ᠨᠡᠶᠢᠭᠡᠮ ᠤᠨ ᠤᠴᠢᠷ | ᠪᠢᠰᠢ᠂ ᠴᠠᠭ ᠥᠶ᠎ᠡ ᠶᠢᠨ ᠤᠴᠢᠷ ᠪᠢᠰᠢ᠂ ᠡᠴᠤᠰ ᠤᠨ ᠡᠴᠤᠰ ᠲᠡᠭᠡᠨ ᠬᠠᠰᠢ ᠯᠠ ᠵᠠᠯᠠᠭᠤᠴᠤᠳ ᠤᠨ ᠥᠪᠡᠷ ᠤᠨ | ᠤᠴᠢᠷ᠃ ᠵᠠᠯᠠᠭᠤᠴᠤᠳ ᠬᠡᠷᠪᠡ ᠥᠪᠡᠷ ᠢ ᠪᠠᠨ ᠤᠨᠠᠪᠠᠯ ᠬᠠᠭᠠᠷᠠᠳᠠᠭ ︽ᠰᠢᠪᠠᠷ ᠠᠶᠠᠭ᠎ᠠ︾ ᠲᠠᠢ ᠪᠢᠰᠢ᠂ | ᠳᠥᠩᠭᠡᠵᠦ ᠳᠠᠩᠭᠠᠵᠤ ᠠᠷᠭᠠᠴᠠᠳᠠᠭ ︽ᠲᠡᠮᠦᠷ ᠠᠶᠠᠭ᠎ᠠ︾ ᠴᠤ ᠪᠢᠰᠢ᠂ ᠬᠠᠷᠢᠨ ︽ᠠᠯᠲᠠᠨ ᠠᠶᠠᠭ᠎ᠠ︾᠂ ︽ | ᠠᠯᠮᠠᠰ ᠠᠶᠠᠭ᠎ᠠ︾ ᠲᠠᠢ ᠪᠣᠯᠴᠢᠬᠠᠪᠠᠯ ᠠᠵᠢᠯ ᠣᠯᠬᠤ ᠶᠢᠨ ᠲᠥᠯᠥᠭᠡ ᠵᠣᠪᠠᠭ᠋ᠤ ᠪᠢᠰᠢ᠂ ᠥᠪᠡᠷ ᠤᠨ | ᠳᠤᠷ᠎ᠠ ᠪᠠᠷ ᠢᠶᠠᠨ ᠪᠠᠶᠢᠭᠤᠯᠭ᠎ᠠ ᠨᠢᠭᠡᠴᠢ᠂ ᠠᠵᠢᠯ ᠤᠨ ᠪᠠᠶᠢᠷᠢ ᠰᠣᠩᠭᠤᠬᠤ ᠡᠷᠬᠡ ᠲᠠᠢ ᠪᠣᠯᠤᠨ᠎ᠠ᠃ ᠢᠩᠬᠢᠪᠡᠯ | ᠥᠪᠡᠷ ᠤᠨ ᠴᠢᠳᠠᠯ᠂ ᠥᠪᠡᠷ ᠤᠨ ᠣᠷᠣᠯᠳᠤᠯᠭ᠎ᠠ᠂ ᠥᠪᠡᠷ ᠤᠨ ᠨᠡᠭᠡᠭᠡᠯᠲᠡ ᠪᠠᠷ ᠢᠶᠠᠨ ᠤᠯᠤᠰ ᠬᠦᠷᠦᠨ ᠤ | ᠬᠦᠴᠦᠷᠬᠡᠭᠵᠢᠯ᠂ ᠤᠭᠰᠠᠭ᠎ᠠ ᠦᠨᠳᠦᠰᠦᠲᠡᠨ ᠤ ᠳᠠᠪᠰᠢᠯᠲᠠ ᠳᠤ ᠥᠪᠡᠷ ᠤᠨ ᠭᠠᠪᠢᠶ᠎ᠠ ᠵᠢᠳᠬᠦᠯ ᠢᠶᠠᠨ ᠦᠵᠡᠭᠦᠯᠬᠦ | ᠪᠣᠯᠤᠯᠴᠠᠭ᠎ᠠ ᠲᠠᠢ ᠪᠣᠯᠤᠨ᠎ᠠ᠃ | ᠬᠦᠮᠦᠨ ᠭᠡᠵᠦ ᠴᠢᠷᠮᠠᠶᠢᠵᠤ ᠵᠢᠳᠬᠦᠵᠦ᠂ ᠳᠠᠪᠰᠢᠵᠤ ᠥᠭᠡᠳᠡᠯᠡᠵᠦ ᠶᠠᠪᠤᠪᠠᠯ ᠰᠠᠶ᠋ᠢ ᠮᠥᠩᠬᠡ ᠶᠢᠨ ᠦᠢᠯᠡᠰ | ᠲᠠᠢ ᠮᠥᠩᠬᠡᠷᠡᠵᠦ ᠴᠢᠳᠠᠳᠠᠭ ᠰᠢᠦ᠂ ᠵᠠᠯᠠᠭᠤᠴᠤᠳ ᠮᠢᠨᠢ︕ ︽ᠠᠯᠲᠠᠨ ᠠᠶᠠᠭ᠎ᠠ︾ ᠲᠠᠢ᠂ ︽ᠠᠯᠮᠠᠰ ᠠᠶᠠᠭ᠎ᠠ︾ | ᠲᠠᠢ ᠭᠢᠯᠠᠯᠵᠠᠭᠤᠯᠵᠤ᠂ ᠭᠢᠯᠠᠷᠠᠭᠤᠯᠵᠤ ᠶᠠᠪᠤᠬᠤ ᠪᠣᠯᠲᠤᠭᠠᠢ︕ |