ᠳᠣᠲᠣᠭᠠᠳᠤ ᠶᠢ ᠬᠠᠮᠠᠭᠠᠯᠠᠬᠤ ᠶᠠᠮᠤᠨ ᠠᠴᠠ ᠡᠮᠴᠢᠯᠡᠭᠡᠨ ᠤ ᠭᠤᠶᠣᠯᠠᠯ ᠵᠠᠰᠠᠯ ᠤᠨ ᠦᠢᠯᠡᠳᠬᠦᠨ ᠢ ᠬᠠᠤᠯᠢ ᠪᠤᠰᠤ ᠪᠠᠷ ᠦᠢᠯᠡᠳᠦᠨ ᠪᠣᠷᠣᠯᠠᠭᠤᠯᠬᠤ ᠵᠡᠷᠭᠡ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠬᠦ ᠬᠡᠷᠡᠭᠲᠡᠶ ᠭᠡᠵᠦ ᠱᠠᠭᠠᠷᠳᠠᠪᠠ
ᠨᠡᠶᠢᠲᠡᠯᠡᠭᠰᠡᠨ ᠴᠠᠭ᠄
2021/11/29
    ᠰᠤᠷᠪᠤᠯᠵᠢᠯᠠᠭᠴᠢ ᠳᠣᠲᠣᠭᠠᠳᠤ ᠶᠢ ᠬᠠᠮᠠᠭᠠᠯᠠᠬᠤ ᠶᠠᠮᠤᠨ ᠠᠴᠠ ᠣᠶᠢᠯᠠᠭᠠᠭᠰᠠᠨ ᠢᠶᠠᠷ᠂  ᠵᠠᠷᠢᠮ  ᠭᠠᠵᠠᠷ‌ᠣᠷᠣᠨ ᠤ ᠡᠮᠴᠢᠯᠡᠭᠡᠨ ᠤ ᠭᠤᠶᠣᠯᠠᠯ ᠵᠠᠰᠠᠯ ᠤᠨ ᠬᠦᠷᠢᠶᠡᠨ ᠳᠠᠬᠢ ᠬᠤᠳᠠᠯ  ᠬᠠᠭᠤᠷᠮᠠᠭ  ᠲᠠᠸᠠᠷ  ᠦᠢᠯᠡᠳᠴᠦ  ᠪᠣᠷᠣᠯᠠᠭᠤᠯᠬᠤ᠂ᠬᠠᠤᠯᠢ  ᠪᠤᠰᠤ ᠪᠠᠷ  ᠠᠵᠢᠯ  ᠡᠷᠭᠢᠯᠡᠬᠦ᠂  ᠬᠤᠳᠠᠯ  ᠬᠠᠭᠤᠷᠮᠠᠭ  ᠵᠠᠷ  ᠨᠡᠶᠢᠲᠡᠯᠡᠬᠦ᠂  ︽ᠡᠮᠴᠢᠯᠡᠭᠡᠨ ᠤ  ᠭᠤᠶᠣᠯᠠᠯ  ᠵᠠᠰᠠᠯ ‍ᠤᠨ‌ᠵᠢᠭᠡᠯᠡᠯᠭᠡ︾ ᠶᠢ ᠠᠰᠢᠭᠯᠠᠨ ᠮᠡᠬᠡᠯᠡᠬᠦ ᠠᠵᠢᠯᠯᠠᠭ᠎ᠠ  ᠬᠢᠬᠦ  ᠵᠡᠷᠭᠡ  ᠬᠠᠤᠯᠢ ᠶᠢ  ᠵᠥᠷᠢᠴᠡᠭᠰᠡᠨ  ᠶᠠᠯᠠᠲᠤ  ᠠᠵᠢᠯᠯᠠᠭ᠎ᠠ  ᠲᠣᠪᠤᠶᠢᠮ᠎ᠠ‌ᠣᠷᠣᠰᠢᠵᠤ᠂ ᠡᠮᠴᠢᠯᠡᠭᠡᠨ ᠤ ᠭᠤᠶᠣᠯᠠᠯ ᠵᠠᠰᠠᠯ ᠬᠢᠬᠦ ᠳᠤᠮᠳᠠ ᠠᠳᠡᠯ ᠪᠠᠶᠢᠨ ᠳᠠᠬᠢᠨ ᠭᠠᠷᠴᠤ ᠪᠠᠶᠢᠭ᠎ᠠ ᠪᠠᠶᠢᠳᠠᠯ ᠳᠤ ᠴᠢᠭᠯᠡᠭᠦᠯᠦᠨ᠂ᠳᠣᠲᠣᠭᠠᠳᠤ ᠶᠢ ᠬᠠᠮᠠᠭᠠᠯᠠᠬᠤ ᠶᠠᠮᠤᠨ ᠤ ᠢᠳᠡᠭᠡᠨ ᠪᠠ ᠡᠮ ᠤᠨ  ᠵᠦᠢᠯ ᠤᠨ  ᠶᠠᠯᠠᠲᠤ  ᠠᠵᠢᠯᠯᠠᠭ᠎ᠠ ᠶᠢ  ᠲᠤᠷᠰᠢᠨ  ᠪᠠᠶᠢᠴᠠᠭᠠᠬᠤ‌‍ᠲ᠋ᠣᠪᠴᠢᠶ᠎ᠠ ᠣᠶᠢᠷ᠎ᠠ ᠳᠤ ᠮᠡᠳᠡᠭᠳᠡᠯ ᠪᠠᠭᠤᠯᠭᠠᠵᠤ᠂ ᠡᠮᠴᠢᠯᠡᠭᠡᠨ ᠤ ᠭᠤᠶᠣᠯᠠᠯ ᠵᠠᠰᠠᠯ ᠤᠨ ᠦᠢᠯᠡᠳᠬᠦᠨ ᠵᠡᠷᠭᠡ ᠡᠮ ᠤᠨ ᠵᠦᠢᠯ ‍ᠤᠨ‌ᠠᠮᠤᠷ ᠲᠦᠪᠰᠢᠨ ᠤ ᠬᠦᠷᠢᠶᠡᠨ ᠳᠠᠬᠢ ᠲᠣᠪᠤᠶᠢᠮ᠎ᠠ ᠶᠠᠯᠠᠲᠤ ᠠᠵᠢᠯᠯᠠᠭ᠎ᠠ ᠳᠤ ᠴᠣᠬᠢᠯᠲᠠ ᠥᠭᠬᠦ ᠡᠷᠴᠢᠮ ᠢ ᠤᠯᠠᠮ ᠨᠢᠭᠡ ᠠᠯᠬᠤᠮ‌‍ᠴᠢᠩᠭᠠᠷᠠᠭᠤᠯᠬᠤ ᠲᠤᠬᠠᠶ ᠪᠠᠶᠢᠷᠢᠯᠠᠭᠤᠯᠪᠠ᠃           ᠮᠡᠳᠡᠭᠳᠡᠯ ᠳᠤ ᠱᠠᠭᠠᠷᠳᠠᠭᠰᠠᠨ ᠨᠢ᠂ ᠡᠯ᠎ᠡ  ᠭᠠᠵᠠᠷ ᠤᠨ  ᠳᠣᠲᠣᠭᠠᠳᠤ ᠶᠢ  ᠬᠠᠮᠠᠭᠠᠯᠠᠬᠤ  ᠪᠠᠶᠢᠭᠤᠯᠭ᠎ᠠ  ᠢᠳᠡᠭᠡᠨ  ᠪᠠ‌ᠡᠮ ᠤᠨ ᠵᠦᠢᠯ ᠤᠨ ᠳᠡᠩᠨᠡᠨ ᠪᠠᠶᠢᠴᠠᠭᠠᠬᠤ ᠰᠠᠯᠠᠭ᠎ᠠ ᠮᠥᠴᠢᠷ ᠨᠢ ᠠᠷᠠᠳ ᠣᠯᠠᠨ ᠤ ︽ᠪᠠᠴᠢᠮ ᠶᠠᠭᠠᠷᠠᠤ᠂ ᠬᠦᠴᠢᠷ  ᠵᠣᠪᠠᠭᠤᠷᠢ᠂ᠬᠦᠰᠡᠯ  ᠡᠷᠡᠮᠡᠯᠵᠡᠯ︾ ᠤᠨ  ᠠᠰᠠᠭᠤᠳᠠᠯ ᠳᠤ  ᠠᠩᠬᠠᠷᠤᠯ ᠢᠶᠠᠨ  ᠲᠥᠪᠯᠡᠷᠡᠭᠦᠯᠵᠦ᠂   ᠡᠮᠴᠢᠯᠡᠭᠡᠨ ᠤ   ᠭᠤᠶᠣᠯᠠᠯ   ᠵᠠᠰᠠᠯ ‍ᠤᠨ‌ᠦᠢᠯᠡᠳᠬᠦᠨ ᠤ ᠦᠢᠯᠡᠳᠪᠦᠷᠢᠯᠡᠯ ᠡᠵᠡᠩᠨᠡᠯᠲᠡ ᠶᠢᠨ ᠠᠵᠤ ᠠᠬᠤᠶᠢᠯᠠᠯ᠂ ᠡᠮᠴᠢᠯᠡᠭᠡᠨ ᠤ ᠭᠤᠶᠣᠯᠠᠯ ᠵᠠᠰᠠᠯ ᠤᠨ  ᠦᠢᠯᠡᠴᠢᠯᠡᠭᠡᠨ ‍ᠤ‌‍ᠪᠠᠶᠢᠭᠤᠯᠤᠮᠵᠢ᠂ ᠰᠢᠭᠤᠳ  ᠨᠡᠪᠲᠡᠷᠡᠭᠦᠯᠭᠡ ᠪᠠᠷ  ᠪᠠᠷᠠᠭ᠎ᠠ  ᠬᠤᠳᠠᠯᠳᠤᠬᠤ  ᠲᠠᠪᠴᠠᠩ  ᠵᠡᠷᠭᠡ  ᠭᠤᠤᠯᠳᠠᠯᠭ᠎ᠠ ᠲᠠᠢ  ᠬᠡᠰᠡᠭ  ᠪᠠ‌ᠭᠤᠤᠯᠳᠠᠯᠭ᠎ᠠ ᠲᠠᠢ  ᠭᠤᠭᠴᠤᠭ᠎ᠠ ᠶᠢ  ᠳᠠᠷᠠᠭᠠᠯᠠᠨ  ᠪᠠᠶᠢᠴᠠᠭᠠᠬᠤ ᠶᠢᠨ  ᠬᠠᠮᠲᠤ  ᠣᠯᠠᠨ  ᠲᠦᠮᠡᠨ ᠢ  ᠢᠳᠡᠪᠬᠢᠲᠡᠶ  ᠳᠠᠶᠢᠴᠢᠯᠠᠨ‌ᠬᠠᠤᠯᠢ ᠶᠢ ᠵᠥᠷᠢᠴᠡᠭᠰᠡᠨ ᠶᠠᠯᠠᠲᠤ  ᠠᠵᠢᠯᠯᠠᠭ᠎ᠠ ᠶᠢ  ᠢᠯᠡᠴᠢᠯᠡᠨ  ᠮᠡᠳᠡᠭᠦᠯᠬᠦ  ᠬᠡᠷᠡᠭᠲᠡᠶ᠃  ᠬᠡᠷᠡᠭ ᠢ  ᠢᠯᠡᠷᠡᠭᠦᠯᠵᠦ  ᠪᠣᠭᠤᠮᠲᠠ‌‍ᠰᠢᠪᠲᠤᠯᠬᠤ ᠶᠢ ᠴᠢᠩᠭᠠᠳᠬᠠᠵᠤ᠂ ᠭᠦᠨᠵᠡᠭᠡᠶ ᠠᠭᠤᠳᠠᠯᠵᠤ ᠲᠦᠢᠯᠪᠤᠷᠢᠲᠠᠶ  ᠪᠠᠶᠢᠴᠠᠭᠠᠵᠤ᠂  ᠣᠨᠣᠪᠴᠢᠲᠠᠶ  ᠴᠣᠬᠢᠯᠲᠠ  ᠥᠭᠴᠦ‌‍ᠬᠦ᠋ᠴᠦᠲᠡᠶ ᠴᠣᠬᠢᠯᠲᠠ ᠥᠭᠴᠦ᠂ ᠴᠠᠭ ᠲᠤᠬᠠᠶ ᠳᠤᠨᠢ ᠵᠣᠬᠢᠶᠠᠨ ᠪᠠᠶᠢᠭᠤᠯᠵᠤ ᠨᠢᠭᠡᠳᠦᠯᠲᠡᠶ ᠲᠥᠪᠯᠡᠷᠡᠭᠦᠯᠦᠨ ᠲᠤᠤᠷ ᠬᠤᠷᠢᠶᠠᠵᠤ᠂ᠶᠠᠯᠠᠲᠤ ᠠᠵᠢᠯᠯᠠᠭ᠎ᠠ ᠶᠢᠨ ᠲᠤᠤᠷ ᠢ ᠲᠦᠢᠯᠪᠤᠷᠢᠲᠠᠶ ᠡᠪᠳᠡᠬᠦ ᠬᠡᠷᠡᠭᠲᠡᠶ ᠭᠡᠵᠡᠢ᠃          ᠮᠡᠳᠡᠭᠳᠡᠯ ᠳᠤ ᠴᠢᠬᠤᠯᠠᠴᠢᠯᠠᠭᠰᠠᠨ ᠨᠢ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ᠂ ᠡᠷᠡᠭᠦᠯ  ᠬᠠᠮᠠᠭᠠᠯᠠᠯ  ᠡᠷᠡᠭᠦᠯ‌ᠮᠡᠨᠳᠦ ᠵᠡᠷᠭᠡ ᠰᠠᠯᠠᠭ᠎ᠠ ᠮᠥᠴᠢᠷ ᠲᠠᠢ ᠨᠡᠪᠲᠡᠷᠡᠯᠴᠡᠭᠡ ᠬᠠᠮᠵᠢᠯᠴᠠᠭ᠎ᠠ ᠪᠠᠨ ᠴᠢᠩᠭᠠᠳᠬᠠᠵᠤ᠂  ᠬᠡᠷᠡᠭ ᠢ  ᠰᠢᠯᠵᠢᠭᠦᠯᠦᠨ  ᠬᠦᠷᠭᠡᠬᠦ᠂ᠬᠡᠷᠡᠭ ᠲᠤ  ᠬᠤᠯᠪᠣᠭᠳᠠᠭᠰᠠᠨ  ᠡᠳ᠋  ᠪᠣᠳᠠᠰ ᠢ  ᠬᠠᠳᠠᠭᠠᠯᠠᠨ  ᠬᠠᠮᠢᠶᠠᠷᠴᠤ  ᠰᠢᠢᠳᠪᠦᠷᠢᠯᠡᠬᠦ᠂  ᠰᠢᠯᠭᠠᠨ  ᠪᠠᠶᠢᠴᠠᠭᠠᠵᠤ  ᠬᠢᠨᠠᠨ‌‍ᠲ᠋ᠣᠭᠲᠠᠭᠠᠬᠤ ᠪᠠ ᠮᠠᠭᠠᠳᠯᠠᠨ ᠲᠣᠭᠲᠠᠭᠠᠬᠤ ᠵᠡᠷᠭᠡ ᠠᠵᠢᠯ ᠢ ᠵᠢᠷᠤᠮᠵᠢᠭᠤᠯᠬᠤ ᠶᠢᠨ  ᠬᠠᠮᠲᠤ  ᠬᠡᠷᠡᠭ ᠢ  ᠳᠡᠩᠨᠡᠨ  ᠰᠢᠢᠳᠪᠦᠷᠢᠯᠡᠬᠦ‌‍ᠶᠠᠪᠤᠴᠠ ᠳᠤ ᠣᠯᠵᠤ ᠮᠡᠳᠡᠭᠰᠡᠨ ᠠᠵᠢᠯ ᠲᠥᠷᠥᠯ ᠤᠨ ᠠᠰᠠᠭᠤᠳᠠᠯ ᠪᠠ ᠳᠤᠲᠠᠭᠳᠠᠯ ᠢ ᠴᠠᠭ ᠲᠤᠬᠠᠶ ᠳᠤᠨᠢ  ᠬᠤᠯᠪᠣᠭᠳᠠᠯ  ᠪᠥᠬᠦᠶ‌ᠵᠠᠰᠠᠭ ᠵᠠᠬᠢᠷᠭᠠᠨ ᠤ ᠡᠷᠭᠢᠯᠡᠨ ᠬᠠᠮᠢᠶᠠᠷᠬᠤ  ᠰᠠᠯᠠᠭ᠎ᠠ  ᠮᠥᠴᠢᠷ ᠲᠤ  ᠮᠡᠳᠡᠭᠳᠡᠵᠦ᠂  ᠴᠣᠬᠢᠯᠲᠠ  ᠥᠭᠴᠦ  ᠴᠡᠭᠴᠡᠯᠡᠨ  ᠵᠠᠰᠠᠬᠤ‌ᠠᠵᠢᠯ ᠤᠨ ᠨᠡᠶᠢᠯᠡᠮᠡᠯ ᠬᠦᠴᠦᠨ ᠢ ᠪᠣᠶ ᠪᠣᠯᠭᠠᠬᠤ ᠬᠡᠷᠡᠭᠲᠡᠶ ᠭᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号