ᠭᠡᠳᠡᠰᠦ ᠶᠢ ︽ᠵᠠᠯᠠᠭᠤᠵᠢᠭᠤᠯᠬᠤ︾ 8 ᠳᠠᠳᠬᠠᠯ
ᠨᠡᠶᠢᠲᠡᠯᠡᠭᠰᠡᠨ ᠴᠠᠭ᠄
2020/9/25
    ᠠᠮᠢᠳᠤᠷᠠᠯ ᠤᠨ ᠳᠠᠳᠬᠠᠯ ᠵᠤᠬᠢᠰ ᠦᠭᠡᠢ ᠪᠤᠯ ᠭᠡᠳᠡᠰᠦᠨ ᠳᠤᠳᠤᠷᠠᠬᠢ ᠤᠷᠴᠢᠨ ᠳᠤᠭᠤᠷᠢᠨ ᠢ ᠡᠪᠳᠡᠵᠦ᠂ ᠭᠡᠳᠡᠰᠦ ᠶᠢ ᠡᠷᠳᠡ ᠦᠳᠡᠯᠬᠦ ᠪᠠᠶᠢᠳᠠᠯ ᠳᠤ ᠤᠷᠤᠭᠤᠯᠳᠠᠭ᠃ ᠳᠤᠤᠷ᠎ᠠ ᠭᠡᠳᠡᠰᠦ ᠶᠢ ᠵᠠᠯᠠᠭᠤ ᠪᠠᠶᠢᠯᠭᠠᠵᠤ ᠪᠤᠯᠬᠤ 8 ᠳᠠᠳᠬᠠᠯ ᠢ ᠳᠠᠨᠢᠯᠴᠠᠭᠤᠯᠤᠶ᠎ᠠ᠃     ᠳᠤᠭᠳᠠᠭᠰᠠᠨ ᠬᠤᠭᠤᠴᠠᠭ᠎ᠠ ᠲᠠᠢ ᠭᠡᠳᠡᠰᠦ ᠪᠠᠨ ᠠᠮᠠᠷᠠᠭᠤᠯᠤᠨ᠎ᠠ     ᠠᠷᠪᠠᠭᠠᠳ ᠡᠳᠦᠷ ᠤᠨ ᠳᠤᠰᠤᠮ ᠳᠤ ᠨᠢᠭᠡ ᠠᠮᠠᠷᠠᠯᠳᠠ ᠶᠢᠨ ᠡᠳᠦᠷ ᠢ ᠰᠤᠩᠭᠤᠵᠤ᠂ ᠢᠳᠡᠰᠢᠨ ᠨᠤᠭᠤᠭ᠎ᠠ ᠵᠢᠮᠢᠰ ᠭᠤᠤᠯᠳᠠᠢ ᠢᠳᠡᠵᠦ᠂ 7 — 8 ᠬᠤᠪᠢ ᠴᠠᠳᠬᠤ ᠶᠢ ᠪᠠᠷᠢᠮᠳᠠᠯᠠᠵᠤ ᠴᠢᠳᠠᠪᠠᠯ ᠭᠡᠳᠡᠰᠦ ᠪᠠᠨ ᠠᠮᠠᠷᠠᠭᠤᠯᠵᠤ᠂ ᠭᠡᠳᠡᠰᠦᠨ ᠳᠠᠬᠢ ᠢᠳᠡᠭᠡᠨ ᠤ ᠦᠯᠡᠳᠡᠭᠳᠡᠯ ᠢ ᠴᠡᠪᠡᠷᠯᠡᠵᠦ ᠠᠷᠢᠯᠭᠠᠬᠤ ᠰᠠᠶᠢᠨ ᠳᠠᠯ᠎ᠠ ᠲᠠᠢ ᠪᠠᠶᠢᠳᠠᠭ᠃     ᠴᠠᠭ ᠲᠠᠢ ᠬᠤᠭᠤᠯᠠᠯᠠᠨ᠎ᠠ     ᠭᠡᠳᠦᠢ ᠶᠠᠭᠠᠷᠠᠤ ᠪᠠᠶᠢᠬᠰᠠᠨ ᠴᠤ ᠴᠠᠭ ᠲᠠᠭᠠᠨ ᠬᠤᠭᠤᠯᠠᠯᠠᠬᠤ ᠭᠡᠷᠡᠭᠳᠡᠢ᠃ ᠬᠤᠭᠤᠯᠠᠨ ᠤ ᠳᠠᠷᠠᠭ᠎ᠠ ᠴᠤ ᠠᠪᠤᠨ ᠠᠵᠢᠯᠯᠠᠬᠤ ᠦᠭᠡᠢ᠂ ᠵᠤᠬᠢᠬᠤ ᠬᠦᠳᠡᠯᠭᠡᠭᠡᠨ ᠬᠢᠵᠤ᠂ 15 ᠮᠢᠨᠦ᠋ᠲ ᠠᠯᠬᠤᠬᠰᠠᠨ ᠴᠤ ᠶᠠᠭᠠᠬᠢᠬᠤ ᠪᠤᠢ᠃     ᠤᠨᠳᠠᠬᠤ ᠠᠴᠠ ᠪᠠᠨ ᠡᠮᠦᠨ᠎ᠠ ᠶᠡᠭᠡ ᠢᠳᠡᠵᠦ ᠪᠤᠯᠬᠤ ᠦᠭᠡᠢ     ᠰᠦᠨᠢ ᠤᠷᠤᠢ ᠶᠡᠭᠡ ᠦᠯᠦᠰᠪᠡᠯ᠂ ᠪᠠᠭ᠎ᠠ ᠰᠠᠭ᠎ᠠ ᠵᠢᠮᠢᠰ ᠢᠳᠡᠬᠦ ᠪᠤᠶᠤ ᠨᠢᠭᠡ ᠴᠤᠮᠤ ᠰᠦ ᠬᠠᠯᠠᠭᠠᠵᠤ ᠤᠤᠭᠤᠵᠤ ᠪᠤᠯᠤᠨ᠎ᠠ᠂ ᠭᠡᠳᠦ ᠢᠳᠡᠵᠦ ᠭᠡᠳᠡᠰᠦᠨ ᠤ ᠳᠠᠷᠤᠭᠠᠰᠤ ᠶᠢ ᠬᠦᠨᠳᠦᠷᠡᠭᠦᠯᠵᠦ ᠪᠤᠯᠬᠤ ᠦᠭᠡᠢ᠃     ᠬᠤᠭᠤᠯᠠ ᠭᠤᠯᠤᠬᠤ ᠦᠭᠡᠢ     ᠵᠢᠭᠠᠰᠤ᠂ ᠮᠢᠬ᠎ᠠ᠂ ᠦᠨᠳᠡᠭᠡ᠂ ᠢᠳᠡᠰᠢᠨ ᠨᠤᠭᠤᠭ᠎ᠠ᠂ ᠵᠢᠮᠢᠰ  ᠵᠡᠷᠭᠡ ᠳᠡᠩᠴᠡᠭᠦᠷᠢ ᠲᠠᠢ ᠰᠢᠮ᠎ᠠ ᠳᠡᠵᠢᠭᠡᠯ ᠢ ᠬᠦᠯᠢᠶᠡᠨ ᠠᠪᠴᠤ ᠪᠠᠶᠢᠬᠤ ᠪᠤᠯᠤᠨ᠎ᠠ᠃     ᠰᠦᠨᠢᠵᠢᠨ ᠰᠠᠭᠤᠬᠤ ᠦᠭᠡᠢ     ᠡᠷᠳᠡ ᠤᠨᠳᠠᠵᠤ ᠡᠷᠳᠡ ᠪᠤᠰᠬᠤ ᠳᠠᠳᠬᠠᠯ ᠢ ᠬᠦᠮᠦᠵᠢᠭᠦᠯᠵᠦ᠂ ᠤᠷᠤᠢ ᠳᠠᠭᠠᠨ 11 ᠴᠠᠭ ᠠᠴᠠ ᠡᠮᠦᠨ᠎ᠠ ᠤᠷᠤᠨ ᠳᠠᠭᠠᠨ ᠤᠷᠤᠵᠤ᠂ ᠪᠦᠳᠡᠬᠢ ᠭᠡᠷᠡᠯ ᠳᠤ ᠭᠠᠷ ᠤᠳᠠᠰᠤ ᠦᠵᠡᠬᠦ ᠦᠭᠡᠢ ᠪᠠᠶᠢᠪᠠᠯ ᠵᠤᠬᠢᠨ᠎ᠠ᠃     ᠳᠠᠮᠢᠷ ᠤᠨ ᠬᠦᠳᠡᠯᠭᠡᠭᠡᠨ ᠢ ᠪᠠᠷᠢᠮᠳᠠᠯᠠᠨ᠎ᠠ     ᠡᠳᠦᠷ ᠪᠤᠯᠭᠠᠨ 1 ᠴᠠᠭ ᠬᠢᠷᠢᠳᠡᠢ ᠬᠦᠳᠡᠯᠭᠡᠭᠡᠨ ᠬᠢᠨ᠎ᠠ᠂ ᠨᠠᠰᠤᠳᠠᠶᠢᠴᠤᠳ ᠬᠦᠩᠭᠡᠨ ᠬᠦᠳᠡᠯᠭᠡᠭᠡᠨ ᠰᠤᠩᠭᠤᠪᠠᠯ ᠵᠤᠬᠢᠨ᠎ᠠ᠃     ᠭᠡᠳᠡᠰᠦ ᠪᠠᠨ ᠭᠡᠳᠦ ︽ᠴᠡᠪᠡᠷᠯᠡᠵᠦ︾ ᠪᠤᠯᠬᠤ ᠦᠭᠡᠢ     ᠵᠠᠬ᠎ᠠ ᠳᠡᠯᠭᠡᠭᠦᠷ ᠳᠡᠭᠡᠷ᠎ᠡ ᠬᠤᠳᠠᠯᠳᠤᠵᠤ ᠪᠠᠶᠢᠭ᠎ᠠ ︽ᠬᠤᠤᠷ᠎ᠠ ᠳᠤᠭᠤᠯᠭᠠᠬᠤ ᠪᠦᠲᠦᠭᠡᠭᠳᠡᠭᠦᠨ︾ ᠤ ᠭᠡᠷᠡᠭ ᠲᠠᠢ ᠪᠦᠷᠢᠯᠳᠦᠭᠦᠨ ᠨᠢ ᠪᠠᠷᠤᠭ ᠪᠦᠷ ᠭᠢᠰᠢᠭᠦᠨ᠎ᠠ᠂ ᠬᠠᠰᠠᠶ᠎ᠠ ᠪᠤᠷᠴᠠᠭ ᠤᠨ ᠦᠷ᠎ᠡ ᠵᠡᠷᠭᠡ ᠳᠤᠭᠤᠯᠭᠠᠬᠤ ᠡᠮ ᠪᠠᠶᠢᠳᠠᠭ᠂ ᠤᠷᠳᠤ ᠬᠤᠭᠤᠴᠠᠭ᠎ᠠ ᠪᠠᠷ ᠭᠡᠷᠡᠭᠯᠡᠪᠡᠯ ᠭᠡᠳᠡᠰᠦᠨ ᠤ ᠰᠠᠯᠢᠰᠦᠳᠦ ᠪᠦᠷᠭᠦᠪᠴᠢ ᠶᠢ ᠬᠤᠬᠢᠷᠠᠭᠤᠯᠤᠨ᠎ᠠ᠃ ᠡᠭᠦᠨ ᠠᠴᠠ ᠭᠠᠳᠠᠨ᠎ᠠ᠂ ᠡᠩ ᠤᠨ ᠭᠡᠷᠡᠭᠯᠡᠳᠡᠭ ᠬᠤᠷᠭᠤᠰᠤᠯᠠᠬᠤ ᠶᠢ ᠨᠠᠮᠳᠠᠭᠤᠯᠳᠠᠭ᠂ ᠬᠤᠷᠭᠤᠰᠤ ᠶᠢ ᠭᠠᠳᠠᠭᠰᠢᠯᠠᠭᠤᠯᠬᠤ ᠳᠤ ᠭᠡᠷᠡᠭᠯᠡᠳᠡᠭ ᠡᠮ ᠢ ᠴᠤ ᠤᠷᠳᠤ ᠬᠤᠭᠤᠴᠠᠭ᠎ᠠ ᠪᠠᠷ ᠭᠡᠷᠡᠭᠯᠡᠵᠦ ᠪᠤᠯᠬᠤ ᠦᠭᠡᠢ᠂ ᠭᠡᠳᠡᠰᠦᠨ ᠤ ᠬᠠᠨ᠎ᠠ ᠶᠢᠨ ᠮᠡᠳᠡᠷᠡᠯ ᠳᠤ ᠬᠤᠬᠢᠷᠠᠯ ᠤᠴᠠᠷᠠᠭᠤᠯᠵᠤ᠂ ᠭᠡᠳᠡᠰᠦᠨ ᠤ ᠴᠢᠳᠠᠪᠬᠢ ᠶᠢ ᠮᠠᠭᠤᠳᠠᠭᠤᠯᠳᠠᠭ᠃     ᠪᠠᠺᠲ᠋ᠧᠷᠢ ᠳᠠᠷᠤᠬᠤ ᠡᠮ ᠢ ᠳᠤᠷ᠎ᠠ ᠪᠠᠷ ᠭᠡᠷᠡᠭᠯᠡᠵᠦ ᠪᠤᠯᠬᠤ ᠦᠭᠡᠢ     ᠪᠠᠺᠲ᠋ᠧᠷᠢ ᠳᠠᠷᠤᠬᠤ ᠡᠮ ᠨᠢ ᠡᠪᠡᠳᠴᠢᠨ ᠡᠭᠦᠰᠭᠡᠳᠡᠭ ᠪᠠᠺᠲ᠋ᠧᠷᠢ ᠶᠢ ᠠᠯᠠᠳᠠᠭ ᠢᠶᠠᠷ ᠪᠠᠷᠠᠬᠤ ᠦᠭᠡᠢ᠂ ᠭᠡᠳᠡᠰᠦᠨ ᠳᠤᠳᠤᠷᠠᠬᠢ ᠠᠰᠢᠭᠳᠤ ᠪᠠᠺᠲ᠋ᠧᠷᠢ ᠶᠢ ᠴᠤ ᠠᠯᠠᠳᠠᠭ᠂ ᠳᠡᠶᠢᠮᠦ ᠠᠴᠠ ᠭᠡᠳᠡᠰᠦᠨ ᠳᠤᠳᠤᠷᠠᠬᠢ ᠪᠠᠺᠲ᠋ᠧᠷᠢ ᠶᠢᠨ ᠬᠠᠮᠠᠭᠠᠯᠠᠯᠳᠠ ᠶᠢᠨ ᠳᠡᠩᠴᠡᠭᠦᠷᠢ ᠶᠢ ᠡᠪᠳᠡᠵᠦ᠂ ᠤᠯᠠᠨ ᠵᠦᠢᠯ ᠤᠨ ᠡᠪᠡᠳᠴᠢᠨ ᠤ ᠠᠶᠤᠯ ᠢ ᠨᠡᠮᠡᠭᠳᠡᠭᠦᠯᠳᠡᠭ᠃
 
ᠢᠷᠡᠯᠲᠡ᠄ ᠲᠤᠮᠳᠠᠳᠥ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号