ᠡᠨᠡ ᠵᠢᠯ ᠠᠴᠠ ᠨᠠᠰᠢ᠂ ᠥᠷᠢᠰᠥᠯᠳᠦᠭᠡᠨ ᠪᠠ ᠳᠠᠷᠤᠯᠲᠠ ᠶᠢᠨ ᠡᠮᠦᠨ᠎ᠡ᠂ ᠮᠠᠨ ᠤ ᠠᠶᠢᠮᠠᠭ ᠠᠵᠢᠯ ᠤᠨ | ᠰᠡᠳᠬᠢᠮᠵᠢ ᠪᠠᠨ ᠢᠳᠡᠪᠬᠢᠲᠡᠶ ᠲᠣᠬᠢᠷᠠᠭᠤᠯᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠡᠯ᠎ᠠ ᠲᠠᠯ᠎ᠠ ᠶᠢᠨ | ᠠᠵᠢᠯ ᠢᠶᠠᠨ ᠦᠷᠨᠢᠬᠦᠯᠬᠦ ᠶᠢ ᠵᠡᠷᠭᠡ ᠪᠠᠷ ᠠᠳᠬᠤᠬᠤ ᠵᠠᠷᠴᠢᠮ ᠢᠶᠠᠷ ᠡᠯ᠎ᠡ ᠵᠦᠢᠯ ᠤᠨ ᠠᠵᠢᠯ ᠢᠶᠠᠨ ᠵᠦᠶ ᠵᠣᠬᠢᠰᠲᠠᠶ | ᠠᠬᠢᠭᠤᠯᠵᠤ᠂ ᠣᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡᠪᠡᠷ ᠬᠡᠷᠡᠭᠯᠡᠨ ᠠᠵᠢᠯ ᠣᠯᠭᠤᠯᠲᠠ ᠶᠢ | ᠲᠣᠭᠲᠠᠪᠤᠷᠢᠵᠢᠭᠤᠯᠵᠤ᠂ ᠠᠷᠭ᠎ᠠ ᠪᠦᠬᠦᠨ ᠢ ᠰᠦᠪᠡᠭᠴᠢᠯᠡᠨ ᠠᠷᠠᠳ ᠤᠨ ᠠᠮᠢᠳᠤᠷᠠᠯ ᠢ ᠪᠠᠲᠤᠯᠠᠵᠤ᠂ ᠬᠢᠵᠢᠭ ᠤᠨ | ᠪᠠᠶᠢᠳᠠᠯ ᠠᠴᠠ ᠪᠤᠯᠤᠭᠰᠠᠨ ᠨᠦᠯᠦᠭᠡ ᠶᠢ ᠪᠦᠬᠦ ᠬᠦᠴᠦᠨ ᠢᠶᠠᠷ ᠪᠠᠭᠠᠰᠬᠠᠵᠠᠢ᠃ ᠲᠡᠭᠡᠷ᠎ᠡ ᠬᠠᠭᠠᠰ ᠵᠢᠯ ᠳᠤ᠂ ᠬᠤᠲᠠ | ᠬᠦᠳᠡᠭᠡ ᠶᠢᠨ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭᠠᠲᠤ ᠡᠷᠦᠬᠡ᠂ ᠠᠮᠢᠳᠤᠷᠠᠯ ᠨᠢ ᠤᠨᠴᠠ ᠬᠦᠴᠢᠷᠳᠡᠯᠲᠠᠢ | ᠡᠳᠡᠭᠡᠳ᠂ ᠦᠨᠦᠴᠢᠨ ᠵᠡᠮᠳᠡᠭ ᠵᠢᠴᠢ 77 ᠨᠠᠰᠤᠨ ᠠᠴᠠ ᠲᠡᠭᠡᠭᠰᠢᠬᠢ ᠨᠠᠰᠤᠲᠠᠶᠢᠴᠤᠳ ᠵᠡᠷᠭᠡ 14 ᠲᠦᠮᠡ ᠭᠠᠷᠤᠢ | ᠭᠤᠤᠯᠳᠠᠯᠭ᠎ᠠ ᠲᠠᠢ ᠬᠦᠮᠦᠰ ᠲᠤ ᠡᠯ᠎ᠠ ᠵᠦᠢᠯ ᠤᠨ ᠨᠦᠬᠦᠪᠦᠷᠢ ᠮᠦᠩᠬᠦ᠂ ᠠᠮᠢᠳᠤᠷᠠᠯ ᠤᠨ ᠨᠦᠬᠦᠪᠦᠷᠢ᠂ ᠠᠰᠠᠷᠠᠨ | ᠬᠠᠷᠠᠭᠠᠯᠵᠠᠬᠤ ᠮᠦᠩᠬᠦ᠂ ᠨᠡᠮᠡᠬᠦᠷᠢ ᠵᠡᠷᠭᠡ ᠶᠢ ᠨᠡᠶᠢᠳᠡ 21.23 ᠳ᠋ᠦᠩᠰᠢᠭᠤᠷ ᠲᠦᠭᠦᠷᠢᠭ ᠲᠠᠷᠬᠠᠭᠠᠵᠠᠢ᠃ | ᠪᠦᠬᠦ ᠠᠶᠢᠮᠠᠭ ᠢᠶᠠᠷ ᠢᠶᠠᠨ ᠬᠤᠲᠠ ᠪᠠᠯᠭᠠᠰᠣᠨ ᠤ 5517 ᠬᠦᠮᠦᠨ ᠳᠤ ᠰᠢᠨ᠎ᠠ ᠪᠠᠷ ᠠᠵᠢᠯ ᠤᠯᠭᠤᠵᠦ᠂ | 45295 ᠮᠠᠯᠴᠢᠨ ᠲᠠᠷᠢᠶᠠᠴᠢᠨ ᠢ ᠰᠢᠯᠵᠢᠬᠦᠯᠦᠨ ᠠᠵᠢᠯ ᠤᠯᠭᠤᠵᠦ᠂ ᠬᠤᠲᠠ ᠪᠠᠯᠭᠠᠰᠣᠨ ᠤ ᠠᠵᠢᠯ ᠠᠯᠳᠠᠬᠤ | ᠨᠤᠷᠮ᠎ᠠ ᠶᠢ 3.08% ᠲᠤᠲᠤᠷ᠎ᠠ ᠬᠢᠵᠠᠭᠠᠷᠯᠠᠪᠠ᠃ ᠲᠡᠭᠡᠲᠤ ᠱᠠᠲᠤᠨ ᠠᠴᠠ ᠠᠵᠢᠯ ᠤᠯᠭᠤᠯᠳᠠ ᠶᠢᠨ ᠨᠥᠬᠦᠪᠦᠷᠢ | ᠮᠦᠩᠬᠦ 8925 ᠲᠦᠮᠡᠨ ᠲᠦᠭᠦᠷᠢᠭ ᠡᠷᠡᠮᠡᠯᠵᠡᠯᠡᠨ ᠤᠯᠵᠦ᠂ 3633 ᠲᠦᠮᠡᠨ ᠲᠦᠭᠦᠷᠢᠭ ᠢ ᠵᠠᠷᠤᠴᠠᠭᠤᠯᠵᠠᠢ᠃ | 6 ᠰᠠᠷ᠎ᠠ ᠶᠢᠨ ᠰᠡᠬᠦᠯᠴᠢ ᠪᠤᠯᠳᠠᠯ᠎ᠠ᠂ 2068 ᠠᠵᠦ ᠠᠬᠤᠢᠢᠯᠠᠯ ᠤᠨ ᠨᠠᠰᠤᠵᠢᠯ ᠤᠨ ᠲᠠᠭᠠᠳᠬᠠᠯ᠂ ᠠᠵᠢᠯ ᠠᠴᠠ | ᠪᠤᠯᠤᠭᠰᠠᠨ ᠬᠡᠮᠳᠦᠯ ᠤᠨ ᠲᠠᠭᠠᠳᠬᠠᠯ ᠤᠨ ᠰᠦᠢᠳᠬᠡᠯ 1.9 ᠳ᠋ᠦᠩᠰᠢᠭᠤᠷ ᠲᠦᠭᠦᠷᠢᠭ ᠢ ᠬᠠᠰᠤᠨ ᠬᠡᠯᠳᠦᠷᠢᠬᠦᠯᠵᠦ᠂ | 201 ᠠᠵᠦ ᠠᠬᠤᠢᠢᠯᠠᠯ ᠳᠤ 1401 ᠲᠦᠮᠨ ᠢᠯᠡᠭᠦᠤ ᠲᠦᠭᠦᠷᠢᠭ ᠤᠨ ᠠᠵᠢᠯ ᠤᠨ ᠪᠠᠶᠢᠷᠢ ᠶᠢ | ᠲᠤᠭᠳᠠᠪᠤᠷᠢᠵᠢᠭᠤᠯᠬᠤ ᠨᠦᠬᠦᠪᠦᠷᠢ ᠬᠠᠩᠭᠠᠵᠦ᠂ 1087 ᠠᠵᠢᠯ ᠠᠯᠳᠠᠭᠰᠠᠳ ᠲᠤ 528 ᠲᠦᠮᠡᠨ ᠲᠦᠭᠦᠷᠢᠭ ᠤᠨ | ᠠᠵᠢᠯ ᠠᠯᠳᠠᠭᠰᠠᠨ ᠲᠠᠭᠠᠳᠬᠠᠯ ᠤᠨ ᠮᠦᠩᠬᠦ ᠲᠠᠷᠬᠠᠭᠠᠵᠠᠢ᠃ | ᠮᠠᠨ ᠤ ᠠᠶᠢᠮᠠᠭ ᠲᠡᠭᠡᠲᠤ ᠱᠠᠲᠤᠨ ᠠᠴᠠ 12.6 ᠳ᠋ᠦᠩᠰᠢᠭᠤᠷ ᠲᠦᠭᠦᠷᠢᠭ ᠤᠨ ᠨᠡᠶᠢᠬᠡᠮ ᠤᠨ ᠪᠠᠲᠤᠯᠠᠭ᠎ᠠ ᠶᠢᠨ | ᠨᠦᠬᠦᠪᠦᠷᠢ ᠮᠦᠩᠬᠦ ᠪᠠ 3 ᠳ᠋ᠦᠩᠰᠢᠭᠤᠷ ᠲᠦᠭᠦᠷᠢᠭ ᠤᠨ ᠠᠮᠢᠳᠤᠷᠠᠯ ᠬᠦᠴᠢᠷᠳᠡᠯᠲᠡᠢ ᠤᠯᠠᠨ ᠲᠦᠮᠡᠨ ᠢ ᠬᠠᠪᠰᠤᠷᠤᠨ | ᠲᠠᠮᠵᠢᠬᠦ ᠨᠦᠬᠦᠪᠦᠷᠢ ᠮᠦᠩᠬᠦ ᠶᠢ ᠡᠷᠡᠮᠡᠯᠵᠡᠯᠡᠨ ᠤᠯᠵᠦ᠂ ᠪᠦᠬᠦ ᠤᠷᠤᠨ ᠳᠤ ᠬᠤᠲᠠ ᠬᠦᠳᠡᠭᠡ ᠶᠢᠨ ᠠᠮᠢᠳᠤᠷᠠᠯ ᠤᠨ | ᠨᠠᠭᠠᠲᠤ ᠵᠠᠬ᠎ᠠ ᠶᠢᠨ ᠪᠠᠲᠤᠯᠠᠭ᠎ᠠ ᠶᠢ ᠨᠢᠬᠡᠳᠦᠯᠲᠠᠢ ᠲᠦᠯᠦᠪᠵᠢᠬᠦᠯᠬᠦ ᠶᠢ ᠬᠠᠮᠤᠭ ᠲᠡᠷᠢᠬᠦᠨ ᠳᠤ ᠪᠡᠶᠡᠯᠡᠬᠦᠯᠵᠦ᠂ | ᠬᠤᠲᠠ ᠪᠠᠯᠭᠠᠰᠤ ᠪᠠ ᠮᠠᠯᠵᠢᠬᠤ ᠲᠠᠷᠢᠶᠠᠯᠠᠬᠤ ᠤᠷᠤᠨ ᠤ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠶᠢᠨ | ᠪᠠᠷᠢᠮᠵᠢᠶ᠎ᠠ ᠶᠢ ᠲᠤᠰ ᠲᠤᠰ 3.7% ᠪᠡ 5.2% ᠢᠶᠠᠷ ᠲᠡᠭᠡᠭᠰᠢᠯᠡᠬᠦᠯᠵᠦ᠂ ᠲᠡᠭᠰᠢᠳᠭᠡᠭᠡᠳ ᠰᠠᠷ᠎ᠠ ᠪᠤᠯᠭᠠᠨ | ᠬᠦᠮᠦᠨ ᠪᠦᠷᠢ ᠶᠢᠨ ᠪᠠᠷᠢᠮᠵᠢᠶ᠎ᠠ ᠶᠢ 732 ᠲᠦᠭᠦᠷᠢᠭ ᠪᠤᠯᠭᠠᠵᠠᠢ᠃ | ᠶᠠᠳᠠᠭᠤ ᠠᠴᠠ ᠠᠩᠬᠢᠵᠢᠷᠠᠭᠰᠠᠨ ᠪᠠ ᠠᠩᠬᠢᠵᠢᠷᠠᠭᠠᠳᠣᠢ ᠠᠮᠢᠳᠤᠷᠠᠯ ᠬᠦᠴᠢᠷᠳᠡᠯᠲᠠᠢ ᠬᠦᠮᠦᠨ ᠠᠮᠠ ᠶᠢ | 100% ᠪᠠᠷ ᠡᠮᠨᠡᠯᠬᠡ ᠶᠢᠨ ᠲᠠᠭᠠᠳᠬᠠᠯ ᠤᠨ ᠬᠡᠪᠴᠢᠶᠡᠨ ᠳᠤ ᠤᠷᠤᠭᠤᠯᠵᠦ᠂ ᠠᠮᠢᠳᠤᠷᠠᠯ ᠬᠦᠴᠢᠷᠳᠡᠯᠲᠠᠢ ᠬᠦᠨᠲᠤ | ᠡᠪᠡᠳᠴᠢᠲᠠᠨ ᠢ ᠠᠪᠤᠷᠠᠨ ᠡᠮᠨᠡᠬᠦ ᠡᠪᠡᠳᠴᠢᠨ ᠤ ᠲᠦᠷᠦᠯ ᠢ 30 ᠵᠦᠢᠯ ᠪᠤᠯᠭᠠᠨ ᠨᠡᠮᠡᠭᠳᠡᠬᠦᠯᠵᠦ᠂ ᠬᠦᠨᠲᠤ | ᠡᠪᠡᠳᠴᠢᠲᠠᠨ ᠢ ᠠᠪᠤᠷᠠᠨ ᠡᠮᠨᠡᠭᠰᠡᠨ ᠨᠤᠷᠮ᠎ᠠ 100% ᠬᠦᠷᠴᠦ᠂ ᠬᠠᠷᠠᠬᠠᠨ ᠶᠠᠳᠠᠭᠤ ᠠᠴᠠ ᠠᠩᠬᠢᠵᠢᠷᠠᠭᠠᠲᠤᠢ | ᠬᠦᠮᠦᠰ ᠢ ᠴᠦ 100% ᠪᠠᠷ ᠠᠷᠠᠳ ᠤᠨ ᠶᠠᠪᠤᠳᠠᠯ ᠤᠨ ᠦᠨᠳᠦᠰᠦᠨ ᠪᠠᠲᠤᠯᠠᠭ᠎ᠠ ᠶᠢᠨ ᠬᠡᠪᠴᠢᠶᠡᠨ ᠳᠤ | ᠤᠷᠤᠭᠤᠯᠵᠠᠢ᠃ |