ᠥᠪᠥᠷ ᠮᠣᠩᠭᠤᠯ ᠠᠳᠤᠭᠤᠨ ᠤ ᠭᠤᠤᠯ ᠰᠡᠳᠦᠪᠲᠦ 10 ᠵᠤᠭᠠᠴᠠᠯ ᠤᠨ ᠱᠤᠭᠤᠮ ᠢ ᠨᠡᠶᠢᠲᠡᠯᠡᠪᠡ
ᠨᠡᠶᠢᠲᠡᠯᠡᠭᠰᠡᠨ ᠴᠠᠭ᠄
2020/8/27
     ᠣᠶᠢᠷ᠎ᠠ ᠳᠤ᠂ ᠥᠪᠥᠷ  ᠮᠣᠩᠭᠤᠯ ᠤᠨ  ᠥᠪᠡᠷᠲᠡᠭᠡᠨ  ᠵᠠᠰᠠᠬᠤ  ᠣᠷᠣᠨ ᠤ  ᠰᠣᠶᠣᠯ  ᠵᠢᠭᠤᠯᠴᠢᠯᠠᠯ ᠤᠨ  ᠲᠢᠩᠬᠢᠮ ᠠᠳᠤᠭᠤ ᠪᠠᠷ ᠭᠤᠣᠯ ᠰᠡᠳᠦᠪ  ᠪᠣᠯᠭᠠᠭᠰᠠᠨ  ︽ᠮᠣᠷᠢᠨ  ᠨᠢᠷᠤᠭᠤᠨ  ᠳᠡᠭᠡᠷᠡᠬᠢ  ᠥᠪᠥᠷ  ᠮᠣᠩᠭᠤᠯ︾  ᠭᠡᠬᠦ  10  ᠵᠤᠷᠪᠤᠰ ᠵᠤᠭᠠᠴᠠᠯ ᠤᠨ ᠱᠤᠭᠤᠮ ᠢ ᠨᠡᠶᠢᠲᠡᠯᠡᠵᠦ᠂ ᠵᠠᠮ ᠱᠤᠭᠤᠮ ᠨᠢ ᠠᠳᠤᠭᠤ ᠪᠠᠷ ᠥᠪᠥᠷ ᠮᠣᠩᠭᠤᠯ ᠤᠨ ᠵᠤᠨ ᠤ  ᠤᠯᠠᠷᠢᠯ ᠤᠨ  ᠲᠠᠯ᠎ᠠ ᠨᠤᠲᠤᠭ ᠤᠨ ᠦᠵᠡᠮᠵᠢ ᠶᠢ ᠬᠤᠯᠪᠣᠪᠠ᠃ ᠵᠤᠭᠠᠴᠠᠭᠰᠠᠳ ᠥᠪᠥᠷ ᠮᠣᠩᠭᠤᠯ ᠤᠨ  ᠤᠯᠠᠨ  ᠡᠰᠢᠲᠦ  ᠲᠡᠦᠬᠡ  ᠰᠣᠶᠣᠯ  ᠪᠣᠯᠤᠨ ᠥᠪᠡᠷᠮᠢᠴᠡ ᠲᠠᠲᠠᠬᠤ ᠬᠦᠴᠦᠨ ᠪᠦᠬᠦᠢ ᠵᠠᠩ ᠦᠢᠯᠡ ᠶᠢᠨ ᠠᠵᠢᠯᠯᠠᠭ᠎ᠠ ᠶᠢ ᠪᠡᠶᠡᠴᠢᠯᠡᠨ ᠣᠶᠢᠯᠠᠭᠠᠵᠤ ᠪᠣᠯᠣᠨ᠎ᠠ᠃             ᠥᠪᠥᠷ ᠮᠣᠩᠭᠤᠯ ᠤᠨ 10 ᠵᠤᠷᠪᠤᠰ ᠭᠤᠤᠯ ᠰᠡᠳᠦᠪᠲᠦ ᠵᠤᠭᠠᠴᠠᠯ ᠤᠨ ᠱᠤᠭᠤᠮ᠄     ᠵᠠᠮ  ᠱᠤᠭᠤᠮ  1᠂  ᠬᠥᠯᠥᠨ ᠪᠤᠶᠢᠷ ᠤᠨ ᠨᠡᠭᠦᠳᠡᠯ ᠮᠠᠯᠵᠢᠯ ᠢ ᠭᠦᠨᠵᠡᠭᠡᠶ ᠣᠶᠢᠯᠠᠭᠠᠬᠤ ᠵᠤᠭᠠᠴᠠᠯ ᠤᠨ ᠵᠠᠮ᠃ ᠵᠠᠮ ᠱᠤᠭᠤᠮ ᠤᠨ ᠲᠣᠬᠢᠷᠠᠭᠤᠯᠤᠯᠲᠠ᠄  ᠬᠠᠶᠢᠯᠠᠷ ᠲᠣᠭᠤᠷᠢᠭ — ᠬᠠᠭᠤᠴᠢᠨ ᠪᠠᠷᠭᠤ ᠬᠤᠰᠢᠭᠤ — ᠡᠸᠡᠩᠬᠢ ᠦᠨᠳᠦᠰᠦᠲᠡᠨ ᠤ ᠰᠤᠮᠤ ᠶᠢᠨ ᠡᠪᠦᠯ ᠤᠨ ᠤᠯᠠᠷᠢᠯ ᠤᠨ ᠪᠡᠯᠴᠢᠭᠡᠷ — ᠮᠡᠷᠭᠡᠯ ᠭᠤᠤᠯ ᠤᠨ ᠵᠤᠰᠠᠯᠠᠩ ᠤᠨ ᠭᠠᠵᠠᠷ — ᠬᠠᠶᠢᠯᠠᠷ ᠲᠣᠭᠤᠷᠢᠭ᠃     ᠵᠠᠮ ᠱᠤᠭᠤᠮ 2᠂ ᠤᠯᠠᠭᠠᠨᠪᠣᠲᠣᠩ ᠤᠨ ᠨᠢᠭᠤᠴᠠ ᠣᠷᠣᠨ ᠢ ᠬᠠᠶᠢᠨ ᠰᠢᠨᠵᠢᠯᠡᠬᠦ ᠠᠶᠠᠯᠠᠯ᠃ ᠵᠠᠮ  ᠱᠤᠭᠤᠮ ‍ᠤᠨ‌‍ᠲ᠋ᠣᠬᠢᠷᠠᠭᠤᠯᠤᠯᠲᠠ᠄ ᠤᠯᠠᠭᠠᠨᠬᠠᠳᠠ ᠬᠤᠲᠠ — ᠢᠦᠶ ᠯᠦᠩ ᠡᠯᠡᠰᠦᠨ  ᠨᠠᠭᠤᠷ  —  ᠪᠠᠭᠠᠷᠢᠨ  ᠪᠠᠷᠠᠭᠤᠨ  ᠬᠤᠰᠢᠭᠤᠨ ᠤ ᠠᠳᠤᠭᠤᠨ ᠲᠠᠯ᠎ᠠ ᠵᠤᠭᠠᠴᠠᠯ ᠤᠨ ᠣᠷᠣᠨ — ᠳᠠᠯᠠᠶᠢᠭᠠᠨᠤᠷ — ᠬᠡᠰᠢᠭᠲᠡᠨ ᠤ ᠤᠯᠤᠰ ᠤᠨ ᠭᠠᠵᠠᠷ ᠰᠢᠨᠵᠢᠯᠡᠭᠡᠨ ᠤ ᠴᠡᠴᠡᠷᠯᠢᠭ — ᠤᠯᠠᠭᠠᠨᠪᠤᠲᠤᠩ ᠤᠨ ᠲᠠᠯ᠎ᠠ ᠨᠤᠲᠤᠭ — ᠤᠯᠠᠭᠠᠨᠬᠠᠳᠠ ᠬᠤᠲᠠ᠃       ᠵᠠᠮ ᠱᠤᠭᠤᠮ 3᠂ ᠬᠥᠬᠡᠬᠤᠲᠠ ᠶᠢᠨ ᠮᠣᠷᠢᠨ ᠮᠡᠷᠭᠡᠵᠢᠯ ᠤᠨ ᠦᠵᠡᠭᠦᠯᠦᠯᠭᠡ ᠶᠢ ᠪᠡᠶᠡᠴᠢᠯᠡᠨ ᠣᠶᠢᠯᠠᠭᠠᠬᠤ  ᠠᠶᠠᠯᠠᠯ᠃ ᠵᠠᠮ ᠱᠤᠭᠤᠮ ᠤᠨ ᠲᠣᠬᠢᠷᠠᠭᠤᠯᠤᠯᠲᠠ᠄ ᠬᠥᠬᠡᠬᠤᠲᠠ — ᠴᠡᠯᠡᠭᠡᠷ ᠲᠠᠯ᠎ᠠ ᠲᠠᠯ᠎ᠠ ᠨᠤᠲᠤᠭ ᠤᠨ ᠰᠣᠶᠣᠯ  ᠵᠤᠭᠠᠴᠠᠯ ᠤᠨ  ᠣᠷᠣᠨ — ᠬᠥᠬᠡᠬᠤᠲᠠ ᠶᠢᠨ ᠤᠣ ᠸᠧᠶ ᠮᠣᠩᠭᠤᠯ ᠶᠤᠸᠠᠨ ᠤ ᠠᠳᠤᠭᠤᠨ ᠰᠣᠶᠣᠯ ᠵᠤᠭᠠᠴᠠᠯ ᠤᠨ ᠣᠷᠣᠨ — ᠥᠪᠥᠷ ᠮᠣᠩᠭᠤᠯ ‍ᠤᠨ‌ᠮᠦ᠋ᠽᠧᠶ ᠶᠢᠨ ᠬᠦᠷᠢᠶᠡᠯᠡᠩ — ᠥᠪᠥᠷ ᠮᠣᠩᠭᠤᠯ ᠤᠨ ᠴᠥᠭᠡᠨ ᠲᠣᠭᠠᠲᠤ  ᠦᠨᠳᠦᠰᠦᠲᠡᠨ ᠤ  ᠣᠯᠠᠨ  ᠲᠦᠮᠡᠨ ᠤ ᠰᠣᠶᠣᠯ ᠪᠡᠶ᠎ᠡ ᠶᠢᠨ ᠲᠠᠮᠢᠷ ᠤᠨ ᠬᠥᠳᠡᠯᠭᠡᠭᠡᠨ ᠤ  ᠲᠥᠪ  —  ︽ᠮᠢᠩᠭᠠᠨ ᠭᠠᠯᠪᠠ ᠶᠢᠨ ᠮᠣᠷᠢᠨ ᠤ ᠮᠠᠭᠲᠠᠭᠠᠯ︾ ᠤᠨ  ᠪᠣᠳᠠᠲᠤ ᠦᠵᠡᠮᠵᠢ ᠶᠢᠨ ᠲᠣᠭᠯᠠᠯᠲᠠ᠃     ᠵᠠᠮ ᠱᠤᠭᠤᠮ 4᠂ ᠳᠤᠮᠳᠠᠳᠤ ᠤᠯᠤᠰ ᠤᠨ ᠠᠳᠤᠭᠤᠨ ᠰᠤᠶᠤᠯ ᠤᠨ ᠲᠦᠪ  ᠰᠢᠯᠢ ᠶᠢᠨ  ᠭᠤᠤᠯ ᠤᠨ  ᠲᠠᠯ᠎ᠠ  ᠨᠤᠲᠤᠭ ᠤᠨ ᠵᠢᠷᠤᠭᠯᠠᠨ ᠰᠡᠭᠦᠳᠡᠷᠯᠡᠬᠦ ᠠᠶᠠᠯᠠᠯ᠃ ᠵᠠᠮ ᠱᠤᠭᠤᠮ ᠤᠨ ᠲᠣᠬᠢᠷᠠᠭᠤᠯᠤᠯᠲᠠ᠄  ᠰᠢᠯᠢ ᠶᠢᠨ ᠬᠤᠲᠠ —  ᠭᠠᠷᠤᠳᠢ  ᠮᠣᠷᠢᠨ ᠤ  ᠲᠠᠯᠠᠪᠠᠶ — ᠪᠠᠷᠠᠭᠤᠨ ᠦᠵᠦᠮᠦᠴᠢᠨ — ᠪᠠᠶᠠᠨᠬᠤᠸᠠ ᠪᠠᠯᠭᠠᠰᠤ — ᠪᠠᠶᠠᠨᠬᠤᠰᠢᠭᠤ ᠪᠠᠯᠭᠠᠰᠤ — ᠬᠤᠤᠯᠢᠨ ᠭᠤᠤᠯ ᠬᠤᠲᠠ᠃     ᠵᠠᠮ ᠱᠤᠭᠤᠮ 5᠂ ᠰᠢᠯᠢ ᠶᠢᠨ ᠭᠤᠣᠯ ᠤᠨ  ᠲᠠᠯ᠎ᠠ  ᠨᠤᠲᠤᠭ ᠤᠨ  ᠠᠳᠤᠭᠤᠨ ᠰᠣᠶᠣᠯ ᠢ  ᠪᠡᠶᠡᠴᠢᠯᠡᠨ‌ᠣᠶᠢᠯᠠᠭᠠᠬᠤ ᠠᠶᠠᠯᠠᠯ᠃ ᠵᠠᠮ ᠱᠤᠭᠤᠮ ᠤᠨ ᠲᠣᠬᠢᠷᠠᠭᠤᠯᠤᠯᠲᠠ᠄   ᠰᠢᠯᠢ ᠶᠢᠨ ᠬᠤᠲᠠ  —  ᠰᠢᠯᠤᠭᠤᠨ  ᠬᠥᠬᠡ  ᠬᠤᠰᠢᠭᠤ  — ᠶᠤᠸᠠᠨ ᠤ ᠳᠡᠭᠡᠳᠦ ᠨᠡᠶᠢᠰᠯᠡᠯ ᠤᠨ ᠪᠠᠭᠤᠷᠢ —  ᠲᠠᠶᠢᠹᠤᠰᠧ  ᠬᠤᠰᠢᠭᠤᠨ ᠤ  ᠬᠠᠭᠠᠨ ᠤ  ᠠᠳᠤᠭᠤᠨ ᠤ  ᠬᠦᠷᠢᠶᠡᠯᠡᠩ  — ᠭᠦᠨᠪᠤᠯᠠᠭ ᠤᠨ ᠲᠠᠯ᠎ᠠ ᠨᠤᠲᠤᠭ᠃     ᠵᠠᠮ ᠱᠤᠭᠤᠮ 6᠂ ᠲᠦᠩᠯᠢᠶᠣᠤ + ᠬᠢᠩᠭᠠᠨ  ᠠᠶᠢᠮᠠᠭ ᠤᠨ  ᠠᠳᠤᠭᠤᠨ  ᠰᠣᠶᠣᠯ ᠤᠨ  ᠰᠤᠳᠤᠯᠤᠨ  ᠰᠤᠷᠤᠯᠴᠠᠬᠤ ᠠᠶᠠᠯᠠᠯ᠃ ᠵᠠᠮ ᠱᠤᠭᠤᠮ ᠤᠨ ᠲᠣᠬᠢᠷᠠᠭᠤᠯᠤᠯᠲᠠ᠄ ᠲᠦᠩᠯᠢᠶᠣᠤ ᠬᠤᠲᠠ  —  ᠲᠦᠩᠯᠢᠶᠣᠤ  ᠬᠤᠲᠠ ᠶᠢᠨ  ᠮᠦᠽᠧᠶ  — ᠲᠠᠬᠢᠮᠳᠠᠭᠤ ᠠᠮᠤᠷᠯᠢᠩᠭᠤᠢ ᠭᠡᠭᠡᠨ ᠰᠣᠳᠣ ᠬᠤᠸᠠᠩᠬᠡᠥ ᠶᠢᠨ ᠬᠦᠷᠢᠶᠡᠯᠡᠩ ᠤᠨ ᠰᠣᠶᠣᠯ ᠵᠤᠭᠠᠴᠠᠯ ᠤᠨ ᠲᠣᠭᠤᠷᠢᠭ  —  ᠵᠢᠷᠦᠬᠡ ᠲᠠᠯ᠎ᠠ ᠨᠤᠲᠤᠭ — ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ  ᠬᠤᠰᠢᠭᠤᠨ ᠤ  ᠯᠠᠢ  ᠳ᠋ᠧ  ᠠᠳᠤᠭᠤᠨ ᠤ ᠦᠢᠯᠡᠰ — ᠲᠦᠩᠯᠢᠶᠣᠤ ᠬᠤᠲᠠ᠃       ᠵᠠᠮ ᠱᠤᠭᠤᠮ 7᠂ ᠤᠯᠠᠭᠠᠨᠴᠠᠪ ᠤᠨ ᠪᠠᠶᠢᠭᠠᠯᠢ ᠪᠠ ᠵᠠᠩ ᠥᠢᠯᠨ ᠶᠢ  ᠪᠡᠶᠡᠴᠢᠯᠡᠨ  ᠣᠶᠢᠯᠠᠭᠠᠬᠤ  ᠠᠶᠠᠯᠠᠯ᠃  ᠵᠠᠮ ᠱᠤᠭᠤᠮ ᠤᠨ ᠲᠣᠬᠢᠷᠠᠭᠤᠯᠤᠯᠲᠠ᠄ ᠤᠯᠠᠭᠠᠨᠴᠠᠪ ᠬᠤᠲᠠ — ᠬᠦᠢᠲᠡᠨᠰᠢᠯᠢ ᠶᠢᠨ ᠲᠠᠯ᠎ᠠ ᠨᠤᠲᠤᠭ —  ᠭᠡᠭᠡᠨᠲᠠᠯ᠎ᠠ ᠶᠢᠨ  ᠲᠠᠯ᠎ᠠ ᠨᠤᠲᠤᠭ — ᠬᠥᠬᠡᠬᠤᠲᠠ᠃       ᠵᠠᠮ ᠱᠤᠭᠤᠮ 8᠂ ᠬᠥᠯᠥᠨ ᠪᠤᠶᠢᠷ ᠤᠨ  ᠮᠣᠩᠭᠤᠯ ᠤᠨ  ᠢᠵᠠᠭᠤᠷ  ᠤᠷᠤᠰᠬᠠᠯ ᠤᠨ  ᠰᠣᠶᠣᠯ ᠤᠨ  ᠬᠠᠶᠢᠯᠲᠠ ᠶᠢᠨ ᠠᠶᠠᠯᠠᠯ᠃ ᠵᠠᠮ ᠱᠤᠭᠤᠮ ᠤᠨ ᠲᠣᠬᠢᠷᠠᠭᠤᠯᠤᠯᠲᠠ᠄  ᠬᠠᠶᠢᠯᠠᠷ  ᠲᠣᠭᠤᠷᠢᠭ  — ᠠᠯᠲᠠᠨ  ᠲᠡᠭᠡᠪᠦᠷᠢᠲᠦ  ᠬᠠᠨ  ᠤᠷᠲᠤ   ᠶᠢᠨ ᠵᠤᠭᠠᠴᠠᠯ ᠤᠨ ᠣᠷᠣᠨ — ᠡᠷᠭᠦᠨ᠎ᠡ ᠬᠤᠲᠠ — ᠭᠡᠭᠡᠨ ᠭᠤᠤᠯ  ᠬᠤᠲᠠ  —  ᠣᠯᠭᠤᠶᠠ  ᠰᠢᠶᠠᠩ  —  ᠮᠤᠷᠢᠲᠠᠭ᠎ᠠ ᠪᠠᠯᠭᠠᠰᠤ — ᠰᠢᠪᠡᠭᠡ ᠪᠠᠯᠭᠠᠰᠤ — ᠡᠩᠬᠡ ᠣᠷᠣᠰ ᠦᠨᠳᠦᠰᠦᠲᠡᠨ ᠤ ᠰᠢᠶᠠᠩ — ᠾᠧᠢ ᠱᠠᠨ  ᠳᠧᠦ  ᠪᠠᠯᠭᠠᠰᠤ  — ᠮᠠᠨᠵᠤᠤᠷ ᠬᠤᠲᠠ᠃     ᠵᠠᠮ ᠱᠤᠭᠤᠮ 9᠂ ᠦᠷ᠎ᠡ ᠬᠡᠤᠬᠡᠳ ᠲᠠᠢ ᠪᠠᠨ ᠵᠤᠭᠠᠴᠠᠨ  ᠰᠤᠷᠤᠯᠴᠠᠬᠤ  ᠣᠷᠳᠣᠰ ᠤᠨ  ᠠᠳᠤᠭᠤᠨ  ᠰᠣᠶᠣᠯ ‍ᠤᠨ‌ᠠᠶᠠᠯᠠᠯ᠃ ᠵᠠᠮ ᠱᠤᠭᠤᠮ ᠤᠨ ᠲᠣᠬᠢᠷᠠᠭᠤᠯᠤᠯᠲᠠ᠄ ᠪᠤᠭᠤᠲᠤ ᠬᠤᠲᠠ — ᠪᠦᠷᠢᠶ᠎ᠡ ᠡᠯᠡᠰᠦ ᠶᠢᠨ ᠵᠤᠭᠠᠴᠠᠯ ᠤᠨ ᠦᠵᠡᠮᠵᠢ ᠵᠢᠨ‌ᠣᠷᠣᠨ — ᠣᠷᠳᠣᠰ ᠤᠨ ᠬᠡᠭᠡᠷ᠎ᠡ ᠶᠢᠨ ᠠᠮᠢᠲᠠᠨ ᠤ ᠬᠦᠷᠢᠶᠡᠯᠡᠩ — ᠣᠷᠳᠣᠰ ᠤᠨ ᠮᠦᠽᠧᠶ  —  ᠣᠷᠳᠣᠰ ᠤᠨ  ᠲᠠᠯ᠎ᠠ ᠨᠤᠲᠤᠭ ᠤᠨ ᠵᠤᠭᠠᠴᠠᠯ ᠤᠨ ᠣᠷᠣᠨ — ᠪᠠᠶᠠᠨᠨᠠᠭᠤᠷ ᠬᠤᠲᠠ᠃     ᠵᠠᠮ ᠱᠤᠭᠤᠮ 10᠂ ᠬᠥᠬᠡᠬᠤᠲᠠ + ᠣᠷᠳᠣᠰ ᠤᠨ ᠪᠣᠳᠠᠰ ᠤᠨ ᠪᠤᠰᠤ  ᠰᠣᠶᠣᠯ ᠤᠨ  ᠥᠪ ᠤᠨ  ᠬᠠᠶᠢᠯᠲᠠ ᠵᠢᠨ‌ᠠᠶᠠᠯᠠᠯ᠃ ᠵᠠᠮ  ᠱᠤᠭᠤᠮ ᠤᠨ ᠲᠣᠬᠢᠷᠠᠭᠤᠯᠤᠯᠲᠠ  ᠄  ᠬᠥᠬᠡᠬᠤᠲᠠ — ᠥᠪᠥᠷ ᠮᠣᠩᠭᠤᠯ  ᠤᠨ  ᠮᠦᠽᠧᠶ  —   ᠬᠥᠬᠡᠬᠤᠲᠠ  ᠶᠢᠨ  ︽ᠰᠦᠬᠡ ᠶᠢᠨ ᠴᠠᠭᠠᠨ ᠮᠣᠷᠢ︾ ᠮᠣᠷᠢᠨ ᠬᠤᠭᠤᠷ ᠤᠨ ᠦᠢᠯᠡᠳᠬᠡᠯ ᠤᠨ  ᠭᠠᠵᠠᠷ  —  ᠣᠷᠳᠣᠰ ᠤᠨ  ᠴᠢᠩᠭᠢᠰ  ᠬᠠᠭᠠᠨ ᠤ ᠣᠩᠭᠤᠨ — ᠡᠵᠡᠨ ᠬᠤᠷᠤᠭ᠎ᠠ ᠬᠤᠰᠢᠭᠤᠨ ᠤ ᠰᠤᠪᠤᠷᠭ᠎ᠠ ︵ᠠᠳᠤᠭᠤᠨ ᠰᠣᠶᠣᠯ ᠤᠨ ᠪᠣᠳᠠᠰ ᠤᠨ ᠪᠤᠰᠤ ᠰᠣᠶᠣᠯ ᠤᠨ ᠥᠪ  ᠢ ᠪᠡᠶᠡᠴᠢᠯᠡᠨ ᠣᠶᠢᠯᠠᠭᠠᠬᠤ︶ — ᠣᠷᠳᠣᠰ ᠤᠨ ᠲᠠᠯ᠎ᠠ ᠨᠤᠲᠤᠭ ᠤᠨ ᠵᠤᠭᠠᠴᠠᠯ ᠤᠨ ᠣᠷᠣᠨ — ᠣᠷᠳᠣᠰ ᠬᠤᠲᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号