ᠮᠣᠩᠭᠤᠯ ᠪᠥᠬᠡ ᠶᠢᠨ ᠴᠣᠯᠠ ᠶᠢᠨ ᠲᠡᠦᠬᠡ ᠤᠯᠠᠮᠵᠢᠯᠠᠯ ᠪᠣᠯᠣᠨ ᠵᠠᠩᠭᠢᠶ᠎ᠠ ᠶᠢᠨ ᠲᠤᠬᠠᠢ ᠲᠤᠪᠴᠢ ᠦᠭᠦᠯᠡᠬᠦ  ᠨᠢ
ᠨᠡᠶᠢᠲᠡᠯᠡᠭᠰᠡᠨ ᠴᠠᠭ᠄
2020/8/26
                      ᠪᠠ᠊ · ᠪᠣᠯᠣᠳ  ︵ᠶᠠᠫᠣᠨ ᠤ ᠡᠷᠡᠭᠦᠯ ᠮᠡᠨᠳᠦ ᠰᠫᠥᠷᠲ ᠤᠨ ᠶᠡᠭᠡ                                               ᠰᠤᠷᠭᠠᠭᠤᠯᠢ ᠶᠢᠨ ᠫᠷᠤᠹᠧᠰᠰᠤᠷ᠂ ᠳ᠋ᠣᠺᠲ᠋ᠣᠷ︶     ᠥᠨᠥᠳᠥᠷ ᠤᠨ ᠪᠠᠶᠢᠳᠠᠯ ᠢᠶᠠᠷ᠂ ᠮᠣᠩᠭᠤᠯ ᠣᠯᠣᠰ ᠨᠢ ᠦᠨᠲᠦᠰᠦᠨ ᠤ ᠪᠠᠶᠠᠷ ᠨᠠᠭᠠᠳᠤᠮ ᠢᠶᠠᠷ ᠣᠯᠣᠰ ᠤᠨ ᠴᠣᠯᠠ ᠪᠣᠯᠣᠨ ᠠᠶᠢᠮᠠᠭ ᠰᠣᠮᠣ ᠶᠢᠨ ᠴᠣᠯᠠ ᠣᠯᠭᠤᠳᠠᠭ ᠪᠣᠯ᠂ ᠥᠪᠥᠷ ᠮᠣᠩᠭᠤᠯ ᠤᠨ ᠰᠢᠯᠢ ᠶᠢᠨ ᠭᠤᠣᠯ ᠠᠶᠢᠮᠠᠭ  ᠨᠢ 14 ᠵᠢᠯ ᠲᠠᠷᠠᠭᠠᠯᠠᠨ ︽ᠰᠢᠯᠢ ᠶᠢᠨ ᠭᠤᠣᠯ ᠠᠶᠢᠮᠠᠭ ᠤᠨ ᠴᠣᠯᠠ ᠣᠯᠭᠤᠬᠤ ᠨᠠᠶᠢᠷ︾ ᠢ ᠬᠤᠰᠢᠭᠤ ᠥᠷᠲᠡᠭᠡᠯᠡᠨ ᠵᠣᠬᠢᠶᠠᠨ ᠪᠠᠶᠢᠭᠤᠯᠵᠤ ᠪᠠᠶᠢᠨ᠎ᠠ᠃ ᠡᠭᠦᠨ ᠠᠴᠠ ᠭᠠᠳᠠᠨ᠎ᠠ᠂ ᠤᠷᠣᠨ ᠤ ᠪᠦᠬᠡ ᠶᠢᠨ ᠴᠣᠯᠠ ᠣᠯᠭᠤᠬᠤ ᠨᠠᠶᠢᠷ᠂ ᠬᠦᠯᠦᠨ ᠪᠤᠶᠢᠷ ᠤᠨ ᠠᠶᠢᠮᠠᠭ ᠤᠨ ᠴᠣᠯᠠ ᠣᠯᠭᠤᠬᠤ ᠨᠠᠶᠢᠷ ᠵᠡᠷᠭᠡ ᠶᠠᠪᠤᠭᠳᠠᠵᠤ ᠪᠠᠶᠢᠭ᠎ᠠ ᠪᠢᠯᠡ᠃ ᠬᠠᠷᠢᠨ ᠨᠢᠳᠦᠨᠤᠨ ᠤ 9 ᠰᠠᠷ᠎ᠠ ᠳᠤ ᠥᠪᠥᠷ ᠮᠣᠩᠭᠤᠯ ᠤᠨ ᠪᠥᠬᠡ ᠶᠢᠨ ᠨᠡᠶᠢᠭᠡᠮᠯᠢᠭ ᠨᠢ ︽ᠵᠠᠩᠭᠢᠶ᠎ᠠ ᠪᠠᠷ ᠴᠣᠯᠠᠯᠠᠬᠤ︾ ᠰᠢᠨ᠎ᠡ ᠲᠦᠷᠢᠮ ᠲᠤᠭᠲᠠᠭᠠᠭᠰᠠᠨ ᠭᠡᠬᠦ ᠰᠤᠷᠠᠭ ᠢᠶᠠᠷ ᠪᠦᠬᠡ ᠶᠢᠨ ᠴᠣᠯᠠ ᠶᠢᠨ ᠲᠠᠯ᠎ᠠ ᠪᠠᠷ ᠣᠯᠠᠨ ᠮᠠᠷᠭᠤᠭᠠᠨ ᠡᠭᠦᠰᠴᠤ ᠪᠠᠶᠢᠭ᠎ᠠ ᠪᠣᠯᠬᠤᠷ ᠴᠣᠯᠠ ᠪᠣᠯᠣᠨ ᠵᠠᠩᠭᠢᠶ᠎ᠠ ᠶᠢᠨ ᠲᠠᠯ᠎ᠠ ᠪᠠᠷ ᠡᠷᠳᠡᠮ ᠰᠢᠨᠵᠢᠯᠡᠭᠡᠨ ᠤ ᠵᠠᠲᠠᠯᠤᠯᠲᠠ ᠬᠢᠬᠦ ᠨᠢ ᠵᠦᠢᠲᠠᠢ ᠪᠣᠶᠣ᠃     ᠪᠦᠬᠡ ᠶᠢᠨ ᠴᠣᠯᠠ ᠶᠢᠨ ᠲᠠᠯ᠎ᠠ ᠪᠠᠷ ᠰᠤᠳᠤᠯᠤᠭᠰᠠᠨ ᠦᠭᠦᠯᠡᠯ ᠵᠤᠬᠢᠶᠠᠯ ᠬᠤᠪᠣᠷ ᠪᠠᠶᠢᠭ᠎ᠠ ᠲᠤᠯᠠ ᠪᠦᠬᠡ ᠶᠢᠨ ᠴᠣᠯᠠ ᠶᠢᠨ ᠲᠤᠬᠠᠢ ᠬᠦᠮᠦᠰ ᠤᠨ ᠣᠶᠢᠯᠠᠭᠠᠯᠲᠠ ᠲᠤᠲᠠᠮᠠᠭ ᠪᠠᠶᠢᠭ᠎ᠠ ᠨᠢ ᠮᠡᠳᠡᠭᠡᠵᠢ᠃ ᠲᠡᠭᠡᠪᠡᠯ ᠬᠡᠵᠢᠶᠡᠨ ᠠᠴᠠ ᠮᠣᠩᠭᠤᠯ ᠪᠦᠬᠡ ᠳᠤ ᠠᠷᠢᠶᠠᠲᠠᠨ ᠵᠢᠭᠦᠷᠲᠠᠨ ᠤ ᠴᠣᠯᠠ ᠣᠯᠭᠤᠵᠤ ᠪᠠᠶᠢᠭᠰᠠᠨ ᠪᠤᠢ︖ ᠵᠠᠩᠭᠢᠶ᠎ᠠ ᠬᠡᠵᠢᠶ᠎ᠡ ᠡᠭᠦᠰᠦᠭᠰᠡᠨ ᠪᠤᠢ︖ ᠴᠣᠯᠠ ᠵᠠᠩᠭᠢᠶ᠎ᠠ ᠬᠤᠶᠠᠷ ᠨᠢ ᠠᠳᠠᠯᠢᠬᠠᠨ ᠦᠦ︖ ᠥᠭᠡᠷ᠎ᠡ ᠦᠦ︖ ᠡᠳᠡᠭᠡᠷ ᠠᠰᠠᠭᠤᠳᠠᠯ ᠤᠳ ᠦᠷᠭᠡᠨ ᠣᠯᠠᠨ ᠪᠥᠬᠡ ᠶᠢᠨ ᠪᠠᠭ᠋ᠠᠳᠠᠳ ᠤᠨ ᠰᠣᠨᠢᠷᠬᠠᠯ ᠢ ᠶᠡᠬᠡᠳᠡ ᠲᠠᠲᠠᠵᠤ ᠪᠠᠶᠢᠨ᠎ᠠ᠃ ᠲᠤᠰ ᠦᠭᠦᠯᠡᠯ ᠳᠤ ᠠᠯᠢ ᠪᠣᠯᠬᠤ ᠪᠠᠷ ᠲᠡᠭᠡᠷᠡᠬᠢ ᠠᠰᠠᠭᠤᠳᠠᠯ ᠳᠤ ᠲᠠᠶᠢᠯᠤᠮᠵᠢ ᠬᠢᠬᠦ ᠶᠢ ᠬᠢᠴᠢᠶᠡᠭᠰᠡᠨ ᠪᠣᠯᠪᠠᠴᠤ ᠲᠡᠦᠬᠡᠨ ᠮᠠᠲ᠋ᠧᠷᠢᠶᠠᠯ ᠲᠤᠲᠠᠮᠠᠭ ᠵᠡᠷᠭᠡ ᠰᠢᠯᠲᠠᠭᠠᠨ ᠠᠴᠠ ᠬᠠᠩᠭᠠᠯᠳᠠᠳᠠᠢ ᠬᠠᠷᠢᠭᠤᠯᠲᠠ ᠦᠭᠴᠦ ᠴᠢᠳᠠᠬᠤ ᠦᠭᠡᠢ ᠨᠢ ᠲᠠᠮᠵᠢᠭ ᠦᠭᠡᠢ᠃ ᠭᠡᠪᠡᠴᠦ ᠡᠳᠡᠭᠡᠷ ᠠᠰᠠᠭᠤᠲᠠᠯ ᠤᠨ ᠲᠠᠯ᠎ᠠ ᠪᠠᠷ ᠰᠦᠪᠡᠭᠴᠢ ᠭᠠᠷᠭᠠᠵᠤ᠂ ᠴᠠᠭᠠᠰᠢᠳᠠ ᠶᠢᠨ ᠰᠤᠳᠤᠯᠭᠠᠨ ᠤ ᠲᠡᠪᠢᠰᠭᠡᠷ ᠪᠣᠯᠭᠠᠬᠤ ᠡᠭᠦᠲᠡᠨ ᠠᠴᠠ ᠱᠦᠭᠦᠷᠬᠡᠢ ᠦᠭᠦᠯᠡᠯ ᠢᠶᠠᠨ ᠲᠡᠪᠰᠢᠭᠦᠯᠵᠦ ᠪᠠᠶᠢᠭ᠎ᠠ ᠪᠢᠯᠡ᠃ ᠣᠯᠵᠤ ᠠᠯᠳᠠᠭᠰᠠᠨ ᠵᠦᠢᠯ ᠢ ᠮᠡᠷᠭᠡᠨ ᠤᠩᠰᠢᠭᠴᠢᠳ ᠮᠢᠨᠢ ᠰᠢᠭᠦᠮᠵᠢᠯᠡᠨ ᠲᠤᠩᠭᠠᠮᠤ᠃     ᠨᠢᠭᠡ᠂ ᠪᠥᠬᠡ ᠶᠢᠨ ᠴᠣᠯᠠ ᠶᠢᠨ ᠲᠤᠬᠠᠢ ᠲᠡᠦᠬᠡᠨ ᠪᠠᠷᠢᠮᠲᠠ ᠨᠤᠭᠤᠳ     ᠪᠥᠬᠡ ᠶᠢᠨ ᠲᠡᠦᠬᠡᠨ ᠳᠤ ᠠᠷᠢᠶᠠᠲᠠᠨ ᠵᠢᠭᠦᠷᠲᠡᠨ᠂ ᠬᠦᠴᠦ ᠰᠢᠳᠢ ᠪᠦᠬᠦᠢ ᠨᠡᠷ᠎ᠡ ᠪᠠᠷ ᠪᠠᠭᠠᠲᠤᠷ ᠢᠲᠡᠳᠡᠨ᠂ ᠪᠦᠬᠡ ᠪᠠᠨ ᠴᠣᠯᠠᠯᠠᠵᠤ ᠪᠠᠶᠢᠭᠰᠠᠨ ᠲᠡᠦᠬᠡ ᠤᠯᠠᠮᠵᠢᠯᠠᠯ ᠦᠯᠡᠮᠵᠢ ᠬᠠᠷᠠᠭᠳᠠᠳᠠᠭ᠃ ᠥᠨᠢ ᠤᠳᠠᠭᠠᠨ ᠵᠢᠯ ᠠᠮᠠ ᠲᠠᠮᠵᠢᠨ ᠤᠯᠠᠮᠵᠢᠯᠠᠭᠳᠠᠭᠰᠠᠨ ︽ᠵᠠᠩᠭᠠᠷ︾ ᠵᠡᠷᠭᠡ ᠪᠠᠭᠠᠲᠤᠷᠯᠢᠭ ᠲᠤᠤᠯᠢ ᠳᠤ ᠠᠯᠲᠠᠷ ᠨᠣᠶᠠᠨ ᠵᠠᠩᠭᠠᠷ ᠤᠨ ᠪᠠᠭᠠᠲᠤᠳ ᠢᠯᠠᠯᠲᠠ ᠪᠠᠶᠢᠭᠤᠯᠬᠤ ᠪᠣᠯᠭᠠᠨ ᠳᠤ ᠨᠢ ᠴᠣᠯᠠ ᠭᠤᠩᠰᠢᠨ ᠣᠯᠭᠤᠵᠤ ᠪᠠᠶᠢᠭᠰᠠᠨ᠃ ᠵᠢᠱᠢᠶᠡᠯᠡᠪᠡᠯ᠂ ᠬᠤᠩᠭᠤᠷ ᠤᠨ ᠴᠣᠯᠠ ᠭᠤᠩᠰᠢᠨ ᠨᠢ ︽ᠠᠭᠤᠤ ᠶᠡᠭᠡ ᠬᠦᠴᠦᠲᠠᠢ᠂ ᠠᠷᠰᠯᠠᠨ ᠤ ᠠᠷᠠᠭ ᠤᠯᠠᠭᠠᠨ ᠬᠤᠩᠭᠤᠷ ᠪᠠᠭᠠᠲᠤᠷ︾ ᠭᠡᠬᠦ ᠮᠡᠲᠦ᠃ ᠡᠭᠦᠨ ᠠᠴᠠ ᠭᠠᠳᠠᠨ᠎ᠠ ︽ᠬᠦᠮᠦᠨ ᠤ ᠨᠠᠴᠢᠨ ᠬᠦᠨᠲᠦ ᠭᠠᠷ ᠲᠠᠢ ᠰᠠᠪᠠᠷ︾᠂ ︽ᠲᠤᠭᠰᠢᠨ ᠬᠠᠷ᠎ᠠ ᠰᠠᠨᠠᠯ︾᠂ ︽ᠠᠯᠲᠠᠨ ᠴᠡᠭᠡᠵᠢ ᠪᠠᠪᠠᠢ︾᠂ ︽ᠪᠦᠬᠡ ᠮᠥᠩᠭᠦᠨ ᠰᠢᠭᠰᠢᠷᠭᠡ︾ ᠭᠡᠬᠦ ᠮᠡᠲᠦ ᠵᠠᠩᠭᠠᠷ ᠤᠨ ᠬᠠᠮᠤᠭ ᠤᠨ ᠬᠦᠴᠦᠲᠦ ᠠᠷᠪᠠᠨ ᠬᠤᠶᠠᠷ ᠪᠠᠭᠠᠲᠤᠷ ᠨᠢ ᠪᠦᠭᠦᠳᠡᠭᠡᠷ ᠴᠣᠯᠠ ᠲᠠᠢ ᠪᠦᠭᠡᠳ ᠡᠳᠡᠭᠡᠷ ᠠᠷᠪᠠᠨ ᠬᠤᠶᠠᠷ ᠬᠦᠴᠦᠲᠡᠳ ᠢ ︽ᠠᠬᠠᠮᠠᠳ ᠠᠷᠪᠠᠨ ᠬᠤᠶᠠᠷ ᠠᠷᠰᠯᠠᠨ︾ ᠭᠡᠵᠦ ᠨᠡᠷᠡᠯᠡᠳᠡᠭ ︵ᠲᠠᠶᠠ ᠶᠢᠨ ᠡᠮᠬᠢᠳᠭᠡᠨ ᠲᠠᠶᠢᠯᠪᠤᠷᠢᠯᠠᠭᠰᠠᠨ ︽ᠠᠷᠢᠮᠫᠢᠯ ᠤᠨ ︿ᠵᠠᠩᠭᠠᠷ﹀︾᠂ 1999 ᠣᠨ︶᠃ ︽ᠵᠠᠩᠭᠠᠷ︾ ᠲᠤ ᠵᠠᠩᠭᠠᠷ ᠤᠨ ᠪᠠᠭᠠᠲᠤᠳ ᠲᠡᠲᠦᠢ ᠦᠭᠡᠢ᠂ ᠲᠠᠶᠢᠰᠦᠨ ᠪᠠᠭᠠᠲᠤᠷ ᠨᠢ ᠬᠦᠷᠲᠡᠯ᠎ᠡ ᠴᠣᠯᠠ ᠲᠠᠢ ᠪᠠᠶᠢᠳᠠᠭ᠃ ᠵᠢᠱᠢᠶᠠᠯᠠᠪᠠᠯ᠂ ︽ᠭᠦᠷᠭᠦᠯᠦᠶᠢᠲᠦ ᠠᠯᠲᠠᠨ ᠰᠣᠶᠤᠭ᠎ᠠ︾᠂ ︽ᠵᠩᠳᠡᠭ ᠴᠠᠭᠠᠨ ᠪᠠᠭᠠᠲᠤᠷ︾᠂ ︽ᠳ᠋ᠦᠩᠰᠢᠭᠤᠷ ᠭᠡᠷᠡᠯ ᠨᠡᠷᠡᠲᠡᠢ ᠲᠤᠭᠰᠢᠨ ᠰᠢᠷ᠎ᠠ ᠮᠠᠩᠭᠤᠰ︾᠂ ︽ᠲᠤᠭᠰᠢᠨ ᠪᠣᠷᠣ ᠮᠠᠩᠨᠠᠢ︾ ᠭᠡᠬᠦ ᠮᠡᠲᠦ᠃ ︽ᠵᠠᠩᠭᠠᠷ︾ ᠤᠨ ᠲᠤᠤᠯᠢ ᠪᠣᠯ ᠠᠷᠪᠠ ᠶᠢᠰᠦᠳᠦᠭᠡᠷ ᠵᠠᠭᠤᠨ ᠤ ᠡᠬᠢᠨ ᠬᠦᠷᠲᠡᠯ᠎ᠡ ᠲᠤᠤᠯᠢᠴᠢ ᠨᠠᠷ ᠠᠮᠠ ᠪᠠᠷ ᠬᠠᠶᠢᠯᠠᠨ ᠤᠯᠠᠮᠵᠢᠯᠠᠵᠤ ᠢᠷᠡᠭᠰᠡᠨ ᠮᠣᠩᠭᠤᠯ ᠦᠨᠲᠦᠰᠦᠲᠡᠨ ᠤ ᠡᠷᠲᠡᠨ ᠤ ᠤᠷᠠᠨ ᠵᠣᠬᠢᠶᠠᠯ ᠤᠨ ᠣᠬᠢ ᠲᠡᠭᠡᠵᠢ ᠪᠢᠯᠡ᠃ ᠪᠠᠭᠠᠲᠤᠷᠯᠢᠭ ᠲᠤᠤᠯᠢ ᠳᠤ ᠡᠶᠡᠷᠬᠦ ᠰᠦᠬᠡᠷᠬᠦ ᠳᠦᠷᠢ ᠶᠢᠨ ᠪᠠᠭᠠᠲᠤᠷᠴᠤᠳ ᠨᠢ ᠪᠦᠭᠦᠲᠡ ᠴᠣᠯᠠ ᠲᠠᠢ ᠪᠠᠶᠢᠭ᠎ᠠ ᠨᠢ ᠮᠣᠩᠭᠤᠯᠴᠤᠳ ᠠᠯᠢ ᠡᠷᠲᠡᠨ ᠠᠴᠠ ︽ᠴᠣᠯᠠ︾ ᠪᠠᠷ ᠪᠠᠭᠠᠲᠤᠷ ᠢᠶᠠᠨ ᠠᠯᠲᠠᠷᠰᠢᠭᠤᠯᠵᠤ ᠪᠠᠶᠢᠭᠰᠠᠨ ᠤ ᠭᠡᠷᠡᠴᠢ ᠶᠤᠮ᠃ ᠲᠤᠤᠯᠢ ᠳᠤ ᠪᠠᠭᠠᠲᠤᠷᠴᠤᠳ ᠨᠢ ︽ᠡᠷ᠎ᠡ ᠶᠢᠨ ᠭᠤᠷᠪᠠᠨ ᠨᠠᠭᠠᠳᠤᠮ︾ ᠢᠶᠠᠷ ᠮᠥᠴᠡᠭᠡᠷᠬᠡᠵᠦ᠂ ᠡᠴᠦᠰ ᠤᠨ ᠢᠯᠠᠯᠲᠠ ᠪᠠᠨ ᠵᠠᠪᠠᠯ ︽ᠪᠦᠬᠡ︾ ᠪᠠᠷ ᠪᠠᠶᠢᠭᠤᠯᠵᠦ᠂ ᠮᠦᠷᠦᠶᠢᠴᠡᠭᠡᠨ ᠢᠶᠠᠨ ᠠᠪᠳᠠᠭ ᠦᠭᠦᠯᠡᠮᠵᠢ ᠣᠯᠠᠨ ᠪᠠᠶᠢᠳᠠᠭ᠃ ᠵᠢᠱᠢᠶᠡᠯᠡᠪᠡᠯ᠂ ︽ᠡᠨᠡ ᠬᠤᠶᠠᠷ ᠪᠠᠭᠠᠲᠤᠷ/ᠠᠭᠲᠠ ᠬᠦᠯᠦᠭ ᠠᠴᠠ ᠪᠠᠨ ᠪᠠᠭᠤᠭᠠᠳ᠄ ᠡᠵᠢ ᠶᠢᠨ ᠬᠢᠭᠰᠡᠨ/ᠡᠭᠡᠮ ᠳᠠᠯᠤ ᠪᠠᠷ ᠨᠤᠭᠤᠯᠲᠤᠶ᠎ᠠ︕ ᠭᠡᠳ/ ᠲᠠᠬᠢ ᠶᠢᠨ ᠠᠷᠠᠰᠤ ᠶᠢ/ᠲᠠᠬᠢᠮ ᠬᠦᠷᠲᠡᠯ᠎ᠡ ᠪᠠᠨ ᠡᠪᠭᠡᠴᠢᠭᠡᠳ/᠂᠂᠂᠂ ᠦᠬᠡᠷ ᠤᠨ ᠴᠢᠨᠡᠭᠡᠨ ᠴᠢᠯᠠᠭᠤ ᠪᠠᠷ ᠰᠢᠪᠡᠯᠴᠡᠭᠡᠳ/ᠠᠴᠢᠭᠠᠳ ᠠᠴᠢᠭᠠᠳ ᠴᠤᠬᠢᠯᠳᠤᠭᠠᠳ᠂᠂᠂᠂︾ ᠭᠡᠬᠦ ᠮᠡᠲᠦ ᠪᠠᠷ ᠡᠷ᠎ᠡ ᠶᠢᠨ ᠰᠠᠶᠢᠨ ᠢᠶᠠᠨ︽ᠪᠠᠷᠢᠯᠳᠤᠵᠤ︾ ᠰᠢᠯᠭᠠᠳᠠᠭ᠃ ᠡᠨᠡ ᠮᠡᠲᠦ ᠪᠠᠷ ︽ᠵᠠᠩᠭᠠᠷ︾ ᠤᠨ ᠲᠣᠣᠯᠢ ᠶᠢᠨ ᠪᠠᠭᠠᠲᠤᠳ ᠨᠢ ᠭᠠᠷᠮᠠᠭᠠᠢ ᠪᠥᠬᠡᠴᠦᠳ ᠪᠠᠶᠢᠭᠰᠠᠨ ᠪᠦᠭᠡᠳ ᠪᠠᠭᠠᠲᠤᠷ ᠪᠦᠬᠡᠴᠦᠳ ᠢᠶᠠᠨ ︽ᠠᠷᠰᠯᠠᠨ︾ ᠭᠡᠵᠦ ᠨᠡᠷᠡᠯᠡᠵᠦ ᠪᠠᠶᠢᠭᠰᠠᠨ ᠨᠢ ᠨᠡᠩ ᠰᠣᠨᠢᠷᠬᠠᠯᠲᠠᠢ᠃ ᠡᠨᠡ ᠪᠣᠯ ᠮᠣᠩᠭᠤᠯ ᠪᠦᠬᠡ ᠶᠢᠨ ᠴᠣᠯᠠ ᠶᠢᠨ ᠤᠤᠭᠠᠨ ᠲᠦᠷᠬᠦ ᠢᠵᠠᠭᠤᠷ ᠤᠳᠬ᠎ᠠ ᠪᠦᠭᠡᠳ ᠪᠦᠬᠡ ᠶᠢᠨ ᠴᠣᠯᠠ ᠶᠢᠨ ᠭᠠᠷᠪᠠᠯᠢ ᠭᠡᠵᠦ ᠦᠵᠡᠵᠦ ᠪᠣᠯᠣᠨ᠎ᠠ᠃     ︽ᠮᠣᠩᠭᠤᠯ  ᠤᠨ ᠨᠢᠭᠤᠴᠠ ᠲᠣᠪᠴᠢᠶᠠᠨ︾ ᠤ 140  ᠳ᠋ᠦ᠋ᠭᠡᠷ ᠵᠤᠶᠢᠯ᠂ ᠪᠢᠳᠡᠨ ᠳᠤ ᠠᠷᠪᠠᠨ ᠭᠤᠷᠪᠠᠳᠦᠭᠠᠷ ᠵᠠᠭᠤᠨ ᠤ ᠡᠬᠢᠨ ᠦᠶ᠎ᠡ ᠶᠢᠨ ᠪᠦᠬᠡ ᠶᠢᠨ ᠲᠠᠯ᠎ᠠ ᠪᠠᠷ ᠮᠠᠰᠢ ᠴᠢᠬᠤᠯᠠ ᠬᠤᠶᠠᠷ ᠵᠥᠢᠯ ᠤᠨ ᠮᠡᠳᠡᠭᠡᠯᠡᠯ ᠬᠠᠩᠭᠠᠳᠠᠭ᠃ ᠨᠢᠭᠡ ᠨᠢ᠂ ᠪᠦᠷᠢ ᠪᠦᠬᠡ ᠶᠢ ︽ᠣᠯᠣᠰ ᠤᠨ ᠪᠦᠬᠡ︾ ᠭᠡᠵᠦ ᠬᠤᠶᠠᠷ ᠤᠳᠠᠭ᠎ᠠ ᠣᠨᠴᠠᠯᠠᠨ ᠲᠡᠮᠳᠡᠭᠯᠡᠭᠰᠡᠨ ᠵᠦᠢᠯ ᠪᠠᠶᠢᠳᠠᠭ᠃ ᠡᠨᠡ ᠨᠢ ᠴᠢᠩᠭᠢᠰ ᠬᠠᠭᠠᠨ ᠤ ᠦᠶ᠎ᠡ ᠳᠤ ︽ᠤᠯᠤᠰ ᠤᠨ ᠪᠥᠬᠡ︾ ᠭᠡᠰᠡᠨ ᠴᠣᠯᠠ ᠣᠯᠭᠤᠵᠤ ᠪᠠᠶᠢᠭᠰᠠᠨ ᠪᠠᠲᠤᠲᠠᠢ ᠮᠡᠳᠡᠭᠡᠯᠡᠯ ᠪᠣᠯᠣᠨ᠎ᠠ᠃ ᠭᠡᠪᠡᠴᠦ ᠶᠠᠮᠠᠷ ᠨᠠᠭᠠᠳᠤᠮ ᠳᠤ ᠶᠠᠮᠠᠷ ᠨᠦᠬᠦᠴᠡᠯ ᠢᠶᠠᠷ ︽ᠤᠯᠤᠰ ᠤᠨ ᠪᠦᠬᠡ︾ ᠶᠢᠨ ᠴᠣᠯᠠ ᠣᠯᠭᠤᠵᠤ ᠪᠠᠶᠢᠭᠰᠠᠨ ᠨᠢ ᠲᠣᠲᠣᠷᠬᠠᠢ ᠦᠭᠡᠢ᠃ ᠲᠠᠷᠠᠭ᠎ᠠ ᠬᠡᠰᠡᠭ ᠲᠤ ᠲᠤᠷᠠᠳᠤᠭᠰᠠᠨ ᠮᠡᠲᠦ ᠂ ᠴᠢᠩᠭᠢᠰ ᠬᠠᠭᠠᠨ ᠤ ᠦᠶ᠎ᠡ ᠶᠢᠨ ᠲᠦᠷᠦ ᠶᠢᠨ ᠪᠥᠬᠡ ᠨᠢ ︽ᠪᠣᠬ᠎ᠠ ᠨᠣᠣᠯᠣᠯᠳᠤᠭᠠᠨ︾ ᠪᠠᠶᠢᠭᠰᠠᠨ ᠪᠣᠯᠬᠤᠷ᠂ ᠦᠨᠦᠲᠦᠷ ᠤᠨ ᠮᠡᠲᠦ ᠨᠣᠭᠤᠯᠤᠭ᠎ᠠ ᠪᠠᠷᠢᠯᠳᠤᠭᠠᠨ ᠪᠢᠰᠢ ᠪᠠᠶᠢᠵᠠᠢ᠃ ᠲᠡᠶᠢᠮᠦ ᠤᠴᠢᠷ ᠠᠴᠠ ᠳᠠᠪᠠᠭ᠎ᠠ ᠦᠨᠡᠯᠡᠵᠦ ᠴᠤᠯᠠ ᠣᠯᠭᠤᠳᠠᠭ ᠦᠭᠡᠢ ᠪᠠᠶᠢᠭᠰᠠᠨ ᠪᠠᠶᠢᠬ᠎ᠠ ᠭᠡᠵᠦ ᠪᠣᠳᠣᠵᠣ ᠪᠠᠶᠢᠨ᠎ᠠ᠃ 209 ᠳ᠋ᠦ᠋ᠭᠡᠷ ᠵᠤᠶᠢᠯ ᠳᠤ᠂ ᠲᠦᠷᠪᠡᠨ ᠨᠣᠬᠠᠢ ᠶᠢᠨ ᠨᠢᠭᠡᠨ ᠪᠣᠯᠬᠤ ᠬᠤᠪᠢᠯᠠᠢ ᠶᠢ ︽ᠴᠢ ᠪᠠᠷ ᠬᠦᠴᠦᠲᠡᠨ ᠤ ᠬᠦᠵᠦᠭᠦᠦ ᠶᠢ ᠪᠦᠬᠡᠴᠦᠳ ᠤᠨ ᠪᠦᠭᠰᠡ ᠶᠢ ᠲᠠᠷᠤᠵᠤ ᠥᠭᠪᠡ᠂᠂᠂᠂ ︿ᠪᠦᠬᠦ ᠴᠡᠷᠢᠭ ᠤᠨ ᠬᠡᠷᠡᠭ ᠢ ᠴᠢ ᠶᠡᠷᠦᠩᠬᠡᠶᠢᠯᠡᠨ ᠵᠠᠬᠢᠷᠳᠤᠭᠠᠢ﹀︾ ᠭᠡᠰᠡᠨ ᠴᠢᠩᠭᠢᠰ ᠬᠠᠭᠠᠨ ᠤ ᠰᠣᠶᠣᠷᠬᠠᠯ ᠢ ᠲᠡᠮᠳᠡᠭᠯᠡᠭᠰᠡᠨ ᠪᠠᠶᠢᠳᠠᠭ᠃ ᠠᠳᠡ ︽ᠪᠦᠬᠡ︾ ᠪᠠᠷ ᠵᠢᠱᠢᠶᠡᠯᠡᠵᠦ ᠪᠠᠶᠢᠭ᠎ᠠ ᠨᠢ ᠬᠤᠪᠢᠯᠠᠢ ᠪᠣᠯ ᠭᠠᠷᠮᠠᠭᠠᠢ ᠪᠦᠬᠡᠴᠢᠨ ᠪᠠᠶᠢᠭᠰᠠᠨ ᠪᠦᠭᠡᠳ ᠣᠯᠠᠨ ᠪᠠᠭᠠᠲᠤᠷ᠂ ᠪᠦᠬᠡᠴᠦᠳ ᠤᠨ ᠲᠤᠮᠲᠠ ᠠᠴᠠ ᠡᠷ᠎ᠡ ᠴᠢᠳᠠᠯ ᠢᠶᠠᠷ ᠢᠶᠠᠨ ᠴᠣᠯᠭᠤᠷᠠᠨ ᠭᠠᠷᠴᠤ᠂ ᠶᠡᠭᠡ ᠮᠣᠩᠭᠤᠯ ᠣᠯᠣᠰ ᠤᠨ ᠪᠦᠬᠦ ᠴᠡᠷᠢᠭ ᠤᠨ ᠶᠡᠷᠦᠩᠬᠡᠢ ᠵᠠᠬᠢᠷᠤᠭᠴᠢ ᠶᠢᠨ ᠦᠨᠲᠦᠷ ᠰᠣᠶᠣᠷᠬᠠᠯ ᠬᠦᠷᠲᠡᠭᠰᠡᠨ ᠭᠡᠵᠦ ᠣᠶᠢᠯᠠᠭᠠᠵᠣ ᠪᠣᠯᠣᠨ᠎ᠠ᠃︽ᠨᠢᠭᠤᠴᠠ ᠲᠤᠪᠴᠢᠶᠠᠨ︾  ᠳᠤ ︽ᠪᠠᠭᠠᠲᠤᠷ᠂ ᠮᠡᠷᠭᠡᠨ᠂ ᠪᠦᠬᠡ︾ ᠭᠡᠬᠦ ᠮᠡᠲᠦ ᠶᠢᠨ ᠴᠤᠯᠠ ᠣᠯᠠᠨ ᠭᠠᠷᠳᠠᠭ ᠠᠴᠠ ᠬᠠᠷᠠᠬᠤ ᠳᠤ ︽ᠤᠯᠤᠰ ᠤᠨ ᠪᠥᠬᠡ︾ ᠭᠡᠳᠡᠭ ᠴᠣᠯᠠ ᠶᠢ ᠤᠯᠤᠰ ᠲᠤ ᠲᠦᠷᠦᠭᠦᠯᠦᠭᠰᠡᠨ ᠪᠦᠬᠡ ᠳᠤ ᠤᠯᠭᠤᠭᠰᠠᠨ ᠭᠡᠬᠦ ᠮᠡᠲᠦ ᠪᠠᠷ ᠲᠠᠭᠠᠮᠠᠭᠯᠠᠬᠤ ᠶᠢᠨ ᠠᠷᠭ᠎ᠠ ᠦᠭᠡᠢ ᠴᠦ᠂ ᠪᠦᠬᠡ ᠶᠢᠨ ᠲᠤᠮᠲᠠ ᠠᠴᠠ ᠪᠠᠨ ᠭᠠᠷᠮᠠᠭᠠᠢ ᠬᠦᠴᠦᠲᠦ ᠴᠣᠯᠠᠲᠠᠢ ᠪᠦᠬᠡ ᠭᠡᠵᠦ ᠲᠠᠶᠢᠯᠪᠤᠷᠢᠯᠬᠠᠤ ᠨᠢ ᠵᠦᠢᠲᠠᠢ᠃     ᠶᠠᠷᠦᠨᠢ ︽ᠪᠦᠬᠡ︾ ᠭᠡᠳᠡᠭ ᠦᠭᠡ ᠨᠢ ᠲᠡᠷᠡ ᠴᠢᠭ ᠢᠶᠠᠷ ᠢᠶᠠᠨ ᠴᠣᠯᠠ ᠪᠠᠶᠢᠭᠰᠠᠨ ᠪᠣᠯᠣᠯᠲᠠᠢ᠃ ︽ᠨᠢᠭᠤᠴᠠ ᠲᠤᠪᠴᠢᠶᠠᠨ︾ ᠤ 50 ᠳ᠋ᠤᠭᠠᠷ ᠵᠤᠶᠢᠯ ᠳᠤ ᠪᠦᠷᠢ ᠪᠦᠬᠡ ᠶᠢᠨ ᠨᠡᠷ᠎ᠡ ᠶᠢ ᠠᠩᠬ᠎ᠠ ᠲᠡᠮᠳᠡᠭᠯᠡᠬᠦ ᠳᠤ ᠪᠠᠨ ᠬᠠᠵᠠᠭᠤ ᠶᠢᠨ ᠣᠷᠴᠢᠭᠤᠯᠭ᠎ᠠ ᠳᠤ ︽力士︾ ᠭᠡᠵᠦ᠂ 140 ᠳ᠋ᠦ᠋ᠭᠡᠷ ᠵᠤᠶᠢᠯ ᠤᠨ ︽ᠤᠯᠤᠰ ᠤᠨ ᠪᠥᠬᠡ︾  ᠶᠢᠨ ᠬᠠᠵᠠᠭᠤ ᠶᠢᠨ ᠤᠷᠴᠢᠭᠤᠯᠭ᠎ᠠ ᠳᠤ ︽国的力士︾ ᠭᠡᠵᠦ ᠬᠠᠳᠠᠭᠰᠠᠨ ᠨᠢ ᠲᠡᠭᠦᠨ ᠤ ᠴᠣᠯᠠ ᠶᠢ ᠣᠨᠴᠠᠯᠠᠭᠰᠠᠨ ᠤᠴᠢᠷ ᠶᠤᠮ᠃ ᠬᠠᠷᠢᠨ ᠠᠩᠬᠠᠨ ᠤ ᠲᠡᠮᠳᠡᠭᠯᠡᠯ ᠠᠴᠠ ᠬᠤᠶᠢᠰᠢ ︽ᠪᠦᠷᠢ ᠪᠦᠬᠡ︾ ᠶᠢ ︽ᠬᠦᠮᠦᠨ ᠤ ᠨᠡᠷ᠎ᠡ︾ ᠭᠡᠵᠦ ᠬᠤᠯᠪᠣᠨ ᠬᠠᠳᠠᠭᠰᠠᠨ ᠨᠢ ᠲᠡᠭᠦᠨ ᠤ ᠨᠡᠷ᠎ᠡ ᠴᠣᠯᠠ ᠶᠢ ᠨᠢ ᠬᠤᠯᠪᠤᠨ ᠲᠠᠭᠤᠳᠠᠭᠰᠠᠭᠠᠷ ᠨᠢᠭᠡᠨᠲᠡ ᠬᠡᠪᠰᠢᠭᠰᠡᠨ ᠪᠠᠶᠢᠭ᠎ᠠ ᠶᠢ ᠬᠠᠷᠠᠭᠤᠯᠵᠤ ᠪᠠᠶᠢᠨ᠎ᠠ᠃ ᠥᠭᠡᠷ᠎ᠡ ᠨᠢᠭᠡᠨ ᠵᠢᠱᠢᠶ᠎ᠠ ᠳᠤᠷᠠᠳᠬᠤ ᠳᠤ᠂ ︽ᠨᠢᠭᠤᠴᠠ ᠲᠤᠪᠴᠢᠶᠠᠨ︾ ᠤ 41 ᠳ᠋ᠦ᠋ᠭᠡᠷ ᠵᠤᠶᠢᠯ ᠳᠤ᠂ ᠪᠠᠭᠠᠷᠢᠨ ᠤ ᠡᠪᠦᠭᠡ ᠪᠠᠭᠠᠷᠢᠳᠠᠢ ᠶᠢᠨ ᠬᠦᠦ ︽ᠴᠢᠲᠤᠬᠤᠯ ᠪᠥᠬᠡ︾ ᠤᠨ ᠬᠠᠵᠠᠭᠤ ᠶᠢᠨ ᠣᠷᠴᠢᠭᠤᠯᠭ᠎ᠠ ᠶᠢ ︽力士︾ ᠭᠡᠵᠦ ᠬᠠᠳᠠᠭᠰᠠᠨ ᠪᠠᠶᠢᠳᠠᠭ ᠨᠢ ᠲᠡᠭᠦᠨ ᠤ ᠪᠦᠬᠡ ᠶᠢᠨ ᠴᠣᠯᠠ ᠶᠢ ᠤᠴᠢᠷᠯᠠᠵᠠᠢ᠃     ᠨᠦᠭᠦᠭᠡ ᠲᠠᠯ᠎ᠠ ᠪᠠᠷ᠂ ︽ᠨᠢᠭᠤᠴᠠ ᠲᠣᠪᠴᠢᠶᠠᠨ︾ ᠤ 181 ᠳ᠋ᠦ᠋ᠭᠡᠷ ᠵᠤᠶᠢᠯ ᠳᠤ᠂ ᠬᠡᠷᠡᠶᠢᠳ ᠤᠨ ᠰᠡᠩᠭᠦᠮ ᠤᠨ ᠠᠨᠳᠠ ︽ᠲᠣᠭᠲᠤᠭ᠎ᠠ ᠪᠥᠬᠡ︾ ᠶᠢᠨ ᠬᠠᠵᠠᠭᠤ ᠤᠷᠴᠢᠭᠤᠯᠭ᠎ᠠ ᠶᠢ ︽师公︾ ᠪᠤᠶᠤ ᠪᠦᠬᠡ ᠢᠳᠤᠭᠠᠨ ᠤ ︽ᠪᠦᠬᠡ︾ ᠭᠡᠵᠦ ᠤᠨᠴᠠᠯᠠᠵᠤ ᠬᠠᠲᠠᠭᠰᠠᠨ ᠨᠢ ᠲᠡᠷᠡ ᠦᠶ᠎ᠡ ᠳᠤ ︽ᠪᠠᠭᠠᠲᠤᠷ︾ ᠪᠣᠶᠣ ︽ᠪᠦᠬᠡ︾ ︵ᠴᠣᠯᠠ︶ ᠶᠢ ᠮᠠᠰᠢ ᠨᠠᠷᠢᠨ ᠨᠢᠭᠲᠠ ᠢᠯᠭᠠᠵᠤ ᠪᠠᠶᠢᠭᠰᠠᠨ ᠢ ᠲᠠᠪᠬᠤᠷ ᠭᠡᠷᠡᠴᠢᠯᠡᠵᠦ ᠪᠠᠶᠢᠨ᠎ᠠ᠃     ︽ᠨᠢᠭᠤᠴᠠ ᠲᠤᠪᠴᠢᠶᠠᠨ︾ ᠳᠤ ︽ᠬᠠᠪᠢᠴᠢ ᠪᠠᠭᠠᠲᠤᠷ᠂ ᠨᠠᠴᠢᠨ ᠪᠠᠭᠠᠲᠤᠷ᠂ ᠪᠦᠯᠲᠡᠴᠦ ᠪᠠᠭᠠᠲᠤᠷ᠂ ᠶᠢᠰᠦᠭᠡᠢ ᠪᠠᠭᠠᠲᠤᠷ᠂ ᠬᠠᠳᠠᠭ ᠪᠠᠭᠠᠲᠤᠷ᠂ ᠴᠢᠷᠭᠢᠲᠡᠢ ᠪᠠᠭᠠᠲᠤᠷ᠂ ᠪᠥᠷᠢ ᠪᠦᠬᠡ᠂ ᠴᠢᠳᠤᠬᠤᠯ ᠪᠥᠬᠡ᠂ ᠴᠢᠯᠭᠡᠷ ᠪᠥᠬᠡ︾ ᠭᠡᠬᠦ ᠮᠡᠲᠦ ᠪᠠᠷ ︽ᠪᠠᠭᠠᠲᠤᠷ᠂ ᠪᠥᠬᠡ︾ ᠭᠡᠳᠡᠭ ᠦᠭᠡ ᠨᠢ ᠴᠣᠯᠠ ᠶᠢᠨ ᠬᠡᠯᠪᠡᠷᠢ ᠪᠠᠷ ᠣᠯᠠᠨᠲᠠ ᠭᠠᠷᠳᠠᠭ  ᠨᠢ ᠰᠣᠶᠣᠯ ᠤᠯᠠᠮᠵᠢᠯᠠᠯ ᠤᠨ ᠬᠤᠪᠢ ᠳᠤ ᠪᠠᠭᠠᠲᠤᠷᠯᠢᠭ ᠲᠤᠤᠯᠢ ︽ᠵᠠᠩᠭᠠᠷ︾ ᠲᠠᠢ ᠢᠵᠢᠯᠢ ᠲᠦᠰᠦᠭᠡᠲᠡᠢ ᠪᠠᠶᠢᠭ᠎ᠠ ᠪᠢᠯᠡ᠃     ᠬᠡᠲᠦᠶᠢᠪᠡᠷ ᠮᠡᠳᠡᠭᠡᠯᠡᠯ ᠢᠶᠠᠷ ᠲᠤᠲᠠᠮᠠᠭ ᠴᠦ ᠴᠢᠩᠭᠢᠰ ᠬᠠᠭᠠᠨ ᠤ ᠦᠶ᠎ᠡ ᠳᠤ ︽ᠴᠣᠯᠠ︾ ᠶᠢᠨ ᠲᠣᠭᠲᠠᠯᠴᠠᠭ᠎ᠠ ᠲᠤᠲᠤᠷᠬᠠᠢ ᠬᠡᠮᠵᠢᠶᠡᠨ ᠳᠤ ᠪᠦᠷᠢᠯᠳᠦᠭᠰᠡᠨ ᠪᠠᠶᠢᠨ᠎ᠠ᠃ ᠲᠡᠷᠡ ᠦᠶ᠎ᠡ ᠶᠢᠨ ᠪᠦᠬᠡ ᠶᠢᠨ ᠴᠣᠯᠠ ᠶᠢ ᠶᠠᠮᠠᠷ ᠨᠢᠭᠡᠨ ᠨᠠᠶᠢᠷ ᠨᠠᠭᠠᠳᠤᠮ ᠢᠶᠠᠷ ᠤᠯᠭᠤᠵᠤ ᠪᠠᠶᠢᠯ᠎ᠠ ᠭᠡᠬᠦ ᠲᠤᠲᠤᠷᠬᠠᠢ ᠪᠠᠷᠢᠮᠲᠠ ᠦᠭᠡᠢ ᠪᠣᠯᠪᠠᠴᠤ ᠣᠯᠠᠨ ᠪᠦᠬᠡᠴᠦᠳ ᠤᠨ ᠲᠣᠲᠣᠷ᠎ᠠ ᠠᠴᠠ ᠴᠣᠯᠭᠤᠷᠠᠨ ᠭᠠᠷᠤᠭᠰᠠᠨ ᠬᠦᠴᠦᠲᠡᠳ ᠤᠨ ᠢᠶᠠᠨ ᠵᠠᠷᠢᠮ ᠢ ᠨᠢ ︽ᠪᠦᠬᠡ︾ ᠪᠠᠷ ᠴᠣᠯᠠᠯᠠᠵᠤ᠂ ᠨᠡᠷ᠎ᠡ ᠴᠣᠯᠠ ᠶᠢ ᠨᠢ ᠬᠤᠯᠪᠤᠨ ᠠᠯᠲᠠᠷᠰᠢᠭᠤᠯᠵᠤ ᠪᠠᠶᠢᠭᠰᠠᠨ ᠨᠢ ᠪᠠᠲᠤᠲᠠᠢ ᠪᠠᠶᠢᠨ᠎ᠠ᠃     140 ᠳ᠋ᠦ᠋ᠭᠡᠷ ᠵᠤᠶᠢᠯ ᠠᠴᠠ ᠬᠠᠩᠭᠠᠬᠤ ᠬᠤᠶᠠᠳᠠᠬᠢ ᠮᠡᠳᠡᠭᠡᠯᠡᠯ ᠪᠣᠯ ᠴᠢᠩᠭᠢᠰ ᠤᠨ ᠦᠶ᠎ᠡ ᠶᠢᠨ ᠪᠦᠬᠡ ᠨᠢ ᠣᠳᠣ ᠶᠢᠨ ᠪᠦᠬᠡ ᠠᠴᠠ ᠡᠷᠡᠰ ᠥᠭᠡᠷ᠎ᠡ᠂ᠳᠡᠭᠡᠷ᠎ᠡ ᠵᠠᠭᠤᠨ ᠤ ᠭᠤᠴᠢᠭᠠᠳ ᠣᠨ ᠪᠤᠯᠲᠠᠯ᠎ᠠ ᠮᠣᠩᠭᠤᠯ ᠤᠯᠤᠰ ᠤᠨ ᠪᠠᠷᠠᠭᠤᠨ ᠮᠣᠩᠭᠤᠯᠴᠣᠳ ᠤᠨ ᠲᠤᠮᠲᠠ ᠤᠯᠠᠮᠵᠢᠯᠠᠭᠳᠠᠵᠤ ᠪᠠᠶᠢᠭᠰᠠᠨ ᠪᠤᠬ᠎ᠠ ᠨᠣᠣᠯᠣᠯᠲᠤᠭᠠᠨ ︵ᠠᠯᠠᠱᠠ ᠨᠤᠲᠤᠭ ᠤᠨ ᠱᠠᠯᠪᠤᠷ ᠪᠥᠬᠡ︶ ᠬᠡᠮᠡᠬᠦ ᠢᠵᠠᠭᠤᠷ ᠪᠦᠬᠡ ᠪᠠᠶᠢᠭᠰᠠᠨ ᠶᠠᠪᠤᠳᠠᠯ ᠪᠣᠯᠣᠨ᠎ᠠ᠃ ︽ᠪᠦᠷᠢ ᠪᠦᠬᠡ ᠪᠡᠯᠭᠦᠲᠡᠢ ᠶᠢ ᠦᠷᠦᠭᠡᠰᠦᠨ ᠭᠠᠷ ᠢᠶᠠᠷ ᠪᠠᠷᠢᠵᠤ᠂ ᠥᠷᠥᠭᠡᠰᠦᠨ ᠬᠥᠯ ᠢᠶᠠᠷ ᠲᠠᠰᠢᠵᠤ ᠤᠨᠠᠭᠠᠭᠠᠳ᠂ ᠬᠦᠲᠡᠯᠥᠯ ᠦᠭᠡᠢ ᠲᠠᠷᠤᠵᠤ ᠴᠢᠲᠠᠬᠤ ᠠᠵᠢ︾ ᠭᠡᠵᠦ ᠲᠡᠮᠳᠡᠭᠯᠡᠭᠰᠡᠨ ᠨᠢ ᠲᠡᠷᠡ ᠦᠶ᠎ᠡ ᠳᠤ ᠪᠦᠬᠡ ᠨᠢ ︽ᠬᠥᠲᠡᠯᠥᠯ ᠦᠭᠡᠢ ᠲᠠᠷᠤᠳᠠᠭ︾ ᠬᠡᠪᠲᠡᠭᠡ ᠪᠠᠷᠢᠯᠳᠤᠭᠠᠨ ᠪᠠᠶᠢᠭᠰᠠᠨ ᠢ ᠬᠠᠷᠠᠭᠤᠯᠵᠤ ᠪᠤᠢ᠃ ᠬᠠᠷᠢᠨ ᠢᠵᠠᠭᠤᠷ ᠪᠦᠭᠡ ᠪᠤᠬ᠎ᠠ ᠨᠤᠤᠯᠤᠯᠳᠤᠭᠠᠨ ᠨᠢ ᠪᠦᠬᠡᠴᠣᠳ ᠲᠤ ᠪᠠᠨ ᠠᠷᠢᠶᠠᠲᠠᠨ ᠵᠢᠭᠦᠷᠲᠠᠨ ᠤ ᠴᠣᠯᠠ ᠣᠯᠭᠤᠳᠠᠭ ᠮᠦᠷᠲᠡᠭᠡᠨ ᠴᠣᠯᠠ ᠶᠢ ᠨᠢ ᠪᠡᠯᠭᠡᠳᠡᠭᠰᠡᠨ ᠥᠩᠭᠡ ᠪᠦᠷᠢ ᠶᠢᠨ ᠬᠠᠳᠠᠭ ᠵᠡᠭᠦᠵᠦ ᠥᠭᠳᠡᠭ ᠲᠤᠬᠠᠢ ᠲᠠᠷᠠᠭᠠᠬᠢ ᠮᠡᠲᠦ ᠰᠣᠨᠢᠷᠬᠠᠯᠲᠠᠢ ᠰᠤᠳᠤᠯᠭ᠎ᠠ ᠪᠤᠢ᠃     ︽ᠪᠦᠬᠡᠴᠦᠳ ᠢ ᠭᠤᠷᠪᠠᠨ ᠠᠷᠪᠠᠨ ︵ᠵᠢᠩᠳᠠᠭᠠᠨ︶ ᠪᠦᠷᠢ ᠳᠤ ᠪᠠᠶᠢᠷᠢ ᠡᠵᠡᠯᠡᠭᠦᠯᠦᠨ᠂ ᠱᠣᠩᠬᠤᠷ᠂ ᠰᠢᠨᠳᠠᠰᠤ᠂ ᠲᠤᠯᠭᠠᠲᠤ᠂ ᠭᠠᠷᠤᠳᠢ᠂ ᠬᠠᠷᠴᠠᠭᠠᠢ᠂ ᠪᠦᠷᠭᠦᠳ᠂ ᠪᠠᠷᠰ᠂ ᠨᠠᠴᠢᠨ᠂ ᠵᠠᠭᠠᠨ᠂ ᠠᠷᠰᠯᠠᠨ᠂ ᠠᠪᠤᠷᠭᠤ᠂ ᠯᠤᠤ ︵ᠶᠡᠭᠡ ᠠᠪᠤᠷᠭᠤ︶ ᠵᠡᠷᠭᠡ ᠴᠣᠯᠠ ᠨᠤᠭᠤᠳ ᠢ ᠲᠠᠭᠠᠯᠲᠤᠬᠤ ᠴᠢᠮᠡᠭ ᠤᠨ ᠬᠠᠮᠲᠤ ᠣᠯᠭᠤᠵᠤ ᠡᠳᠡᠭᠡᠷ ᠴᠣᠯᠠᠨ  ᠳᠤ ᠲᠣᠬᠢᠷᠠᠬᠤ ᠥᠩᠭᠡ ᠪᠦᠷᠢ ᠶᠢᠨ ᠴᠠᠭᠠᠨ᠂ ᠰᠢᠷ᠎ᠠ᠂ ᠴᠡᠩᠬᠡᠷ᠂ ᠤᠯᠠᠭᠠᠨ᠂ ᠶᠠᠭᠠᠨ᠂ ᠬᠥᠬᠡ᠂ ᠬᠠᠷ᠎ᠠ᠂ ᠤᠯᠠᠪᠢᠷ ᠰᠢᠷ᠎ᠠ᠂ ᠨᠣᠭᠤᠭᠠᠨ᠂ ᠴᠠᠶᠢᠪᠠᠷ ᠨᠣᠭᠤᠭᠠᠨ ᠥᠩᠭᠡ ᠶᠢᠨ ᠬᠠᠳᠠᠭ ᠵᠡᠭᠦᠵᠦ ᠥᠭᠬᠦ ᠪᠥᠭᠡᠳ ᠳᠠᠷᠠᠭ᠎ᠠ ᠶᠢᠨ ᠨᠠᠭᠠᠳᠤᠮ ᠤᠳ ᠲᠤ ᠬᠠᠳᠠᠭ ᠢᠶᠠᠨ ᠮᠠᠯᠠᠭᠠᠢ ᠶᠢᠨ ᠢᠶᠠᠨ ᠵᠠᠯᠠᠭ᠎ᠠ ᠠᠴᠠ ᠤᠶᠠᠳᠠᠭ ᠪᠣᠯᠬᠤᠷ᠂ ᠬᠡᠲᠦᠨ ᠤᠳᠠᠭ᠎ᠠ ᠬᠡᠲᠦᠳᠦᠭᠡᠷ ᠪᠠᠶᠢᠷᠢ ᠡᠵᠡᠯᠡᠵᠦ᠂ ᠶᠠᠮᠠᠷ ᠠᠯᠳᠠᠷ ᠴᠣᠯᠠᠨ ᠳᠤ ᠬᠦᠷᠦᠭᠰᠡᠨ ᠤ ᠢᠯᠡᠳᠭᠡᠯᠲᠡ ᠪᠠᠶᠢᠵᠠᠢ᠃ ᠪᠠᠭᠠᠯᠠᠬᠤᠷ ᠠᠷᠪᠠᠨ ︵ᠬᠠᠮᠤᠭ ᠤᠨ ᠳᠡᠭᠡᠲᠦ ᠵᠢᠩᠳᠠᠭᠠᠨ — ᠡᠰᠢᠯᠡᠭᠴᠢ ᠠᠴᠠ︶ ᠳᠤ ᠲᠦᠷᠦᠭᠦᠯᠦᠭᠰᠡᠨ ᠪᠥᠬᠡᠴᠦᠳ ᠲᠤ ᠪᠠᠷᠰ᠂ ᠨᠠᠴᠢᠨ᠂ ᠵᠠᠭᠠᠨ᠂ ᠠᠷᠰᠯᠠᠨ᠂ ᠠᠪᠤᠷᠭᠤ᠂ ᠯᠣᠣ ︵ᠶᠡᠭᠡ ᠠᠪᠤᠷᠭᠤ︶ ᠴᠣᠯᠠ ᠣᠯᠭᠤᠵᠤ ᠪᠠᠶᠢᠭᠰᠠᠨ ᠮᠡᠳᠡᠭᠡ ᠲᠠᠢ ︵ᠠᠯᠠᠭ ᠤᠨ ᠪᠤᠶᠠᠨᠲᠣᠭᠲᠠᠬᠤ᠂ ᠪᠠᠯᠵᠢᠷ ᠤᠨ ᠪᠠᠲᠤᠲᠣᠭᠲᠠᠬᠤ ᠵᠣᠬᠢᠶᠠᠭᠰᠠᠨ ︽ᠮᠣᠩᠭᠤᠯᠴᠤᠳ ᠤᠨ ᠢᠵᠠᠭᠤᠷ ᠪᠦᠬᠡ — ᠪᠤᠬ᠎ᠠ ᠨᠣᠣᠯᠣᠯᠳᠤᠭᠠᠨ︾᠂ 2015 ᠣᠨ᠂ ᠤᠯᠠᠭᠠᠨᠪᠠᠭᠠᠲᠤᠷ᠂ 37 ᠳ᠋ᠤᠭᠠᠷ ᠨᠢᠭᠤᠷ  ᠲᠤ︶᠃     ᠲᠡᠷᠡᠬᠦ ᠬᠠᠳᠠᠭ ᠢ ᠪᠦᠭᠡ ᠶᠢᠨ ᠵᠠᠩᠭᠢᠶ᠎ᠠ ᠶᠢᠨ ᠡᠭᠦᠰᠦᠯ ᠭᠠᠷᠪᠠᠯᠢ ᠶᠢᠨ ᠨᠢᠭᠡᠨ ᠤᠴᠢᠭ ᠭᠡᠵᠦ ᠦᠵᠡᠵᠦ ᠪᠣᠯᠬᠤ ᠪᠦᠭᠡᠳ ᠪᠦᠬᠡᠴᠦᠳ ᠤᠨ ᠴᠣᠯᠠ ᠪᠢᠰᠢ᠂ ᠬᠠᠷᠢᠨ ᠴᠣᠯᠠ ᠶᠢᠨ ᠬᠢᠨᠢ ᠪᠡᠯᠭᠡᠲᠡᠯ ᠪᠣᠯᠵᠤ ᠪᠠᠶᠢᠭ᠎ᠠ ᠨᠢ ᠠᠩᠬᠠᠷᠤᠭᠤᠰᠢᠲᠠᠢ ᠪᠢᠯᠡ᠃ ᠤᠭ ᠨᠣᠮ ᠳᠤ ᠬᠡᠵᠢᠶᠡᠨ ᠠᠴᠠ ᠴᠣᠯᠠ ᠣᠯᠭᠤᠵᠤ ᠪᠠᠶᠢᠭᠰᠠᠨ ᠲᠤᠬᠠᠢ ᠲᠤᠷᠠᠳᠤᠭ᠎ᠠ ᠦᠭᠡᠢ ᠴᠦ ᠣᠨ ᠤᠳᠠᠭᠠᠨ ᠤ ᠤᠯᠠᠮᠵᠢᠯᠠᠯ ᠪᠠᠶᠢᠵᠤ ᠲᠠᠭᠠᠷᠠᠨ᠎ᠠ᠃     ᠥᠭᠡᠷ᠎ᠡ ᠪᠠᠷ ᠬᠡᠯᠡᠪᠡᠯ᠂ ᠠᠷᠪᠠᠨ ᠭᠤᠷᠪᠠᠳᠤᠭᠠᠷ ᠵᠠᠭᠤᠨ ᠳᠤ ᠪᠦᠬᠡᠴᠣᠳ ᠢᠶᠠᠨ ᠭᠤᠣᠯᠴᠠᠭᠤ ᠠᠷᠢᠶᠠᠲᠠᠨ ᠵᠢᠭᠦᠷᠲᠡᠨ ᠤ ᠨᠡᠷ᠎ᠡ ᠪᠠᠷ ᠴᠣᠯᠠᠯᠠᠵᠤ᠂ ᠴᠣᠯᠠ ᠶᠢᠨ ᠪᠡᠯᠭᠡᠲᠡᠯ ᠢ ᠬᠠᠳᠠᠭ ᠢᠶᠠᠷ ᠢᠯᠡᠳᠭᠡᠵᠦ ᠪᠠᠶᠢᠭᠰᠠᠨ ᠠᠵᠢ᠃     ᠴᠢᠩ ᠤᠯᠤᠰ ᠤᠨ ᠲᠡᠦᠬᠡᠲᠦ ᠮᠠᠲ᠋ᠧᠷᠢᠶᠠᠯ ᠳᠤ ᠮᠣᠩᠭᠤᠯ ᠪᠦᠬᠡ ᠳᠤ ᠴᠣᠯᠠ ᠣᠯᠭᠤᠭᠰᠠᠨ ᠨᠡᠩ ᠪᠠᠲᠤᠲᠠᠢ ᠲᠡᠮᠳᠡᠭᠯᠡᠯ ᠪᠣᠢ᠃ ︽ᠮᠠᠨᠵᠦ ᠶᠢᠨ ᠨᠢᠭᠤᠴᠠ ᠲᠤᠪᠬᠢᠮᠠᠯ︾ ᠳᠤ᠂ ᠴᠢᠩ ᠭᠦᠷᠦᠨ ᠤ ᠲᠡᠭᠷᠢ ᠶᠢᠨ ᠰᠡᠴᠡᠨ ᠬᠠᠭᠠᠨ ᠤ ᠵᠢᠷᠭᠤᠳᠤᠭᠠᠷ ᠣᠨ ᠪᠤᠶᠤ 1632 ᠣᠨ ᠤ ᠴᠠᠭᠠᠨ ᠰᠠᠷ᠎ᠠ᠂ ᠭᠠᠷᠮᠠᠭᠠᠢ ᠪᠠᠷᠢᠯᠳᠤᠭᠰᠠᠨ ᠮᠡᠨᠳᠦ ︵们都︶᠂ ᠳᠦᠷᠢᠮᠠ ︵杜而麻︶᠂ ᠲᠦᠮᠡᠳᠬᠦᠦ ︵特木德黑︶ ᠵᠡᠷᠭᠡ ᠭᠤᠷᠪᠠᠨ‌ᠮᠣᠩᠭᠤᠯ ᠪᠦᠬᠡ ᠳᠤ ᠲᠤᠰ ᠪᠦᠷᠢ ︽ᠠᠷᠰᠯᠠᠨ ᠲᠦᠰᠢᠶᠡᠲᠦ ᠪᠦᠬᠡ︾᠂ ︽ᠵᠠᠭᠠᠨ ᠪᠦᠬᠡ︾᠂ ︽ᠪᠠᠷᠰ ᠪᠠᠭᠠᠲᠤᠷ ᠪᠦᠬᠡ︾ ᠬᠡᠮᠡᠬᠦ ᠴᠣᠯᠠ ᠬᠠᠶᠢᠷᠠᠯᠠᠵᠤ᠂ ︽ᠬᠤᠶᠢᠰᠢᠳᠠ ᠭᠤᠷᠪᠠᠨ ᠪᠦᠬᠡ ᠶᠢ ᠵᠠᠪᠠᠯ ᠴᠣᠯᠠ ᠪᠠᠷ ᠨᠢ ᠲᠠᠭᠤᠳᠠᠬᠤ ᠬᠡᠷᠡᠭᠳᠡᠢ᠃ ᠬᠡᠷᠪᠡ ᠨᠡᠷ᠎ᠡ ᠪᠠᠷ ᠨᠢ ᠲᠠᠭᠤᠳᠠᠪᠠᠯ ᠬᠠᠲᠠᠭᠤ ᠲᠤᠷᠭᠠᠨ᠎ᠠ︾ ᠬᠡᠮᠡᠨ ᠵᠠᠷᠯᠢᠭᠳᠠᠵᠠᠢ᠃ ︽ᠳ᠋ᠦᠡᠭ ᠬᠤᠸᠠ ᠯᠸᠦ ᠲᠡᠮᠳᠡᠭᠯᠡᠯ᠂ ᠲᠡᠭᠷᠢ ᠶᠢᠨ ᠰᠡᠴᠡᠨ︾ ᠭᠡᠳᠡᠭ ᠨᠣᠮ ᠳᠤ ᠲᠡᠮᠳᠡᠭᠯᠡᠭᠰᠡᠨ ᠢᠶᠠᠷ᠂ ᠲᠡᠭᠷᠢ ᠶᠢᠨ ᠰᠡᠴᠡᠨ ᠤ ᠨᠠᠢᠮᠠᠳᠤᠭᠠᠷ ᠣᠨ ︵1634 ᠣᠨ︶ ᠤ ᠴᠠᠭᠠᠨ ᠰᠠᠷ᠎ᠠ ᠲᠦᠰᠢᠶᠡᠲᠦ ᠵᠢᠨᠤᠩ ᠵᠡᠷᠭᠡ ᠭᠤᠷᠪᠠᠨ ᠬᠤᠰᠢᠭᠤᠨ ᠤ ᠪᠥᠬᠡᠴᠦᠳ᠂ ᠬᠠᠭᠠᠨ ᠤ ᠣᠷᠳᠣᠨ ᠳᠤ ᠪᠠᠷᠢᠯᠳᠤᠬᠤ ᠳᠤ ︽ᠠᠷᠰᠯᠠᠨ ᠭᠤᠷᠪᠠᠨ ᠬᠤᠰᠢᠭᠤᠨ ᠤ ᠵᠢᠷᠭᠤᠭᠠᠨ ᠰᠢᠯᠢᠳᠡᠭ ᠪᠦᠬᠡ ᠲᠠᠢ ᠬᠦᠴᠦ ᠦᠵᠡᠪᠡᠢ᠃ ᠠᠷᠰᠯᠠᠨ ᠵᠣᠭᠰᠤᠵᠤ ᠵᠠᠪᠳᠤᠯ ᠦᠭᠡᠢ ᠨᠢᠭᠡ ᠨᠢᠭᠡ ᠪᠠᠷ ᠢᠨᠤ ᠦᠨᠲᠦᠷ ᠡᠷᠭᠦᠨ ᠰᠢᠲᠡᠵᠦᠬᠦᠢ᠃ ᠤᠯᠤᠰ ᠳᠠᠶᠠᠭᠠᠷ ᠡᠰᠡ ᠭᠠᠶᠢᠬᠠᠭᠰᠠᠨ ᠬᠦᠮᠦᠰ ᠢᠨᠦ ᠦᠭᠡᠢ ᠪᠥᠯᠥᠭᠡ︾ ᠭᠡᠵᠡᠢ᠃ ᠠᠳᠡ ᠭᠠᠷᠴᠤ ᠪᠤᠢ ︽ᠠᠷᠰᠯᠠᠨ︾ ᠪᠣᠯ ᠲᠡᠭᠡᠷ᠎ᠡ ᠲᠤᠷᠠᠳᠤᠭᠰᠠᠨ ︽ᠠᠷᠰᠯᠠᠨ ᠲᠦᠰᠢᠶᠡᠲᠦ ᠪᠦᠬᠡ︾ ᠴᠣᠯᠠ ᠬᠦᠷᠲᠡᠭᠰᠡᠨ ᠮᠡᠨᠳᠦ ᠪᠣᠯᠣᠨ᠎ᠠ᠃ ᠠᠩᠬᠠᠷᠤᠭᠤᠰᠢᠲᠠᠢ ᠨᠢ ᠬᠠᠭᠠᠨ ᠤ ᠵᠠᠷᠯᠢᠭ ᠤᠨ ᠲᠠᠭᠠᠤ ᠠᠳᠡ ᠪᠦᠬᠡᠴᠢᠨ ᠢ ᠨᠡᠷ᠎ᠡ ᠪᠠᠷ ᠨᠢ ᠪᠢᠰᠢ ᠴᠣᠯᠠ ᠪᠠᠷ ᠨᠢ ᠲᠠᠭᠤᠳᠠᠵᠤ ᠪᠠᠶᠢᠭ᠎ᠠ ᠶᠠᠪᠤᠳᠠᠯ ᠪᠣᠯᠣᠨ᠎ᠠ᠃ ᠡᠨᠡ ᠦᠶ᠎ᠡ ᠶᠢᠨ ᠪᠦᠬᠡ ᠪᠣᠯ ︽ᠪᠣᠬ᠎ᠠ ᠨᠣᠣᠯᠣᠯᠳᠤᠭᠠᠨ︾ ᠪᠢᠰᠢ ᠬᠠᠷᠢᠨ ᠣᠳᠣ ᠶᠢᠨ ᠥᠪᠥᠷ ᠮᠣᠩᠭᠤᠯ ᠳᠤ ᠪᠠᠷᠢᠯᠳᠤᠵᠤ ᠪᠠᠶᠢᠭ᠎ᠠ ᠪᠦᠬᠡ ᠪᠣᠯᠣᠨ᠎ᠠ᠃ ᠴᠢᠩ ᠬᠦᠷᠦᠨ ᠤ ᠡᠬᠢᠨ ᠤ ᠦᠶ᠎ᠡ ᠳᠤ ᠴᠡᠷᠢᠭ ᠤᠨ ᠪᠣᠯᠪᠠᠰᠤᠷᠠᠯ ᠳᠤ ᠪᠠᠨ ᠮᠣᠩᠭᠤᠯ ᠪᠦᠬᠡ ᠶᠢ ᠶᠡᠬᠡᠪᠡᠷ ᠠᠰᠢᠭᠯᠠᠵᠤ ᠪᠠᠶᠢᠭᠰᠠᠨ ᠪᠦᠭᠡᠳ ᠥᠪᠡᠷ ᠤᠨ ᠦᠨᠲᠦᠰᠦᠲᠡᠨ ᠤ ᠪᠠᠨ ᠪᠦᠬᠡ ᠲᠠᠢ ᠤᠶᠠᠯᠲᠤᠭᠤᠯᠤᠨ ᠬᠥᠭᠵᠢᠭᠦᠯᠵᠡᠢ᠃ ᠡᠩᠬᠡ ᠠᠮᠤᠭᠤᠯᠠᠩ ᠬᠠᠭᠠᠨ ᠤ ᠨᠠᠢᠮᠠᠳᠤᠭᠠᠷ ᠣᠨ ᠪᠤᠶᠤ 1669 ᠣᠨ ᠳᠤ ᠬᠠᠭᠠᠨ ᠤ ᠣᠷᠳᠤᠨ ᠳᠤ ︽ᠪᠦᠬᠡ ᠶᠢᠨ ᠬᠤᠸᠠᠷᠠᠨ︾ ᠭᠡᠳᠡᠭ ᠲᠤᠰᠬᠠᠢ ᠵᠤᠬᠢᠶᠠᠨ ᠪᠠᠶᠢᠭᠤᠯᠤᠯᠲᠠ ᠪᠠᠶᠢᠭᠤᠯᠤᠭᠳᠠᠵᠤ᠂ ᠬᠤᠶᠠᠷ ᠵᠠᠭᠤᠨ ᠪᠦᠬᠡ ︵ᠪᠤᠬ᠎ᠠ ᠨᠣᠣᠯᠣᠯᠳᠤᠭᠠᠨ ᠤ ᠪᠦᠬᠡᠴᠦᠳ ᠴᠦ ᠪᠠᠶᠢᠵᠠᠢ︶᠂ ᠮᠣᠷᠢ ᠰᠤᠷ ᠤᠨ ᠲᠠᠪᠢ ᠲᠠᠪᠢᠨ ᠲᠤᠰᠬᠠᠢ ᠬᠦᠮᠦᠰ ᠪᠠᠶᠢᠩᠭᠤ ᠶᠢᠨ ᠰᠤᠷᠢᠯᠭ᠎ᠠ ᠲᠠᠰᠬᠠᠯ ᠬᠢᠵᠦ᠂ ᠬᠠᠭᠠᠨ ᠤ ᠣᠷᠳᠤᠨ ᠳᠤ ᠦᠵᠡᠭᠦᠯᠭᠡ ᠬᠢᠬᠦ᠂ ᠬᠠᠭᠠᠨ ᠡᠵᠡᠨ ᠢᠶᠠᠨ ᠬᠠᠮᠠᠭᠠᠯᠠᠬᠤ ᠡᠭᠦᠷᠭᠡ ᠲᠠᠢ ᠪᠠᠶᠢᠭᠰᠠᠨ ᠢ ᠲᠠᠯᠢᠮ ᠳᠤ ᠨᠢ ᠲᠤᠷᠠᠲᠤᠶ᠎ᠠ᠃     ᠡᠨᠡᠬᠦ ᠲᠡᠦᠬᠡᠲᠦ ᠶᠠᠪᠤᠳᠠᠯ ᠨᠢ ᠴᠢᠩ ᠭᠦᠷᠦᠨ ᠤ ᠬᠠᠭᠠᠨ ᠤ ᠡᠷᠬᠡ ᠰᠦᠷ ᠢ ᠥᠪᠥᠷ ᠮᠣᠩᠭᠤᠯ ᠳᠤ ᠬᠠᠷᠠᠭᠤᠯᠤᠭᠰᠠᠨ ᠪᠠ ᠡᠶᠡᠷᠡᠭᠦᠯᠦᠨ ᠲᠠᠭᠠᠭᠤᠯᠬᠤ ᠤᠯᠤᠰ ᠲᠦᠷᠦ ᠶᠢᠨ ᠪᠣᠳᠣᠯᠭ᠎ᠠ ᠪᠠᠶᠢᠭᠰᠠᠨ ᠨᠢ ᠮᠡᠳᠡᠭᠡᠵᠢ᠃ ᠡᠭᠦᠨ ᠠᠴᠠ ᠬᠤᠶᠢᠰᠢ ᠬᠤᠶᠠᠷ ᠵᠢᠯ ᠤᠨ ᠳᠠᠷᠠᠭ᠎ᠠ ᠯᠢᠭᠳᠡᠨ ᠬᠠᠭᠠᠨ ᠤ ᠬᠦᠪᠡᠭᠦᠨ ᠡᠷᠬᠡ ᠬᠤᠩᠭᠤᠷ ᠡᠵᠡ ᠮᠣᠩᠭᠤᠯ ᠬᠠᠭᠠᠳ ᠤᠨ ᠦᠶ᠎ᠡ ᠤᠯᠠᠮᠵᠢᠯᠠᠭᠰᠠᠨ ᠬᠠᠰᠪᠤᠤ ᠲᠠᠮᠠᠭ᠎ᠠ ᠪᠠᠨ ᠬᠤᠸ᠋ᠨᠩ ᠲᠠᠶᠢᠵᠢ ᠳᠤ ᠡᠷᠭᠦᠨ ᠪᠠᠷᠢᠵᠦ᠂ ᠴᠢᠩᠭᠢᠰ ᠤᠨ ᠠᠯᠲᠠᠨ ᠤᠷᠤᠭ ᠤᠨ ᠨᠤᠶᠠᠷᠬᠠᠯ ᠲᠠᠭᠤᠰᠴᠠᠢ᠃     ᠬᠡᠲᠦᠶᠢᠪᠡᠷ ᠥᠪᠥᠷ ᠮᠣᠩᠭᠤᠯ ᠳᠤ ᠪᠦᠬᠡ ᠶᠢᠨ ᠴᠣᠯᠠ ᠨᠢ ᠥᠨᠥᠲᠥᠷ ᠪᠣᠯᠲᠠᠯ᠎ᠠ ᠪᠦᠷᠢᠨ ᠲᠦᠷᠢᠮᠵᠢᠨ ᠤᠯᠠᠮᠵᠢᠯᠠᠭᠳᠠᠵᠤ ᠢᠷᠡᠭᠡ ᠦᠭᠡᠢ ᠪᠣᠯᠪᠠᠴᠤ ᠮᠣᠩᠭᠤᠯ ᠪᠦᠬᠡ ᠶᠢᠨ ᠲᠡᠦᠬᠡᠨ ᠳᠤ ᠬᠠᠭᠠᠨ ᠠᠴᠠ ᠰᠣᠶᠣᠷᠬᠠᠭᠰᠠᠨ ᠴᠣᠯᠠ ᠶᠢᠨ ᠬᠤᠪᠢ ᠳᠤ ᠵᠠᠪᠠᠯ ᠳᠡᠮᠳᠡᠭᠯᠡᠬᠦᠰᠢᠳᠡᠢ᠃ ᠥᠨᠥᠲᠥᠷ ᠤᠨ ᠪᠠᠶᠢᠳᠠᠯ ᠢᠶᠠᠷ᠂ ᠰᠤᠷᠪᠤᠯᠵᠢ ᠪᠢᠴᠢᠭ ᠲᠤ ︽ᠵᠠᠩᠭᠢᠶ᠎ᠠ︾ ᠪᠠᠷ ᠴᠣᠯᠠᠯᠠᠭᠰᠠᠨ ᠲᠡᠮᠳᠡᠭᠯᠡᠯ ᠬᠠᠷᠠᠭᠳᠠᠬᠤ ᠦᠭᠡᠢ ᠪᠠᠶᠢᠭᠰᠠᠭᠠᠷ᠃ ᠬᠠᠷᠢᠨ ᠠᠷᠢᠶᠠᠲᠠᠨ ᠵᠢᠭᠦᠷᠲᠡᠨ ᠢᠶᠠᠷ ᠴᠣᠯᠠᠯᠠᠵᠤ ᠪᠠᠶᠢᠭᠰᠠᠨ ᠲᠡᠮᠳᠡᠭᠯᠡᠯ ᠣᠯᠠᠨ ᠬᠠᠷᠠᠭᠳᠠᠵᠤ ᠪᠠᠶᠢᠭ᠎ᠠ ᠪᠢᠯᠡ᠃ ᠪᠤᠬ᠎ᠠ ᠨᠣᠣᠯᠣᠯᠳᠤᠭᠠᠨ ᠳᠤ ᠪᠦᠬᠡ ᠶᠢᠨ ᠴᠣᠯᠠ ᠪᠠᠨ ᠦᠩᠭᠡ ᠪᠦᠷᠢ ᠶᠢᠨ ᠬᠠᠳᠠᠭ ᠢᠶᠠᠷ ᠪᠡᠯᠭᠡᠳᠡᠨ᠂ ᠮᠠᠯᠠᠭᠠᠢ ᠠᠴᠠ ᠪᠠᠨ ᠵᠡᠭᠦᠳᠡᠭ ᠪᠠᠶᠢᠭᠰᠠᠨ ᠤᠯᠠᠮᠵᠢᠯᠠᠯ ᠨᠢ ᠮᠠᠰᠢ ᠰᠣᠨᠢᠷᠬᠠᠯᠲᠠᠢ ᠪᠠᠶᠢᠨ᠎ᠠ᠃     ᠲᠡᠭᠡᠷᠡᠬᠢ ᠲᠡᠦᠬᠡᠨ ᠲᠡᠮᠳᠡᠭᠯᠡᠯ ᠤᠳ ᠠᠴᠠ ᠦᠵᠡᠬᠦ ᠳᠤ᠂ ᠪᠦᠬᠡ ᠶᠢᠨ ᠰᠣᠶᠣᠯ ᠤᠨ ᠲᠡᠦᠬᠡᠨ ᠳᠤ ᠠᠷᠢᠶᠠᠳᠠᠨ ᠵᠢᠭᠦᠷᠲᠠᠨ ᠢᠶᠠᠷ ᠴᠣᠯᠠᠯᠠᠳᠠᠭ ᠤᠯᠠᠮᠵᠢᠯᠠᠯ ᠲᠠᠢ ᠪᠠᠶᠢᠭᠰᠠᠨ ᠢ ᠮᠡᠳᠡᠷᠡᠬᠦ ᠦᠭᠡᠢ ᠪᠠᠶᠢᠬᠤ ᠶᠢᠨ ᠠᠷᠭ᠎ᠠ ᠦᠭᠡᠢ ᠮᠦᠷᠲᠡᠭᠡᠨ ᠴᠣᠯᠠ ᠶᠢᠨ ᠤᠯᠠᠮᠵᠢᠯᠠᠯ ᠤᠨ ᠬᠤᠪᠢ ᠳᠤ ᠰᠡᠷᠭᠦᠭᠡᠨ ᠬᠡᠷᠡᠭᠵᠢᠬᠦᠯᠬᠦ ᠨᠢ ᠪᠦᠬᠡ ᠶᠢᠨ ᠰᠣᠶᠣᠯ ᠳᠤ ᠨᠡᠶᠢᠴᠡᠵᠦ ᠪᠠᠶᠢᠨ᠎ᠠ᠃     ᠲᠠᠯᠢᠮ ᠳᠤ ᠨᠢ ᠳᠤᠷᠠᠳᠬᠤ ᠳᠤ᠂ ᠠᠷᠪᠠᠨ ᠳᠤᠯᠣᠳᠤᠭᠠᠷ ᠵᠠᠭᠤᠨ ᠤ ᠲᠤᠮᠲᠠᠴᠢ ᠠᠴᠠ ᠬᠠᠯᠬ᠎ᠠ ᠮᠣᠩᠭᠤᠯ ᠳᠤ ᠶᠠᠪᠤᠭᠳᠠᠵᠤ ᠡᠬᠢᠯᠡᠭᠰᠡᠨ ᠳᠠᠩᠱᠢᠭ ᠨᠠᠭᠠᠳᠤᠮ ᠨᠢ ᠴᠢᠩ ᠭᠦᠷᠦᠨ ᠤ ᠴᠣᠯᠠ ᠶᠢᠨ ᠰᠤᠶᠤᠷᠬᠠᠯ ᠢ ᠲᠠᠭᠤᠷᠢᠶᠠᠭᠰᠠᠨ ᠪᠠᠶᠢᠵᠦ ᠪᠣᠯᠵᠤᠰᠢ ᠦᠭᠡᠢ ᠮᠦᠷᠲᠡᠭᠡᠨ ᠥᠨᠥᠲᠥᠷ ᠤᠨ ᠦᠨᠲᠦᠰᠦᠨ ᠤ ᠪᠦᠬᠡ ᠶᠢᠨ ᠴᠣᠯᠠ ᠶᠢᠨ ᠳᠦᠷᠢᠮ ᠤᠨ ᠦᠨᠲᠦᠰᠦ ᠶᠢ ᠲᠠᠯᠪᠢᠵᠠᠢ᠃ ᠲᠤᠬᠠᠶᠢᠯᠠᠪᠠᠯ᠂ ᠲᠡᠭᠷᠢ ᠶᠢᠨ ᠰᠡᠴᠡᠨ ᠠᠴᠠ ᠮᠣᠩᠭᠤᠯ ᠪᠦᠬᠡ ᠳᠤ ᠴᠣᠯᠠ ᠰᠣᠶᠣᠷᠬᠠᠭᠰᠠᠨ ᠲᠡᠦᠬᠡᠲᠦ ᠶᠠᠪᠤᠳᠠᠯ ᠠᠴᠠ ᠨᠠᠢᠮᠠᠨ ᠵᠢᠯ ᠤᠨ ᠲᠠᠷᠠᠭ᠎ᠠ ᠪᠤᠶᠤ 1640 ᠤᠨ ᠳᠤ ᠲᠤᠬᠠᠢ ᠦᠶ᠎ᠡ ᠶᠢᠨ ᠬᠠᠯᠬ᠎ᠠ ᠶᠢᠨ ᠲᠦᠰᠢᠶᠡᠲᠦ ᠬᠠᠨ ᠠᠶᠢᠮᠠᠭ ᠲᠤ ᠲᠠᠪᠤᠨ ᠨᠠᠰᠤᠲᠠᠢ ᠠᠩᠬᠠᠳᠤᠭᠠᠷ ᠳᠦᠷᠢ ᠶᠢᠨ ᠵᠢᠪᠽᠤᠨᠳᠠᠮᠪᠠ ᠬᠤᠲᠤᠭᠲᠤ ᠳᠤ ᠪᠠᠲᠤ ᠤᠷᠤᠰᠢᠬᠤ ᠳᠠᠩᠱᠢᠭ ᠨᠠᠭᠠᠲᠤᠮ ᠡᠷᠭᠦᠵᠦ᠂ ᠲᠦᠷᠦᠭᠦᠯᠦᠭᠰᠡᠨ ᠰᠢᠪᠦᠭᠡᠷᠡᠭᠰᠡᠨ ᠪᠦᠬᠡ ᠨᠠᠷ  ᠲᠤ ︽ᠠᠷᠰᠯᠠᠨ︾᠂ ︽ᠵᠠᠭᠠᠨ︾᠂ ︽ᠨᠠᠴᠢᠨ︾ ᠵᠡᠷᠭᠡ ᠴᠣᠯᠠ ᠣᠯᠭᠤᠭᠰᠠᠨ ᠲᠡᠦᠬᠡ ᠲᠠᠢ᠃ ᠮᠣᠩᠭᠤᠯ ᠤᠯᠤᠰ ᠤᠨ ᠪᠦᠬᠡ ᠰᠤᠳᠤᠯᠤᠭᠠᠴᠢ ᠪᠠᠲᠦᠮᠥ᠋ᠩᠬᠡ ᠶᠢᠨ ᠪᠤᠶᠠᠨᠳᠡᠯᠭᠡᠷ ᠮᠣᠩᠭᠤᠯ ᠪᠦᠬᠡ ᠶᠢᠨ ᠴᠣᠯᠠ ᠨᠢ ᠠᠷᠪᠠᠨ ᠳᠣᠯᠤᠭ᠎ᠠ ᠠᠴᠠ ᠠᠷᠪᠠᠨ ᠨᠠᠢᠮᠠᠳᠤᠭᠠᠷ ᠵᠠᠭᠤᠨ ᠤ ᠬᠤᠭᠤᠷᠤᠨᠳᠤ ᠪᠣᠯᠪᠠᠰᠤᠷᠠᠨ ᠲᠤᠭᠲᠠᠵᠠᠢ ᠭᠡᠵᠦ ᠨᠤᠲᠠᠯᠠᠪᠠ ︵︽ᠮᠣᠩᠭᠤᠯ ᠪᠦᠬᠡ ᠶᠢᠨ ᠲᠡᠦᠬᠡᠨ ᠲᠤᠪᠴᠢᠶᠠᠨ︾᠂ ᠤᠯᠠᠭᠠᠨᠪᠠᠭᠠᠲᠤᠷ᠂ 2017 ᠣᠨ︶᠃     ᠬᠤᠶᠠᠷ᠂ ᠮᠣᠩᠭᠤᠯ ᠪᠦᠬᠡ ᠶᠢᠨ ᠠᠮᠢᠯᠠᠭ᠎ᠠ ᠶᠢᠨ ᠶᠣᠰᠣᠨ ᠪᠣᠯᠣᠨ ᠪᠦᠬᠡ ᠶᠢᠨ ᠵᠠᠩᠭᠢᠶ᠎ᠠ     ᠮᠢᠨᠦ ᠪᠡᠶ᠎ᠡ ᠪᠠᠷ ᠮᠣᠩᠭᠤᠯ ᠪᠦᠬᠡ ᠶᠢᠨ ᠰᠤᠳᠤᠯᠭ᠎ᠠ ᠬᠢᠬᠦ ᠶᠠᠪᠤᠴᠠ ᠳᠤ ᠪᠠᠨ ᠮᠣᠩᠭᠤᠯ ᠲᠤᠯᠭᠠᠲᠠᠨ ᠤ ᠨᠠᠢᠮᠠᠨ ᠲᠦᠷᠥᠯ ᠤᠨ ᠪᠦᠬᠡ ᠶᠢ ᠬᠠᠮᠤᠷᠤᠨ ᠠᠪᠴᠦ᠂ ᠮᠣᠩᠭᠤᠯ ᠪᠦᠬᠡ ᠶᠢᠨ ᠪᠡᠯᠭᠡᠲᠡᠯ ᠵᠦᠢ ᠶᠢᠨ ᠡᠭᠦᠲᠡᠨ ᠠᠴᠠ ᠡᠳᠡᠭᠡᠷ ᠪᠦᠬᠡ ᠨᠦᠭᠦᠳ ᠤᠨ ᠨᠡᠶᠢᠲᠡᠯᠢᠭ ᠲᠠᠯ᠎ᠠ ᠪᠣᠯᠣᠨ ᠢᠯᠭᠠᠭ᠎ᠠ ᠲᠠᠢ ᠲᠠᠯ᠎ᠠ ᠶᠢ ᠬᠠᠷᠢᠴᠠᠭᠤᠯᠤᠨ ᠰᠤᠲᠤᠯᠤᠭᠰᠠᠨ ᠪᠢᠯᠡ᠃ ᠡᠭᠦᠨ ᠳᠤ ᠮᠣᠩᠭᠤᠯ ᠪᠦᠬᠡ ᠶᠢᠨ ᠨᠢᠭᠡᠨ ᠲᠦᠷᠥᠯ ᠵᠦᠢᠯ ᠪᠣᠯᠬᠤ ᠥᠪᠥᠷ ᠮᠣᠩᠭᠤᠯ ᠤᠨ ᠰᠢᠯᠢ ᠶᠢᠨ ᠭᠤᠣᠯ ᠵᠡᠷᠭᠡ ᠠᠶᠢᠮᠠᠭ ᠢᠶᠠᠷ ᠵᠠᠩᠭᠢᠶ᠎ᠠ ᠵᠡᠭᠦᠵᠦ ᠪᠠᠷᠢᠯᠳᠤᠳᠠᠭ ᠪᠦᠬᠡ ᠴᠦ ᠵᠦᠢ ᠶᠤᠰᠤᠭᠠᠷ ᠬᠠᠮᠤᠷᠤᠭᠳᠠᠵᠤ᠂ ᠵᠠᠩᠭᠢᠶ᠎ᠠ ᠶᠢᠨ ᠲᠤᠬᠠᠢ ᠮᠣᠩᠭᠤᠯ ᠪᠦᠬᠡ ᠳᠤ ᠬᠢ ᠠᠮᠢᠯᠠᠭ᠎ᠠ ᠶᠢᠨ ᠶᠣᠰᠣᠨ ᠲᠠᠢ ᠬᠤᠯᠪᠤᠭᠳᠠᠭᠤᠯᠵᠤ ᠰᠤᠳᠤᠯᠭ᠎ᠠ ᠬᠢᠵᠦ ᠢᠷᠡᠭᠰᠡᠨ ᠶᠤᠮ᠃ ᠡᠳᠦᠭᠡ ᠲᠠ ᠪᠦᠬᠦᠨ ᠳᠤ ᠪᠠᠨ ᠰᠣᠶᠣᠯ ᠬᠦᠮᠦᠨ ᠵᠦᠢ ᠶᠢᠨ ᠬᠠᠷᠠᠭᠠᠰᠤ ᠠᠴᠠ ᠪᠢᠴᠢᠭᠰᠡᠨ ︽ᠴᠢᠨ᠋ᠸ᠎ᠠ ᠪᠣᠯᠣᠨ ᠪᠦᠬᠡᠴᠢᠨ — ᠮᠣᠩᠭᠤᠯ ᠪᠦᠬᠡ ᠶᠢᠨ ᠠᠮᠢᠯᠠᠭ᠎ᠠ ᠶᠢᠨ ᠶᠣᠰᠣᠨ ᠤ ᠲᠤᠬᠠᠢ︾ ︵︽ᠦᠪᠦᠷ ᠮᠣᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ︾᠂ 2005 ᠣᠨ ᠤ 1 ᠳ᠋ᠦ᠋ᠭᠡᠷ ᠬᠤᠭᠤᠴᠠᠭ᠎ᠠ᠂ 29 - 40 ᠳ᠋ᠤᠭᠡᠷ ᠨᠢᠭᠤᠷ  ᠲᠤ︶ ᠭᠡᠳᠡᠭ ᠱᠦᠭᠦᠷᠬᠡᠢ ᠦᠭᠦᠯᠡᠯ ᠢᠶᠠᠨ ᠲᠤᠪᠴᠢᠯᠠᠨ ᠲᠠᠨᠢᠯᠴᠠᠭᠤᠯᠵᠤ᠂ ᠵᠠᠩᠭᠢᠶ᠎ᠠ ᠶᠢᠨ ᠲᠤᠬᠠᠢ ᠶᠡᠷᠦᠩᠬᠡᠢ ᠣᠶᠢᠯᠠᠭᠠᠯᠲᠠ ᠲᠠᠢ ᠪᠣᠯᠬᠤ ᠶᠢ ᠵᠣᠷᠢᠪᠠ᠃     ᠡᠷᠳᠡᠮᠲᠡᠨ ᠸ᠊ · ᠰᠠᠶᠢᠨᠴᠤᠭᠲᠤ ᠪᠠᠷ ︽ᠠᠮᠢ ᠶᠢᠨ ᠰᠢᠲᠦᠯᠭᠡ︾ ︵ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂1998 ᠣᠨ︶ ᠳᠤ ᠪᠠᠨ ᠦᠪᠦᠷ ᠮᠣᠩᠭᠤᠯ ᠤᠨ ᠤᠯᠠᠨ ᠨᠤᠲᠤᠭ ᠶᠢᠨ ᠵᠠᠩ ᠦᠢᠯᠡ ᠶᠢᠨ ᠲᠤᠬᠠᠢ ᠳᠡᠯᠭᠡᠷᠡᠩᠭᠦᠢ ᠪᠦᠭᠡᠳ ᠨᠢᠭᠲᠠ ᠰᠤᠲᠤᠯᠭ᠎ᠠ ᠬᠢᠵᠦ᠂ ︽ᠪᠦᠬᠡ ᠨᠢ ᠬᠠᠮᠲᠤ ᠶᠢᠨ ᠠᠮᠢᠨ ᠤ ᠬᠡᠯᠪᠡᠷᠢ ᠪᠠᠶᠢᠭᠰᠠᠨ︾ ᠪᠤᠶᠤ ︽ᠬᠠᠮᠲᠤᠯᠢᠭ ᠤᠨ ᠠᠮᠢᠨ ᠰᠦᠯᠳᠠ︾ ᠭᠡᠵᠦ ᠲᠤᠷᠠᠳᠤᠭᠰᠠᠨ ᠨᠢ ᠮᠣᠩᠭᠤᠯ ᠪᠥᠬᠡ ᠶᠢᠨ ᠰᠣᠶᠣᠯ ᠤᠨ ᠮᠠᠰᠢ ᠴᠢᠬᠤᠯᠠ ᠠᠭᠤᠯᠤᠭᠲᠠᠬᠤᠨ ᠢ ᠢᠯᠡᠳᠭᠡᠵᠡᠢ᠃ ᠡᠨᠡ ᠪᠣᠯ ᠮᠠᠰᠢ ᠦᠨ᠎ᠡ ᠴᠡᠨ᠎ᠡ ᠲᠠᠢ ᠦᠵᠡᠯᠲᠡ ᠪᠢᠯᠡ᠃ ᠮᠢᠨᠦ ᠪᠡᠶ᠎ᠡ ᠪᠠᠷ ︽ᠮᠣᠩᠭᠤᠯ ᠪᠦᠬᠡ ᠶᠢᠨ ᠠᠮᠢᠯᠠᠭ᠎ᠠ ᠶᠢᠨ ᠶᠤᠰᠤᠨ︾ ᠳᠤ ᠬᠢ ᠵᠠᠩᠭᠢᠶ᠎ᠠ ᠣᠯᠭᠤᠬᠤ ᠪᠠ ᠶᠡᠭᠦᠯᠡᠬᠦ ᠵᠠᠩ ᠦᠢᠯᠡ ᠶᠢ ᠮᠣᠩᠭᠤᠯᠴᠣᠳ ᠤᠨ ᠤᠯᠠᠮᠵᠢᠯᠠᠯᠲᠤ ᠮᠠᠯ ᠰᠡᠲᠡᠷᠯᠡᠬᠦ ᠵᠠᠩ ᠦᠢᠯᠡ ᠲᠠᠢ ᠨᠢᠭᠲᠠ ᠬᠤᠯᠪᠤᠭ᠎ᠠ ᠲᠠᠢ ᠭᠡᠵᠦ ᠦᠵᠡᠵᠦ ᠪᠠᠶᠢᠨ᠎ᠠ᠃     ᠪᠦᠬᠡᠴᠦᠳ ᠲᠤ ᠵᠠᠩᠭᠢᠶ᠎ᠠ ᠣᠯᠭᠤᠬᠤ ᠨᠦᠬᠦᠴᠡᠯ ᠤᠨ ᠲᠠᠯ᠎ᠠ  ᠪᠠᠷ᠂ ᠫᠠ᠊ · ᠳᠤᠭᠠᠷ᠂ ᠦ᠊ · ᠰᠤᠳᠨᠠᠮ ᠤᠨ ᠵᠣᠬᠢᠶᠠᠭᠰᠠᠨ ︽ᠦᠵᠦᠮᠦᠴᠢᠨ ᠪᠦᠬᠡ︾ ︵1986 ᠣᠨ᠂ 36 ᠳ᠋ᠤᠭᠠᠷ ᠨᠢᠭᠤᠷ ᠲᠤ︶ ᠳᠤ ᠮᠠᠰᠢ ᠲᠣᠲᠣᠷᠬᠠᠢ ᠪᠢᠴᠢᠵᠡᠢ᠃     ︽᠂᠂᠂᠂ ᠦᠩᠭᠡᠷᠡᠭᠰᠡᠨ ᠳᠤ᠂ ᠶᠡᠭᠡ ᠪᠠᠭ᠎ᠠ ᠨᠠᠶᠢᠷ ᠭᠡᠵᠦ ᠢᠯᠭᠠᠯ ᠦᠭᠡᠢ ᠱᠠᠩ ᠳᠤ ᠣᠷᠤᠭᠰᠠᠨ ᠪᠦᠬᠡ ᠳᠤ ᠵᠦᠰᠦᠮᠡᠯ ᠵᠠᠩᠭᠢᠶ᠎ᠠ ︵ᠬᠤᠷᠤᠭᠤ ᠬᠢᠷᠢᠲᠡᠢ ᠥᠷᠭᠡᠨ ᠵᠦᠰᠦᠭᠰᠡᠨ ᠲᠤᠷᠲᠤᠩ︶ ᠶᠢ ᠱᠠᠩ ᠤᠨ ᠪᠣᠳᠠᠰ ᠤᠨ ᠬᠠᠮᠲᠤ ᠥᠭᠳᠡᠭ᠃ 32- 64 ᠪᠦᠬᠡ ᠲᠠᠢ ᠨᠠᠶᠢᠷ ᠤᠨ ᠲᠡᠷᠢᠭᠦᠨ ᠪᠦᠬᠡ ᠳᠤ ᠬᠤᠰᠢᠭᠤ ᠵᠠᠩᠭᠢᠶ᠎ᠠ ︵ᠠᠮᠠ ᠲᠥᠷᠪᠡᠯᠵᠢᠨ ᠲᠤᠷᠲᠤᠩ ᠤᠨ ᠲᠠᠯ᠎ᠠ ᠶᠢ ᠬᠤᠰᠢᠭᠤᠴᠢᠯᠠᠨ ᠵᠦᠰᠦᠭᠰᠡᠨ︶ ᠱᠠᠩᠨᠠᠳᠠᠭ᠃ 128 ᠪᠦᠬᠡ ᠪᠠᠷᠢᠯᠳᠤᠭᠰᠠᠨ ᠨᠠᠶᠢᠷ ᠤᠨ ᠲᠡᠷᠢᠭᠦᠨ ᠳᠤ ᠭᠤᠣᠯ ᠵᠠᠩᠭᠢᠶ᠎ᠠ ︵ᠵᠠᠩᠭᠢᠳᠤᠭᠰᠠᠨ ᠲᠤᠷᠭᠠᠨ ᠬᠠᠳᠠᠭ︶ ᠱᠠᠩᠨᠠᠳᠠᠭ ᠪᠠᠶᠢᠪᠠ᠃ ᠡᠨᠡᠬᠦ ᠭᠤᠣᠯ ᠵᠠᠩᠭᠢᠶ᠎ᠠ ᠶᠢ ᠲᠠᠲᠠᠬᠤ ᠳᠤ᠂ ᠭᠤᠷᠪᠠ ᠤᠳᠠᠭ᠎ᠠ ᠣᠯᠣᠭᠰᠠᠨ ᠪᠦᠬᠡ ᠪᠣᠯ ᠰᠠᠶ᠋ᠢ ᠵᠠᠩᠭᠢᠶ᠎ᠠ ᠬᠢᠵᠦ ᠵᠡᠭᠦᠬᠦ ᠡᠷᠬᠡ ᠶᠢ ᠣᠯᠳᠠᠭ︾᠃     ᠡᠭᠦᠨ ᠠᠴᠠ ᠦᠵᠡᠬᠦ ᠳᠤ᠂ ᠵᠠᠩᠭᠢᠶ᠎ᠠ ᠶᠢ 128 ᠪᠦᠬᠡ ᠪᠠᠷᠢᠯᠳᠤᠭᠰᠠᠨ ᠨᠠᠶᠢᠷ ᠲᠤ ᠭᠤᠷᠪᠠ ᠤᠳᠠᠭ᠎ᠠ ᠲᠦᠷᠦᠭᠦᠯᠡᠭᠰᠡᠨ ᠪᠦᠬᠡ ᠳᠤ ᠣᠯᠭᠤᠳᠠᠭ ᠪᠦᠭᠡᠳ ᠭᠤᠣᠯ ᠵᠠᠩᠭᠢᠶ᠎ᠠ ᠳᠤ ᠪᠠᠨ ᠪᠤᠰᠤᠳ ᠪᠠᠷᠢᠯᠳᠤᠭᠠᠨ ᠳᠤ ᠱᠠᠩᠨᠠᠭᠳᠠᠭᠰᠠᠨ ᠵᠦᠰᠦᠮᠡᠯ ᠪᠠ ᠬᠤᠰᠢᠭᠤ ᠵᠠᠩᠭᠢᠶ᠎ᠠ ᠪᠠᠨ ᠬᠤᠷᠠᠮᠳᠤᠭᠤᠯᠤᠨ ᠵᠡᠭᠦᠳᠡᠭ ᠠᠵᠢ᠃ ᠦᠨᠦᠲᠦᠷ ᠵᠠᠩᠭᠢᠶ᠎ᠠ ᠣᠯᠭᠤᠬᠤ ᠨᠦᠬᠦᠴᠡᠯ ᠶᠡᠬᠡᠬᠡᠨ ᠬᠤᠪᠢᠷᠠᠯᠲᠠ ᠭᠠᠷᠤᠭᠰᠠᠨ ᠪᠣᠯᠪᠠᠴᠤ ᠪᠦᠬᠡᠴᠦᠳ ᠲᠤ ᠵᠠᠩᠭᠢᠶ᠎ᠠ ᠵᠡᠭᠦᠯᠭᠡᠬᠦ ᠶᠣᠰᠣ ᠨᠢ ᠪᠡᠯᠭᠡᠲᠡᠯ ᠤᠨ ᠬᠤᠪᠢ ᠳᠤ ᠮᠠᠯ ᠰᠡᠲᠡᠷᠯᠡᠬᠦ ᠶᠤᠰᠤᠨ ᠲᠠᠢ ᠭᠦᠨᠵᠡᠭᠡᠢ ᠬᠤᠯᠪᠣᠭ᠎ᠠ ᠲᠠᠢ ᠭᠡᠵᠦ ᠦᠵᠡᠵᠦ ᠪᠣᠯᠣᠨ᠎ᠠ᠃     ᠮᠠᠯ ᠰᠡᠲᠡᠷᠯᠡᠬᠦ ᠶᠤᠰᠤᠨ ᠭᠡᠳᠡᠭ ᠨᠢ ᠲᠡᠭᠷᠢ ᠭᠠᠵᠠᠷ ᠤᠰᠤᠨ ᠤ ᠰᠠᠬᠢᠭᠤᠯᠰᠤᠨ ᠳᠤ ᠮᠠᠯ ᠤᠨ ᠣᠬᠢ ᠰᠢᠯᠢᠳᠡᠭ ᠠᠴᠠ ᠡᠷᠭᠦᠴᠡ ᠪᠠᠷᠢᠴᠠ ᠡᠷᠭᠦᠯ ᠪᠣᠯᠭᠠᠨ ᠥᠭᠬᠦ ᠶᠢ ᠬᠡᠯᠡᠨ᠎ᠡ᠃ ᠡᠷᠳᠡᠮᠲᠡᠨ ᠰᠠᠷᠠᠩᠭᠡᠷᠡᠯ ᠤᠨ ᠲᠠᠶᠢᠯᠪᠤᠷᠢᠯᠠᠬᠤ ᠪᠠᠷ᠂ ᠰᠡᠲᠡᠷᠯᠡᠬᠦ ᠨᠢ ᠲᠥᠪᠡᠳ ᠦᠭᠡᠨ ᠤ ᠼᠡᠳᠡᠷ ᠠᠴᠠ ᠭᠠᠷᠤᠯᠲᠠᠢ᠃ ᠲᠤᠬᠠᠶᠢᠯᠠᠪᠠᠯ᠂ ︽ᠼ᠊︾  ᠨᠢ ᠠᠮᠢ ᠨᠠᠰᠤ ᠭᠡᠰᠡᠨ ᠤᠳᠬ᠎ᠠ ᠲᠠᠢ᠃ ︽ᠳ᠋ᠠᠷ︾ ᠨᠢ ᠬᠡᠯᠲᠦᠷᠢᠭᠦᠯᠬᠦ ᠪᠤᠶᠤ ᠴᠠᠭᠠᠰᠢ ᠨᠢ ᠬᠡᠯᠳᠦᠷᠢᠭᠦᠯᠬᠦ ᠭᠡᠰᠡᠨ ᠤᠳᠬ᠎ᠠ ᠲᠠᠢ᠃ ᠮᠠᠯ ᠼᠡᠳᠡᠷᠯᠡᠬᠦ ᠭᠡᠳᠡᠭ ᠨᠢ ᠮᠠᠯ ᠤᠨ ᠠᠮᠢ ᠨᠠᠰᠤ ᠶᠢ ᠤᠷᠲᠤᠳᠬᠠᠵᠤ᠂ ᠦᠬᠦᠯ ᠠᠴᠠ ᠬᠡᠯᠲᠦᠷᠢᠭᠦᠯᠬᠦ ᠭᠡᠰᠡᠨ ᠤᠬᠠᠭᠠᠨ ᠲᠠᠢ ᠠᠵᠢ ︵ᠰᠠᠷᠠᠩᠭᠡᠷᠡᠯ ︽ᠳᠡᠭᠡᠲᠦ ᠮᠣᠩᠭᠤᠯ ᠤᠨ ᠵᠠᠩ ᠦᠢᠯᠡ︾᠂ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1990︶᠃ ︽ᠰᠡᠲᠡᠷᠯᠡᠬᠦ ᠮᠠᠯ ᠢᠶᠠᠨ ᠰᠣᠩᠭᠤᠭᠰᠠᠨ ᠤ ᠲᠠᠷᠠᠭ᠎ᠠ ᠲᠠᠪᠤᠨ ᠥᠩᠭᠡ ᠶᠢᠨ ᠭᠬᠢᠪ ᠲᠣᠷᠭ᠎ᠠ ᠪᠠᠷ ︿ᠵᠠᠸ᠎ᠠ ᠵᠠᠩᠭᠢᠶ᠎ᠠ﹀ ᠪᠡᠯᠡᠳᠭᠡᠵᠦ ᠠᠪᠤᠨ᠎ᠠ᠂᠂᠂᠂ ᠵᠠᠸ᠎ᠠ ᠵᠠᠩᠭᠢᠶ᠎ᠠ ᠭᠡᠳᠡᠭ ᠭᠬᠢᠪ ᠲᠣᠷᠭᠠᠨ ᠤ ᠲᠠᠪᠤᠨ ᠥᠩᠭᠡ ᠨᠢ ᠲᠣᠰ ᠲᠤᠰ ᠤᠨ ᠪᠡᠯᠭᠡᠲᠡᠯ ᠤᠨ ᠤᠳᠬ᠎ᠠ ᠰᠠᠨᠠᠭ᠎ᠠ ᠲᠠᠢ ᠪᠠᠶᠢᠳᠠᠭ︾᠃ ᠡᠭᠦᠨ ᠳᠤ ᠬᠥᠬᠡ ᠨᠢ ᠮᠥᠩᠬᠡ ᠲᠡᠭᠷᠢ ᠶᠢ᠂ ᠰᠢᠷ᠎ᠠ ᠨᠢ ᠠᠯᠲᠠᠨ ᠨᠠᠷᠨ  ᠶᠢ᠂ ᠴᠠᠭᠠᠨ ᠨᠢ ᠡᠭᠦᠯᠨ ᠶᠢ᠂ ᠤᠯᠠᠭᠠᠨ  ᠨᠢ ᠭᠠᠯ ᠭᠤᠯᠤᠮᠲᠠ ᠶᠢ᠂ ᠨᠣᠭᠤᠭᠠᠨ ᠨᠢ ᠡᠬᠡ ᠭᠠᠵᠠᠷ ᠢ ᠪᠡᠯᠭᠡᠳᠡᠭᠰᠡᠨ ᠪᠠᠶᠢᠨ᠎ᠠ᠃ ᠰᠡᠲᠡᠷᠯᠡᠭᠰᠡᠨ ᠮᠠᠯ ᠨᠢ ᠨᠢᠭᠡ ᠶᠤᠰᠤᠨ ᠤ ᠰᠢᠲᠦᠭᠡᠨ ᠪᠣᠯᠵᠤ᠂ ᠠᠶᠢᠯ ᠭᠡᠷ ᠤᠨ ᠬᠡᠶᠢᠮᠣᠷᠢ ᠶᠢ ᠬᠡᠶᠢᠰᠭᠡᠵᠦ᠂ ᠬᠡᠰᠢᠭ ᠪᠤᠶᠠᠨ ᠢ ᠬᠤᠷᠢᠶᠠᠬᠤ ᠪᠡᠯᠭᠡᠲᠡᠯ ᠪᠣᠯᠳᠠᠭ ︵ᠰᠠᠷᠠᠩᠭᠡᠷᠡᠯ᠂ ︽ᠮᠣᠩᠭᠤᠯ ᠤᠭᠰᠠᠭᠠᠲᠠᠨ ᠤ ᠵᠠᠩᠰᠢᠯ ᠰᠣᠶᠣᠯ ᠤᠨ ᠦᠨᠲᠦᠰᠦ︾᠂ ᠦᠨᠲᠦᠰᠦᠲᠡᠨ ᠤ ᠬᠡᠪᠯᠡᠯ ᠤᠨ ᠬᠤᠷᠢᠶ᠎ᠠ᠂ 2011 ᠣᠨ︶᠃ ᠭᠠᠵᠠᠷ ᠭᠠᠵᠠᠷ ᠤᠨ ᠮᠠᠯ ᠰᠡᠲᠡᠷᠯᠡᠬᠦ ᠵᠠᠩ ᠦᠢᠯᠡ ᠨᠢ ᠪᠠᠭ᠎ᠠ ᠰᠠᠭ᠎ᠠ ᠵᠦᠷᠢᠶ᠎ᠡ ᠲᠠᠢ ᠪᠣᠯᠪᠠᠴᠤ ᠲᠠᠪᠤᠨ ᠥᠩᠭᠡ ᠶᠢᠨ ᠰᠡᠲᠡᠷ ᠵᠡᠭᠦᠯᠭᠡᠬᠦ᠂ ᠵᠢᠯ ᠪᠦᠷᠢ ᠶᠢᠨ ᠣᠪᠣᠭᠠᠨ ᠤ ᠲᠠᠬᠢᠯᠭ᠎ᠠ ᠳᠡᠭᠡᠷ᠎ᠡ ᠰᠡᠲᠡᠷ ᠢ ᠰᠡᠷᠭᠦᠭᠡᠨ ᠰᠢᠨᠡᠳᠭᠡᠬᠦ᠂ ᠰᠡᠲᠡᠷ ᠲᠠᠢ ᠮᠠᠯ ᠨᠢ ᠬᠦᠭᠰᠢᠷᠡᠬᠦ ᠶᠤᠮ ᠦᠦ ᠦᠬᠦᠪᠡᠯ ᠢᠵᠢᠯᠢ ᠵᠢᠰᠦᠮ ᠤᠨ ᠮᠠᠯ  ᠳᠤ ᠰᠡᠲᠡᠷ ᠢ ᠰᠢᠯᠵᠢᠭᠦᠯᠬᠦ ᠵᠡᠷᠭᠡ ᠨᠢ ᠠᠳᠠᠯᠢ ᠪᠠᠶᠢᠳᠠᠭ᠃     ᠦᠵᠦᠮᠦᠴᠢᠨ ᠴᠠᠬᠠᠷ ᠵᠡᠷᠭᠡ ᠭᠠᠵᠠᠷ ᠲᠤ ᠪᠦᠬᠡ ᠶᠢᠨ ᠵᠠᠩᠭᠢᠶ᠎ᠠ ᠳᠤ ︽ᠰᠡᠲᠡᠷ ᠤᠨ ᠲᠠᠪᠤᠨ ᠥᠩᠭᠡ ᠶᠢ ᠪᠦᠷᠢᠳᠦᠭᠦᠯᠳᠡᠭ︾ ᠨᠢ ᠮᠠᠯ ᠰᠡᠲᠡᠷᠯᠡᠬᠦ ᠪᠣᠯᠣᠨ ᠪᠦᠬᠡ ᠵᠠᠩᠭᠢᠶᠠᠯᠠᠬᠤ ᠵᠠᠩ ᠦᠢᠯᠡ ᠶᠢᠨ ᠤᠶᠠᠯᠳᠤᠭ᠎ᠠ ᠶᠢ ᠲᠣᠲᠣ ᠢᠯᠡᠷᠬᠡᠶᠢᠯᠡᠵᠦ ᠪᠣᠢ᠃ ᠮᠠᠯ ᠰᠡᠲᠡᠷᠯᠡᠬᠦ ᠨᠢ ᠲᠤᠬᠠᠢ ᠶᠢᠨ ᠮᠠᠯ ᠢ ᠠᠷᠢᠭᠤᠨᠴᠢᠯᠠᠵᠤ᠂ ᠠᠮᠢ ᠨᠠᠰᠤ ᠶᠢ ᠨᠢ ᠤᠷᠲᠤᠳᠬᠠᠵᠤ ᠪᠠᠶᠢᠭ᠎ᠠ ᠪᠣᠯ᠂ ᠪᠦᠬᠡᠴᠦᠳ ᠢᠶᠠᠨ ᠵᠠᠩᠭᠢᠶᠠᠯᠠᠬᠤ ᠨᠢ ᠮᠦᠨ ᠬᠠᠮᠲᠤᠯᠢᠭ ︵ᠨᠤᠲᠤᠭ︶ ᠤᠨ ᠠᠮᠢᠨ ᠰᠦᠯᠳᠡ ᠪᠣᠯᠣᠭᠰᠠᠨ ᠪᠦᠬᠡᠴᠦᠳ ᠢᠶᠠᠨ ᠰᠢᠲᠦᠭᠡᠨᠴᠢᠯᠡᠵᠦ᠂ ᠨᠤᠲᠤᠭ ᠤᠨ ᠠᠮᠢᠨ ᠰᠦᠯᠲᠡ ᠪᠠᠨ ᠦᠷᠭᠦᠯᠵᠢᠯᠡᠭᠦᠯᠬᠦ ᠠᠮᠢᠯᠠᠭ᠎ᠠ ᠶᠢᠨ ᠶᠣᠰᠣᠨ ᠭᠡᠵᠦ ᠦᠵᠡᠵᠦ ᠪᠣᠯᠣᠨ᠎ᠠ᠃ ᠸ᠊ · ᠰᠠᠶᠢᠨᠴᠤᠭᠲᠤ ᠲᠡᠷᠢᠭᠦᠨ ᠪᠦᠬᠡ ᠮᠣᠷᠢᠨ ᠳᠤ ᠵᠠᠩᠭᠢᠶ᠎ᠠ ᠵᠡᠭᠦᠯᠭᠡᠬᠦ ᠨᠢ ᠨᠢᠭᠡ ᠵᠦᠢᠯ ᠤᠨ ᠠᠮᠢᠯᠠᠭ᠎ᠠ ᠪᠣᠯᠣᠨ᠎ᠠ ᠭᠡᠵᠦ ᠦᠭᠦᠯᠡᠭᠰᠡᠨ ᠨᠢ ᠮᠠᠰᠢ ᠵᠦᠪ ᠶᠤᠮ᠃ ᠶᠠᠫᠤᠨ ᠤ ᠡᠷᠲᠡᠮᠳᠡᠨ ᠠᠶᠢᠭᠠᠮᠢ ᠨᠠᠮᠢᠤ᠋ ᠤᠮᠠᠷᠠᠲᠤ ᠠᠽᠢᠶ᠎ᠠ ᠪᠣᠯᠣᠨ ᠲᠥᠪ ᠠᠽᠢᠶ᠎ᠠ ᠶᠢᠨ ᠣᠯᠠᠨ ᠦᠨᠲᠦᠰᠦᠲᠡᠨ ᠶᠠᠰᠤᠲᠠᠨ  ᠨᠤᠭᠤᠳ ‍ᠤᠨ‌ᠣᠪᠤᠭᠠᠨ ᠤ ᠲᠠᠬᠢᠯᠭ᠎ᠠ ᠶᠢᠨ ᠨᠢᠭᠡᠨ ᠴᠢᠬᠤᠯᠠ ᠠᠭᠤᠯᠭ᠎ᠠ ᠪᠣᠯᠬᠤ ᠪᠦᠬᠡ ᠶᠢᠨ ᠪᠠᠷᠢᠯᠳᠤᠭᠠᠨ ᠤ ᠲᠤᠬᠠᠢ ︽ᠪᠦᠬᠡ ᠶᠢᠨ ᠪᠠᠷᠢᠯᠳᠤᠭᠠᠨ ᠪᠠ ᠮᠣᠷᠢᠨ ‍ᠤ‌ᠤᠷᠤᠯᠳᠤᠭᠠᠨ ᠨᠢ ᠵᠦᠪᠬᠡᠨ ᠨᠠᠭᠠᠳᠤᠮ ᠴᠡᠩᠭᠡᠯ ᠪᠤᠶᠤ ᠦᠵᠡᠪᠦᠷᠢ ᠪᠢᠰᠢ᠂ ᠬᠠᠷᠢᠨ ᠦᠷᠢᠰᠦᠯᠳᠦᠭᠴᠢᠳ ᠢ ᠰᠠᠬᠢᠭᠤᠯᠰᠤᠨ ᠤ ᠲᠤᠰ ᠪᠡᠶ᠎ᠡ ᠶᠤᠮ ᠦᠦ ᠡᠰᠡᠬᠦᠯ᠎ᠡ ᠲᠤᠬᠠᠢ ᠶᠢᠨ ᠰᠠᠬᠢᠭᠤᠯᠰᠤᠨ ᠨᠢ ᠪᠦᠬᠡ ᠶᠢᠨ ᠪᠡᠶ᠎ᠡ ᠳᠤ ᠣᠷᠤᠰᠢᠭᠰᠠᠨ ᠳᠦᠷᠢ ᠭᠡᠵᠦ ᠦᠵᠡᠳᠡᠭ ᠪᠠᠶᠢᠭᠰᠠᠨ ᠪᠣᠯᠣᠯᠲᠠᠢ︾ ᠭᠡᠵᠦ ᠥᠭᠦᠯᠡᠵᠡᠢ᠃ ᠥᠭᠡᠷ᠎ᠡ ᠪᠠᠷ ᠬᠡᠯᠡᠪᠡᠯ᠂ ᠪᠦᠬᠡᠴᠣᠳ ᠨᠢ ᠣᠪᠤᠭᠠᠨ ᠤ ᠲᠠᠬᠢᠯᠭ᠎ᠠ ᠳᠤ ᠪᠠᠨ ᠨᠤᠲᠤᠭ ᠤᠰᠤᠨ ᠤ ᠪᠠᠨ ᠰᠠᠬᠢᠭᠤᠰᠤ ᠶᠢᠨ ᠳᠦᠷᠢ ᠪᠠᠷ ᠢᠯᠡᠷᠡᠳᠡᠭ ᠪᠠᠶᠢᠭᠰᠠᠨ ᠱᠠᠰᠢᠨ ᠰᠢᠲᠦᠭᠡᠨ ᠤ ᠰᠢᠨᠵᠢ ᠶᠢ ᠢᠯᠡᠳᠭᠡᠵᠦ ᠪᠤᠢ ︵ᠠᠶᠢᠭᠠᠮᠢ ᠨᠠᠮᠢᠤ᠋᠂ ︽ᠠᠽᠢᠶ᠎ᠠ ᠡᠸᠦ᠋ᠷᠦᠫᠡ ᠳᠤ ᠬᠢ ᠡᠷᠲᠡᠨ ᠤ ᠤᠮᠠᠷᠠᠲᠤ ᠶᠢᠨ ᠰᠣᠶᠣᠯ︾᠂ 1951᠂ ᠶᠠᠫᠤᠨ ᠬᠡᠪᠯᠡᠯ︶᠃ ᠡᠨᠡ ᠨᠢ ᠦᠨᠡᠨᠳᠡᠭᠡᠨ ᠪᠦᠬᠡ ᠶᠢᠨ ᠰᠣᠶᠣᠯ ᠤᠨ ᠳᠠᠯᠳᠠ ᠤᠳᠬ᠎ᠠ ᠰᠠᠨᠠᠭ᠎ᠠ ᠶᠢ ᠣᠨᠣᠭᠠᠵᠤ ᠬᠡᠯᠡᠭᠰᠡᠨ ᠭᠡᠯᠲᠡᠢ᠃ 1999 ᠣᠨ ᠤ 7 ᠰᠠᠷ᠎ᠠ ᠳᠤ᠂ ᠪᠢ ᠬᠡᠭᠡᠷ᠎ᠡ ᠶᠢᠨ ᠰᠤᠳᠤᠯᠭ᠎ᠠ ᠬᠢᠵᠦ ᠪᠠᠶᠢᠬᠤ ᠳᠤ ᠪᠠᠨ ᠰᠢᠯᠢ ᠶᠢᠨ ᠭᠤᠣᠯ ᠠᠶᠢᠮᠠᠭ ᠤᠨ ᠠᠪᠠᠭ᠎ᠠ ᠬᠤᠰᠢᠭᠤᠨ ᠤ ᠰᠢᠯᠢ ᠶᠢᠨ ᠬᠠᠨ ᠠᠭᠤᠯᠠ ᠣᠪᠣᠭ᠎ᠠ ᠶᠢ ᠲᠠᠬᠢᠳᠠᠭ ᠪᠦᠳᠡᠪᠠᠯ ᠨᠠᠰᠤᠲᠠᠨ ᠠᠴᠠ ︽ᠣᠪᠣᠭᠠᠨ ᠤ ᠲᠠᠬᠢᠯᠭ᠎ᠠ ᠳᠤ ᠪᠦᠬᠡ ᠪᠠᠷᠢᠯᠳᠤᠭᠤᠯᠬᠤ ᠨᠢ ᠦᠵᠡᠬᠦ ᠶᠢᠨ ᠯᠠ ᠲᠥᠯᠥᠭᠡ ᠪᠢᠰᠢ᠂ ᠨᠠᠪᠲᠠᠭ ᠰᠠᠪᠳᠠᠭ ᠢᠶᠠᠨ ᠪᠠᠶᠠᠷᠯᠠᠭᠤᠯᠬᠤ ᠶᠢᠨ ᠲᠥᠯᠥᠭᠡ ᠶᠤᠮ︾ ᠭᠡᠵᠦ ᠶᠠᠷᠢᠵᠤ ᠪᠠᠶᠢᠭᠰᠠᠨ ᠢ ᠲᠡᠮᠳᠡᠭᠯᠡᠨ ᠠᠪᠤᠪᠠ᠃ ᠡᠨᠡ ᠶᠠᠷᠢᠶ᠎ᠠ ᠨᠢ ᠪᠦᠬᠡᠴᠦᠳ ᠢ ᠰᠠᠬᠢᠭᠤᠯᠰᠣᠨ ᠲᠠᠢ ᠬᠤᠯᠪᠤᠵᠤ ᠪᠠᠶᠢᠭ᠎ᠠ ᠪᠠᠷ ᠢᠶᠠᠨ ᠠᠶᠢᠭᠠᠮᠢ ᠶᠢᠨ ᠣᠨᠣᠯ ᠲᠠᠢ ᠠᠮᠠ ᠰᠡᠭᠡᠷ ᠨᠡᠶᠢᠯᠡᠵᠦ ᠪᠠᠶᠢᠨ᠎ᠡ᠃ ᠶᠡᠷᠦᠨᠢ ᠪᠢᠳᠡ ︽ᠪᠦᠬᠡ ᠪᠡᠯᠭᠦᠳᠡᠢ ᠶᠢᠨ ᠠᠮᠠᠨ ᠬᠦᠵᠦᠭᠦᠦ︾ ᠶᠢᠨ ᠲᠠᠬᠢᠯᠭ᠎ᠠ ᠶᠢ ᠰᠠᠶᠢᠨ ᠮᠡᠳᠡᠳᠡᠭ ᠪᠦᠭᠡᠳ‌‍ᠰᠠᠶ᠋ᠢᠬᠠᠨ ᠪᠣᠯᠲᠠᠯ᠎ᠠ ᠴᠣᠣᠲᠣ ᠪᠦᠬᠡᠴᠦᠳ ᠤᠨ ᠢᠶᠠᠨ ᠬᠡᠷᠡᠭᠯᠡᠵᠦ ᠪᠠᠶᠢᠭᠰᠠᠨ ᠡᠳ᠋ ᠢ ᠬᠦᠷᠲᠡᠯ᠎ᠡ ᠰᠢᠲᠦᠨ ᠲᠠᠬᠢᠳᠠᠭ ᠪᠠᠶᠢᠵᠠᠢ᠃ ᠵᠢᠱᠢᠶᠡᠯᠡᠪᠡᠯ᠂ ᠦᠵᠦᠮᠦᠴᠢᠨᠴᠤᠳ᠂ ᠰᠦᠨᠢᠳ ᠤᠨ ᠯᠠᠲᠠᠭ᠎ᠠ ᠠᠪᠤᠷᠭᠤ ᠶᠢᠨ ᠶᠠᠰᠤ ᠶᠢ ᠬᠦᠷᠢᠶ᠎ᠡ ᠰᠦᠮ᠎ᠠ ᠶᠢᠨ ᠲᠤᠭᠠᠩ ᠤᠨ ᠢᠶᠠᠨ ᠭᠤᠣᠯ ᠰᠢᠲᠦᠭᠡᠨ ᠪᠣᠯᠭᠠᠵᠤ ᠲᠠᠬᠢᠭᠰᠠᠨ᠂ ᠲᠣᠮᠣᠭᠲᠤ ᠪᠥᠬᠡ ᠲᠦᠭᠦᠷᠡᠩᠵᠠᠭᠠᠨ ᠤ ᠵᠣᠳᠤᠭ ᠭᠤᠲᠤᠯ ᠢ ᠬᠤᠶᠢᠴᠢᠰ ᠨᠢ ᠲᠣᠷᠭᠠᠨ ᠸᠠᠳᠠᠩ ᠳᠤ ᠪᠠᠭᠯᠠᠭᠠᠳ ᠭᠦᠩᠭᠠᠷᠠᠪᠠ ᠳᠤ ᠪᠠᠨ ᠲᠠᠬᠢᠵᠦ ᠪᠠᠶᠢᠭᠰᠠᠨ ᠲᠤᠬᠠᠢ ᠲᠡᠮᠳᠡᠭᠯᠡᠯ ︽ᠰᠦᠨᠢᠳ ᠪᠥᠬᠡ︾ ︵ᠭᠠᠯᠢᠩᠳᠠᠷ᠎ᠠ ᠨᠠᠶᠢᠷᠠᠭᠤᠯᠪᠠ ︶᠂ ︽ᠪᠦᠬᠡ︾ ︵ᠯᠢ ᠪᠠᠭᠠᠲᠤᠷ ᠨᠠᠶᠢᠷᠠᠭᠤᠯᠪᠠ︶᠂ ᠡᠯᠬᠡᠩᠭᠡ ᠶᠢᠨ ︽ᠪᠦᠬᠡ ᠶᠢᠨ ᠨᠤᠲᠤᠭ ︿ᠰᠢᠯᠢ ᠶᠢᠨ ᠭᠤᠣᠯ﹀ ᠳᠤ︾ ᠵᠡᠷᠭᠡ ᠨᠣᠮ ᠤᠳ ᠲᠤ ᠣᠯᠠᠨ ᠪᠠᠶᠢᠳᠠᠭ ᠨᠢ ᠪᠦᠬᠡ ᠨᠢ ᠰᠢᠲᠦᠭᠡᠨ ᠤ ᠬᠡᠯᠪᠡᠷᠢ ᠪᠠᠶᠢᠭᠰᠠᠨ ᠢ ᠬᠠᠷᠠᠭᠤᠯᠵᠤ ᠪᠠᠶᠢᠨ᠎ᠠ᠃     ᠪᠦᠬᠡ ᠶᠢᠨ ᠵᠠᠩᠭᠢᠶ᠎ᠠ ᠪᠣᠯᠣᠨ ᠣᠪᠣᠭᠠᠨ ᠤ ᠲᠠᠬᠢᠯᠭ᠎ᠠ ᠶᠢᠨ ᠬᠠᠷᠢᠴᠠᠭᠠᠨ ᠤ ᠲᠤᠬᠠᠢ ᠥᠭᠡᠯᠡᠳ᠂ ᠬᠤᠶᠢᠳ᠂ ᠰᠤᠩᠳᠤᠢ ᠶᠢᠨ ︽ᠴᠠᠬᠠᠷ ᠪᠦᠬᠡ︾ ︵1996 ᠣᠨ︶ ᠳᠤ ︽ᠬᠤᠰᠢᠭᠤ ᠣᠪᠣᠭ᠎ᠠ ᠶᠢᠨ ᠵᠠᠩᠭᠢᠶ᠎ᠠ᠂ ᠰᠤᠮᠤᠨ ᠣᠪᠣᠭ᠎ᠠ ᠶᠢᠨ ᠵᠠᠩᠭᠢᠶ᠎ᠠ᠂ ᠣᠪᠣᠭ ᠠᠶᠢᠮᠠᠭ ᠤᠨ ᠣᠪᠣᠭ᠎ᠠ ᠶᠢᠨ ᠵᠠᠩᠭᠢᠶ᠎ᠠ᠂ ᠰᠦᠮ᠎ᠡ ᠬᠡᠶᠢᠳ ᠤᠨ ᠣᠪᠣᠭ᠎ᠠ ᠶᠢᠨ ᠵᠠᠩᠭᠢᠶ᠎ᠠ︾ ᠭᠡᠵᠦ ᠲᠥᠷᠪᠡᠨ ᠲᠥᠷᠥᠯ ᠬᠤᠪᠢᠶᠠᠳᠠᠭ ᠰᠤᠨᠢᠷᠬᠠᠯᠲᠠᠢ ᠲᠡᠮᠳᠡᠭᠯᠡᠯ ᠪᠤᠢ᠃ ᠲᠡᠭᠦᠨᠴᠢᠯᠡᠨ ᠡᠶᠢᠮᠦᠷᠬᠦᠦ ᠣᠪᠤᠭᠠᠨ ᠤ ᠵᠠᠩᠭᠢᠶ᠎ᠠ ᠨᠢ ︽ᠵᠠᠩᠭᠢᠶ᠎ᠠ ᠵᠡᠭᠦᠭᠰᠡᠨ ᠪᠦᠬᠡᠴᠦᠦᠯ ᠨᠢ ᠵᠠᠩᠭᠢᠶ᠎ᠠ ᠪᠠᠨ ᠦᠪᠡᠷ ᠤᠨ ᠢᠶᠠᠨ ᠲᠠᠬᠢᠯᠭᠠᠲᠤ ᠣᠪᠣᠭ᠎ᠠ ᠶᠢᠨ ᠨᠠᠶᠢᠷ ᠤᠨ ᠪᠥᠬᠡ ᠶᠢᠨ ᠪᠠᠷᠢᠯᠳᠤᠭᠠᠨ ᠳᠤ ᠵᠡᠭᠦᠳᠡᠭ︾᠃ ᠬᠠᠷᠢᠨ ᠵᠠᠩᠭᠢᠶ᠎ᠠ ᠣᠯᠭᠤᠭᠰᠠᠨ ᠨᠢᠭᠡᠴᠢ ᠶᠢᠨ ᠠᠮᠪᠠᠨ᠂ ᠵᠠᠩᠭᠢ᠂ ᠭᠡᠭᠡᠨ᠂ ᠳ᠋ᠠ ᠯᠠᠮᠠ ᠨᠠᠷ  ᠦᠪᠡᠷ ᠤᠨ ᠪᠥᠬᠡ ᠪᠠᠨ ᠲᠠᠭᠠᠭᠤᠯᠤᠨ ᠶᠠᠪᠤᠪᠠᠯ ᠰᠠᠶ᠋ᠢ ᠬᠠᠷᠢ ᠬᠤᠰᠢᠭᠤᠨ ᠳᠤ ᠵᠡᠭᠦᠵᠦ ᠪᠣᠯᠳᠠᠭ ᠠᠵᠢ᠃ ︽ᠬᠤᠰᠢᠭᠤ ᠰᠤᠮᠤᠨ ᠤ ᠰᠦᠯᠲᠡ ᠶᠢᠨ ᠣᠪᠣᠭ᠎ᠠ ᠶᠢᠨ ᠲᠠᠬᠢᠯᠭ᠎ᠠ ᠠᠴᠠ ᠣᠯᠭᠤᠭᠰᠠᠨ ᠵᠠᠩᠭᠢᠶ᠎ᠠ ᠶᠢ ᠬᠥᠬᠡ ᠲᠣᠷᠭᠠᠨ ᠬᠠᠳᠠᠭ ᠢᠶᠠᠷ ᠬᠦᠯᠢᠯ ᠪᠣᠯᠭᠠᠨ ᠲᠠᠪᠤᠨ ᠥᠩᠭᠡ ᠶᠢᠨ ᠭᠬᠢᠪ ᠲᠣᠷᠭ᠎ᠠ ᠪᠠᠷ ᠬᠢᠳᠡᠭ᠃︾ ︽ᠵᠠᠷᠢᠮ ᠨᠤᠲᠤᠭ ᠤᠨ ᠬᠢᠨ ᠣᠪᠣᠭᠠᠨ ᠤ ᠡᠵᠡᠨ ᠰᠠᠬᠢᠭᠤᠯᠰᠤᠨ ᠤ ᠬᠦᠯᠢᠯ ᠢᠶᠠᠷ ᠡᠰᠢ ᠪᠣᠯᠭᠠᠨ ᠵᠠᠩᠭᠢᠶ᠎ᠠ ᠶᠢᠨ ᠭᠬᠢᠪ ᠤᠨ ᠥᠩᠭᠡ ᠶᠢ ᠲᠣᠭᠲᠠᠭᠠᠳᠠᠭ ᠴᠦ ᠪᠤᠢ᠃︾     ᠡᠭᠦᠨ ᠠᠴᠠ ᠦᠵᠡᠬᠦ ᠳᠤ᠂ ᠵᠠᠩᠭᠢᠶ᠎ᠠ ᠨᠢ ᠮᠠᠰᠢ ᠲᠣᠲᠣᠷᠬᠠᠢ ᠠᠩᠭᠢᠯᠠᠯ ᠲᠠᠢ ᠪᠦᠭᠡᠳ ᠵᠢᠷᠤᠮ ᠲᠠᠢ ᠪᠠᠶᠢᠵᠠᠢ᠃ ᠨᠤᠲᠤᠭ ᠨᠤᠲᠤᠭ ᠤᠨ ᠵᠠᠩᠰᠢᠯ ᠣᠨᠳᠤᠤ ᠪᠠᠶᠢᠳᠠᠭ ᠴᠦ ᠵᠠᠩᠭᠢᠶ᠎ᠠ ᠶᠢ ᠭᠤᠣᠯᠴᠠᠭᠤ ᠣᠪᠣᠭᠠᠨ ᠤ ᠲᠠᠬᠢᠯᠭ᠎ᠠ ᠪᠠᠷ ᠣᠯᠭᠤᠵᠤ ᠪᠠᠶᠢᠭᠰᠠᠨ ᠴᠢᠬᠤᠯᠠ ᠲᠡᠮᠳᠡᠭᠯᠡᠯ ᠭᠡᠵᠦ ᠦᠵᠡᠵᠦ ᠪᠣᠯᠣᠨ᠎ᠠ᠃ ᠢᠯᠠᠩᠭᠤᠶ᠎ᠠ ᠲᠠᠪᠤᠨ ᠥᠩᠭᠡ ᠶᠢᠨ ᠲᠣᠷᠭᠠᠨ ᠭᠬᠢᠪ  ᠢᠶᠠᠷ ᠬᠢᠳᠡᠭ ᠨᠢ ᠳᠡᠭᠡᠷ᠎ᠡ ᠲᠤᠷᠠᠳᠤᠭᠰᠠᠨ ᠰᠡᠲᠡᠷᠯᠡᠬᠦ ᠶᠣᠰᠤ᠂ ︽ᠵᠠᠸ᠎ᠠ ᠵᠠᠩᠭᠢᠶ᠎ᠠ︾ ᠲᠠᠢ ᠢᠵᠢᠯᠢ ᠪᠦᠭᠡᠳ ︽ᠣᠪᠣᠭᠠᠨ ᠤ ᠡᠵᠡᠨ ᠰᠠᠬᠢᠭᠤᠯᠰᠤᠨ ᠤ ᠬᠦᠯᠢᠯ ‍ᠦᠨ‌ᠥᠩᠭᠡ︾ ᠪᠠᠷ ᠵᠠᠩᠭᠢᠶ᠎ᠠ ᠶᠢᠨ ᠥᠩᠭᠡ ᠪᠠᠨ ᠲᠣᠭᠲᠠᠭᠠᠳᠠᠭ ᠨᠢ ᠵᠠᠩᠭᠢᠶ᠎ᠠ ᠪᠣᠯᠣᠨ ᠰᠢᠲᠦᠭᠡᠨ ᠤ ᠬᠠᠷᠢᠴᠠᠭ᠎ᠠ ᠶᠢ ᠢᠯᠡᠷᠭᠡᠶᠢᠯᠡᠵᠦ ᠪᠤᠢ᠃ ︽ᠰᠦᠮ᠎ᠡ ᠬᠡᠶᠢᠳ ᠤᠨ ᠣᠪᠣᠭ᠎ᠠ ᠶᠢᠨ ᠵᠠᠩᠭᠢᠶ᠎ᠠ︾ ᠭᠡᠵᠦ ᠪᠠᠶᠢᠭ᠎ᠠ ᠨᠢ ᠵᠠᠩᠭᠢᠶ᠎ᠠ ᠶᠢ ᠬᠤᠲᠤᠭᠲᠤ᠂ ᠭᠡᠭᠡᠨ ᠬᠤᠪᠢᠯᠭᠠᠳ ᠠᠴᠠ ᠣᠯᠭᠤᠬᠤ ᠦᠨᠲᠦᠰᠦᠯᠡᠯ ᠤᠨ ᠨᠢᠭᠡᠨ ᠭᠡᠵᠦ ᠣᠶᠢᠯᠠᠭᠠᠵᠦ ᠪᠣᠯᠣᠨ᠎ᠠ᠃     ᠳᠡᠭᠡᠷᠡᠬᠢ ᠵᠢᠱᠢᠶᠡᠨ ᠠᠴᠠ ᠦᠵᠡᠪᠡᠯ᠂ ᠪᠦᠲᠦᠴᠡ ᠪᠣᠯᠣᠨ ᠰᠣᠶᠣᠯ ᠤᠨ ᠠᠭᠤᠯᠭ᠎ᠠ ᠶᠢᠨ ᠬᠤᠪᠢ ᠳᠤ ᠤᠯᠠᠮᠵᠢᠯᠠᠯᠲᠤ ᠰᠡᠲᠡᠷᠯᠡᠬᠦ ᠶᠤᠰᠤᠨ ᠳᠤ ᠬᠢ ︽ᠰᠡᠲᠡᠷ ᠪᠤᠶᠤ ᠵᠠᠸ᠎ᠠ ᠵᠠᠩᠭᠢᠶ᠎ᠠ︾ ᠵᠡᠭᠦᠯᠭᠡᠬᠦ ᠪᠣᠯᠣᠨ ︽ᠰᠡᠲᠡᠷ ᠰᠢᠯᠵᠢᠭᠦᠯᠬᠦ︾ ᠵᠠᠩ ᠦᠢᠯᠡ ᠨᠢ ᠪᠦᠬᠡᠴᠦᠳ ᠲᠤ ᠵᠠᠩᠭᠢᠶ᠎ᠠ ᠣᠯᠭᠤᠬᠤ᠂ ᠶᠡᠭᠦᠯᠡᠬᠦ ᠵᠠᠩ ᠦᠢᠯᠡ ᠲᠠᠢ ᠢᠵᠢᠯᠢᠪᠲᠦᠷ ᠪᠠᠶᠢᠨ᠎ᠠ᠃     ᠲᠤᠬᠠᠶᠢᠯᠠᠪᠠᠯ᠂ ᠪᠦᠬᠡᠴᠦᠳ ᠨᠢ ᠬᠠᠮᠲᠤᠯᠢᠭ ᠤᠨ ᠰᠦᠯᠳᠡ ᠰᠠᠬᠢᠭᠤᠰᠤ ᠪᠠᠨ ᠠᠮᠢᠯᠠᠭᠤᠯᠳᠠᠭ ᠣᠪᠣᠭᠠᠨ ᠤ ᠲᠠᠬᠢᠯᠭ᠎ᠠ ᠳᠡᠭᠡᠷ᠎ᠡ ᠲᠤᠬᠠᠢ ᠶᠢᠨ ᠬᠠᠮᠲᠤᠯᠢᠭ ᠤᠨ ᠰᠠᠬᠢᠭᠤᠯᠰᠤᠨ ᠤ ᠳᠦᠷᠢ ᠪᠤᠶᠤ ᠰᠠᠬᠢᠭᠤᠯᠰᠤᠨ ᠣᠷᠣᠰᠢᠳᠠᠭ ᠨᠤᠲᠤᠭ ᠤᠨ ᠠᠮᠢᠨ ᠰᠦᠯᠲᠠ ᠪᠠᠷ ᠢᠯᠡᠷᠡᠳᠡᠭ ᠪᠠᠶᠢᠭᠰᠠᠨ ᠢᠶᠠᠨ ᠤᠯᠠᠮ ᠢᠶᠠᠷ ᠪᠦᠬᠡᠴᠦᠳ ᠤᠨ ᠲᠣᠰ ᠪᠡᠶ᠎ᠡ ᠨᠢ ᠴᠦ ᠰᠢᠲᠦᠭᠡᠨ ᠪᠣᠯᠵᠤ ᠬᠤᠪᠢᠷᠠᠭᠰᠠᠨ ᠭᠡᠵᠦ ᠬᠡᠯᠡᠵᠦ ᠪᠣᠯᠣᠨ᠎ᠠ᠃ ᠡᠶᠢᠮᠦᠷᠬᠦᠦ ᠶᠠᠪᠤᠴᠠ ᠳᠤ ᠮᠣᠩᠭᠤᠯᠴᠣᠳ ᠬᠠᠮᠲᠤᠯᠢᠭ ᠤᠨ ᠠᠮᠢᠨ ᠰᠦᠯᠳᠡ ᠪᠣᠯᠬᠤ ᠪᠦᠬᠡᠴᠦᠳ ᠲᠤ ᠪᠠᠨ ᠤᠯᠠᠮᠵᠢᠯᠠᠯᠲᠤ ᠰᠡᠲᠡᠷᠯᠡᠬᠦ᠂ ᠵᠠᠩᠭᠢᠶᠠᠯᠠᠬᠤ ᠵᠠᠩᠰᠢᠯ  ᠲᠠᠢ ᠢᠵᠢᠯᠢ ᠪᠦᠬᠦᠢ ᠶᠤᠰᠤᠯᠠᠯ ᠭᠦᠢᠴᠡᠳᠭᠡᠨ᠂ ᠵᠠᠩᠭᠢᠶ᠎ᠠ ᠪᠠᠷ ᠲᠡᠭᠦᠨ ᠤ ᠠᠮᠢᠨ ᠰᠦᠯᠳᠡ ᠶᠢ ᠤᠷᠲᠤᠳᠬᠠᠨ ᠦᠷᠬᠦᠯᠵᠢᠯᠡᠭᠦᠯᠬᠦ ᠪᠡᠯᠭᠡ ᠲᠡᠮᠳᠡᠭ ᠪᠣᠯᠭᠠᠭᠰᠠᠨ ᠨᠢ ᠲᠣᠲᠤᠷᠬᠠᠢ᠃ ᠭᠡᠬᠦ ᠳᠤ ᠪᠠᠨ ᠪᠦᠬᠡᠴᠦᠳ ᠬᠡᠵᠢᠶ᠎ᠡ ᠠᠴᠠ ᠵᠠᠩᠭᠢᠶ᠎ᠠ ᠵᠡᠭᠦᠬᠦ ᠪᠣᠯᠤᠭᠰᠠᠨ ᠲᠤᠬᠠᠢ ᠲᠤᠲᠤᠷᠬᠠᠢ ᠲᠡᠮᠳᠡᠭᠯᠡᠯ ᠪᠠᠶᠢᠬᠤ ᠦᠭᠡᠢ ᠪᠣᠯᠬᠤᠷ ᠣᠳᠣ ᠶᠢᠨ ᠰᠤᠳᠤᠯᠭᠠᠨ ᠤ ᠲᠦᠪᠰᠢᠨ ᠳᠤ ᠠᠪᠴᠤ ᠦᠵᠡᠪᠡᠯ᠂ ᠵᠦᠪᠬᠡᠨ ᠰᠣᠶᠣᠯ ᠬᠦᠮᠦᠨ ᠵᠦᠢ ᠶᠢᠨ ᠬᠠᠷᠠᠭᠠᠰᠤ ᠠᠴᠠ ᠵᠠᠩᠭᠢᠶ᠎ᠠ ᠶᠢᠨ ᠡᠭᠦᠰᠦᠯ ᠤᠨ ᠲᠤᠶᠢᠮᠤ ᠰᠦᠪᠡᠭᠴᠢ ᠭᠠᠷᠭᠠᠬᠤ ᠪᠣᠯᠣᠮᠵᠢ ᠯᠠ ᠣᠯᠳᠠᠵᠤ ᠪᠠᠶᠢᠭ᠎ᠠ ᠪᠢᠯᠡ᠃     ᠲᠡᠭᠡᠪᠡᠯ ᠵᠠᠩᠭᠢᠶ᠎ᠠ ᠲᠠᠢ ᠴᠣᠣᠲᠣ ᠪᠦᠬᠡᠴᠦᠳ ᠶᠠᠭᠤᠨ ᠳᠤ ᠵᠠᠩᠭᠢᠶ᠎ᠠ ᠪᠠᠨ ᠵᠠᠯᠠᠭᠠᠤ ᠪᠦᠬᠡᠴᠦᠳ ᠲᠤ ᠶᠡᠭᠦᠯᠡᠵᠦ ᠥᠭᠳᠡᠭ ᠪᠤᠢ︖ ᠭᠡᠳᠡᠭ ᠠᠰᠠᠭᠤᠳᠠᠯ ᠳᠤ ᠲᠤᠲᠤᠷᠬᠠᠢ ᠬᠠᠷᠢᠭᠤᠯᠲᠠ ᠥᠭᠬᠦ ᠨᠢ ᠵᠦᠢᠲᠠᠢ ᠪᠢᠵᠡ᠃     ᠸ᠊ · ᠰᠠᠶᠢᠨᠴᠤᠭᠲᠤ ᠪᠠᠷ ᠪᠥᠬᠡ ᠲᠠᠷᠬᠠᠯᠠᠬᠤ ᠶᠤᠰᠤᠨ ᠳᠤ ᠠᠬᠠᠮᠠᠳ ᠪᠦᠬᠡ ᠠᠴᠠ ᠵᠣᠳᠤᠭ ᠵᠠᠩᠭᠢᠶ᠎ᠠ ᠪᠠᠨ ᠵᠠᠯᠠᠭᠤ ᠪᠥᠬᠡ ᠳᠤ ᠪᠠᠨ ᠤᠯᠠᠮᠵᠢᠯᠠᠨ ᠥᠭᠴᠦ ᠪᠠᠶᠢᠭ᠎ᠠ ᠵᠠᠩ ᠦᠢᠯᠡ ᠶᠢ ︽ᠪᠥᠬᠡ ᠶᠢᠨ ᠬᠦᠴᠦᠨ ᠮᠠᠭᠤᠲᠠᠵᠤ᠂ ᠨᠠᠰᠤ ᠥᠲᠡᠯᠬᠦ ᠳᠤ ᠬᠠᠮᠲᠤᠯᠢᠭ ᠤᠨ ᠬᠦᠴᠦᠨ ᠲᠤᠷᠤᠶᠢᠲᠠᠵᠤ ᠪᠠᠭᠤᠷᠠᠨ᠎ᠠ︾ ᠭᠡᠰᠡᠨ ᠤᠶᠢᠯᠠᠭᠠᠯᠲᠠ ᠲᠠᠢ ᠬᠤᠯᠪᠤᠠ ᠦᠵᠡᠵᠦ᠂ ᠵᠠᠩᠭᠢᠶ᠎ᠠ ᠪᠠᠨ ᠶᠡᠭᠦᠯᠡᠬᠦ ᠨᠢ ︽ᠬᠠᠮᠲᠤ ᠣᠯᠠᠨ ᠤ ᠠᠮᠤᠷ ᠲᠦᠪᠰᠢᠨ ᠢ ᠬᠠᠮᠠᠭᠠᠯᠠᠬᠤ ᠴᠢᠬᠤᠯᠠ ᠠᠷᠭ᠎ᠠ ᠪᠠᠷᠢᠯ ᠪᠠᠶᠢᠭᠰᠠᠨ︾ ᠭᠡᠵᠦ ᠦᠭᠦᠯᠡᠵᠡᠢ᠃ ᠮᠢᠨᠦ ᠪᠡᠶ᠎ᠡ ᠴᠦ ᠡᠨᠡᠬᠦ ᠵᠠᠩ ᠦᠢᠯᠠ ᠶᠢ ᠲᠠᠪᠲᠠᠨ ᠨᠤᠲᠠᠯᠠᠭᠰᠠᠨ ᠪᠢᠯᠡ᠃ ᠲᠤᠬᠠᠶᠢᠯᠠᠪᠠᠯ᠂ ᠪᠦᠬᠡᠴᠦᠳ ᠢᠶᠠᠨ ᠵᠠᠩᠭᠢᠶᠠᠯᠠᠬᠤ ᠨᠢ ᠮᠦᠨ ᠬᠠᠮᠲᠤᠯᠢᠭ ︵ᠨᠤᠲᠤᠭ︶ ᠤᠨ ᠠᠮᠢᠨ ᠰᠦᠯᠳᠡ ᠪᠣᠯᠣᠭᠰᠠᠨ ᠪᠦᠬᠡᠴᠦᠳ ᠢᠶᠠᠨ ᠰᠢᠲᠦᠭᠡᠨᠴᠢᠯᠡᠵᠦ᠂ ᠨᠤᠲᠤᠭ ᠤᠨ ᠠᠮᠢᠨ ᠰᠦᠯᠲᠡ ᠪᠠᠨ ᠦᠷᠭᠦᠯᠵᠢᠯᠡᠭᠦᠯᠬᠦ ᠠᠮᠢᠯᠠᠭ᠎ᠠ  ᠶᠢᠨ ᠶᠣᠰᠣᠨ ᠪᠣᠯᠣᠨ᠎ᠠ᠃ ᠡᠨᠡ ᠪᠣᠯ ᠪᠥᠬᠡ ᠶᠢᠨ ᠵᠠᠩᠭᠢᠶ᠎ᠠ ᠶᠢᠨ ᠴᠥᠮ᠎ᠡ ᠤᠳᠬ᠎ᠠ ᠰᠠᠨᠠᠭ᠎ᠠ ᠶᠤᠮ᠃ ᠡᠨᠡ ᠲᠤᠬᠠᠢ ᠳᠡᠭᠡᠷ᠎ᠡ ᠲᠤᠷᠠᠳᠤᠭᠰᠠᠨ ᠱᠦᠭᠦᠷᠬᠡᠢ ᠦᠭᠦᠯᠡᠯ ᠳᠤ ᠪᠠᠨ ᠪᠦᠬᠡ ᠳᠤ ᠵᠠᠩᠭᠢᠶ᠎ᠠ ᠣᠯᠭᠤᠬᠤ ᠪᠣᠯᠣᠨ ᠵᠠᠩᠭᠢᠶ᠎ᠠ ᠶᠡᠭᠦᠯᠡᠬᠦ ᠶᠣᠰᠣᠨ ᠢ ︽ᠪᠤᠲᠠᠲᠤ ᠠᠮᠢᠯᠠᠭ᠎ᠠ︾ ᠭᠡᠵᠦ᠂ ᠪᠦᠬᠡ ᠲᠠᠷᠬᠠᠯᠠᠬᠤ ᠶᠣᠰᠣᠨ᠂ ︽ᠠᠯᠳᠠᠷ ᠴᠣᠣᠲᠤ ᠪᠦᠬᠡᠴᠦᠳ ᠢ ᠦᠬᠦᠭᠰᠡᠨ ᠤ ᠬᠢᠨᠢ ᠳᠠᠷᠠᠭ᠎ᠠ ᠴᠡᠭᠡᠵᠢᠨ ᠳᠤ ᠨᠢ ᠴᠢᠨ᠋ᠸ᠎ᠠ ᠪᠡᠯᠲᠡᠷᠭᠡᠯᠡᠳᠡᠭ︾ ᠦᠭᠦᠮᠡᠯᠵᠢ ᠵᠢᠴᠢ ︽ᠪᠦᠬᠡᠴᠦᠳ ᠤᠨ ᠬᠡᠭᠦᠷ ᠬᠤᠯᠠᠭᠠᠶᠢᠯᠠᠬᠤ︾ ᠵᠠᠩ ᠦᠢᠯᠡ ᠶᠢ ᠪᠦᠬᠡ ᠶᠢᠨ ︽ᠬᠡᠶᠢᠰᠪᠦᠷᠢ ᠠᠮᠢᠯᠠᠭ᠎ᠠ︾ ᠭᠡᠵᠠᠢ ︵ᠲᠣᠰ ᠦᠭᠦᠯᠡᠯ ᠤᠨ ᠰᠢᠨᠵᠢ ᠴᠢᠨᠠᠷ ᠠᠴᠠ ᠰᠢᠯᠲᠠᠭᠠᠯᠠᠵᠤ᠂ ᠬᠡᠶᠢᠰᠪᠦᠷᠢ ᠠᠮᠢᠯᠠᠭ᠎ᠠ ᠶᠢᠨ ᠲᠤᠬᠠᠢ ᠨᠣᠷᠱᠤᠬᠤ ᠦᠭᠡᠢ ᠲᠤᠯᠠ ᠱᠦᠭᠦᠷᠬᠡᠢ ᠥᠭᠦᠯᠡᠯ ᠢ ᠮᠠᠨᠢ ᠣᠩᠰᠢᠨ᠎ᠠ ᠦᠦ︶᠃     ᠨᠢᠭᠡ ᠯᠠ ᠦᠭᠡ ᠪᠠᠷ ᠬᠡᠯᠡᠪᠡᠯ᠂ ᠵᠠᠩᠭᠢᠶ᠎ᠠ ᠨᠢ ᠪᠦᠬᠡ ᠶᠢᠨ ᠠᠮᠵᠢᠯᠲᠠ ᠶᠢᠨ ᠦᠵᠡᠭᠦᠯᠦᠯᠲᠡ ᠭᠡᠬᠦ ᠠᠴᠠ ᠢᠯᠡᠭᠦᠦ ᠬᠠᠮᠲᠤᠯᠢᠭ ︵ᠨᠤᠲᠤᠭ︶ ᠤᠨ ᠠᠮᠢᠨ ᠰᠦᠯᠲᠡ ᠶᠢᠨ ᠪᠡᠯᠭᠡᠲᠡᠯ ᠪᠦᠭᠡᠳ ︽ᠬᠠᠮᠲᠤᠯᠢᠭ ᠤᠨ ᠠᠮᠢᠨ ᠰᠦᠯᠲᠠ ᠪᠠᠨ ᠦᠷᠭᠦᠯᠵᠢᠯᠡᠭᠦᠯᠬᠦ︾ ᠪᠤᠲᠠᠲᠤ ᠠᠮᠢᠯᠠᠭ᠎ᠠ ᠮᠦᠨ᠃      ᠭᠤᠷᠪᠠ · ᠴᠣᠯᠠ ᠪᠣᠯᠣᠨ ᠵᠠᠩᠭᠢᠶ᠎ᠠ ᠶᠢᠨ ᠲᠤᠬᠠᠢ ᠴᠢᠬᠤᠯᠠ ᠰᠤᠷᠪᠤᠯᠵᠢ     ᠳᠡᠭᠡᠷ᠎ᠡ ᠥᠭᠦᠯᠡᠭᠰᠡᠨ ᠮᠡᠲᠦ᠂ ᠮᠣᠩᠭᠤᠯᠴᠣᠳ ᠡᠷᠲᠡ ᠳᠡᠭᠡᠷ᠎ᠡ ᠦᠶ᠎ᠡ ᠠᠴᠠ ᠪᠠᠭᠠᠲᠤᠷ ᠬᠦᠴᠦᠲᠡᠳ ᠢᠶᠠᠨ ᠠᠷᠢᠶᠠᠲᠠᠨ ᠵᠢᠭᠦᠷᠲᠡᠨ ᠢᠶᠠᠷ ᠴᠣᠯᠠᠯᠠᠭᠰᠠᠭᠠᠷ ᠢᠷᠡᠭᠰᠡᠨ ᠲᠡᠦᠬᠡᠨ ᠪᠠᠷᠢᠮᠲᠠ ᠨᠤᠭᠤᠳ ᠢ ᠲᠠᠨᠢᠯᠴᠠᠭᠤᠯᠵᠤ᠂ ᠵᠠᠷᠢᠮ ᠲᠤᠬᠢᠶᠠᠯᠳᠤᠯ ᠳᠤ ᠠᠷᠢᠶᠠᠲᠠᠨ ᠵᠢᠭᠦᠷᠲᠡᠨ ᠤ ᠴᠣᠯᠠ ᠪᠣᠯᠣᠨ ᠵᠠᠩᠭᠢᠶ᠎ᠠ ᠶᠢᠨ ᠭᠠᠷᠪᠠᠯᠢ ᠪᠣᠯᠪᠠ ᠦᠦ ᠬᠡᠮᠡᠷ ᠥᠩᠭᠡ ᠪᠦᠷᠢ ᠶᠢᠨ ᠬᠠᠳᠠᠭ ᠢᠶᠠᠷ ᠴᠣᠯᠠ ᠶᠢ ᠪᠡᠯᠭᠡᠲᠡᠭᠰᠡᠨ ᠲᠡᠮᠳᠡᠭᠯᠡᠯ ᠪᠠᠶᠢᠭᠰᠠᠨ ᠲᠤᠬᠠᠢ ᠳᠤᠷᠠᠳᠪᠠ᠃ ᠭᠡᠪᠡᠴᠦ ᠵᠠᠩᠭᠢᠶ᠎ᠠ ᠪᠠᠷ ᠴᠣᠯᠠᠯᠠᠵᠤ ᠪᠠᠶᠢᠭᠰᠠᠨ ᠲᠡᠦᠬᠡᠨ ᠪᠠᠷᠢᠮᠲᠠ ᠤᠭᠲᠤ ᠬᠠᠷᠠᠭᠳᠠᠬᠤ ᠦᠭᠡᠢ ᠪᠠᠶᠢᠭ᠎ᠠ ᠪᠠ ᠪᠦᠬᠡᠴᠦᠳ ᠬᠡᠵᠢᠶᠡᠨ ᠠᠴᠠ ᠵᠠᠩᠭᠢᠶ᠎ᠠ ᠵᠡᠭᠦᠵᠦ ᠪᠠᠷᠢᠯᠳᠤᠳᠠᠭ ᠪᠣᠯᠣᠭᠰᠠᠨ ᠲᠤᠬᠠᠢ ᠲᠡᠦᠬᠡᠨ ᠲᠡᠮᠲᠡᠭᠯᠡᠯ ᠣᠯᠳᠠᠭ᠎ᠠ ᠦᠭᠡᠢ ᠪᠠᠶᠢᠨ᠎ᠠ ᠃ ᠬᠠᠷᠢᠨ ᠵᠠᠩᠭᠢᠶ᠎ᠠ ᠶᠢ ᠤᠯᠠᠮᠵᠢᠯᠠᠯᠲᠤ ᠮᠠᠯ ᠰᠡᠲᠡᠷᠯᠡᠬᠦ ᠵᠠᠩ ᠦᠢᠯᠡ ᠲᠠᠢ ᠬᠤᠯᠪᠤᠭᠳᠠᠭᠤᠯᠵᠤ᠂ ᠲᠤᠬᠠᠢ ᠶᠢᠨ ᠨᠣᠳᠤᠭ ᠤᠨ ᠣᠪᠣᠭᠠᠨ ᠤ ᠲᠠᠬᠢᠯᠭ᠎ᠠ ᠪᠠᠷ ᠣᠯᠭᠤᠵᠤ ᠪᠠᠶᠢᠭᠰᠠᠨ ᠪᠣᠯᠪᠠ ᠦᠦ ᠭᠡᠬᠦ ᠰᠦᠪᠡᠭᠴᠢ ᠭᠠᠷᠭᠠᠪᠠ᠃     ᠬᠠᠮᠤᠭ ᠤᠨ ᠰᠡᠭᠦᠯ ᠳᠤ ᠴᠣᠯᠠ ᠪᠣᠯᠣᠨ ᠵᠠᠩᠭᠢᠶ᠎ᠠ ᠶᠢᠨ ᠢᠯᠭᠠᠭ᠎ᠠ ᠶᠢ ᠬᠠᠷᠠᠭᠠᠤᠯᠤᠭᠰᠠᠨ ᠨᠢᠭᠡᠨ ᠲᠡᠦᠬᠡᠲᠦ ᠲᠡᠮᠳᠡᠭᠯᠡᠯ ᠲᠠᠨᠢᠯᠴᠠᠭᠤᠯᠤᠶ᠎ᠠ᠃     ᠣᠷᠣᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠰᠢᠪᠧᠷᠢᠶ᠎ᠠ ᠶᠢᠨ ᠰᠠᠯᠪᠤᠷᠢ ᠶᠢᠨ ᠮᠣᠩᠭᠤᠯ ᠪᠤᠳ᠋ᠳ᠋ᠾᠠ᠂ ᠲᠥᠪᠡᠳ ᠰᠤᠳᠤᠯᠤᠯ ᠤᠨ ᠬᠦᠷᠢᠶᠡᠯᠡᠩ ᠤᠨ ᠠᠵᠢᠯᠲᠠᠨ᠂ ᠲᠡᠦᠬᠡ ᠶᠢᠨ ᠤᠬᠠᠭᠠᠨ ᠤ ᠳ᠋ᠣᠺᠲ᠋ᠣᠷ᠂ ᠫᠷᠤᠹᠧᠰᠰᠤᠷ᠂ ᠪᠤᠷᠢᠶᠠᠳ ᠤᠨ ᠲᠡᠦᠬᠡᠴᠢ ᠵᠣᠷᠢᠭᠲᠤᠶ᠋ᠸᠧ 1983 ᠣᠨ ᠳᠤ ᠪᠢᠴᠢᠵᠦ᠂ 2015 ᠣᠨ ᠳᠤ ᠶᠠ᠊ · ᠪᠢᠮᠪᠠ ᠶᠢᠨ ᠤᠯᠠᠭᠠᠨᠪᠠᠭᠠᠲᠤᠷ ᠲᠤ ᠬᠡᠪᠯᠡᠭᠦᠯᠦᠭᠰᠡᠨ ︽ᠲᠡᠦᠬᠡᠨ ᠡᠬᠡ ᠰᠤᠷᠪᠤᠯᠵᠢ ᠳᠤ ᠬᠢ ᠮᠣᠩᠭᠤᠯ ᠪᠥᠬᠡ ᠶᠢᠨ ᠲᠤᠬᠠᠢ ᠪᠠᠷᠢᠮᠲᠠ ᠳᠡᠮᠳᠡᠭᠯᠡᠯ︾ ᠳᠤ ᠣᠷᠤᠭᠰᠠᠨ ︽ᠠᠬᠠᠷ ᠤᠨ ᠲᠠᠶᠠᠩ ᠠᠪᠤᠷᠭᠤ︾ ᠭᠡᠬᠦ ᠵᠤᠬᠢᠶᠠᠯ᠂ ᠤᠯᠳᠤᠢ ᠮᠢᠨᠥ ᠪᠢᠴᠢᠬᠦ ᠭᠡᠰᠡᠨ ᠦᠭᠦᠯᠡᠯ ᠤᠨ ᠬᠠᠮᠤᠭ ᠤᠨ ᠬᠦᠴᠦᠲᠠᠢ ᠳ᠋ᠦᠡᠭᠨᠡᠯᠳᠡ ᠪᠣᠯᠵᠠᠢ᠃     ᠠᠬᠠᠷ ᠭᠡᠳᠡᠭ ᠨᠢ ᠪᠤᠷᠢᠶᠠᠳ ᠤᠯᠤᠰ ᠤᠨ ᠰᠡᠯᠡᠩᠭᠡ ᠮᠤᠵᠢ ᠶᠢᠨ ᠭᠠᠯᠠᠭᠤᠲᠤ ᠨᠠᠭᠤᠷ ᠤᠨ ᠬᠤᠶᠢᠲᠤ ᠡᠷᠭᠢ ᠳᠡᠭᠡᠷ᠎ᠡ ᠪᠠᠶᠢᠳᠠᠭ ᠨᠤᠲᠤᠭ ᠤᠨ ᠨᠡᠷ᠎ᠡ᠃ ᠠᠳᠡ ᠬᠤᠷᠢᠳᠤᠭᠠᠷ ᠵᠠᠭᠤᠨ ᠤ ᠭᠤᠴᠢᠭᠠᠳ ᠣᠨ ᠬᠦᠷᠲᠡᠯ᠎ᠡ ᠬᠤᠬᠢᠳ ︵ᠮᠣᠩᠭᠤᠯ ᠢᠶᠠᠷ ᠬᠥᠬᠡᠳ︶ ᠬᠡᠮᠡᠬᠦ ᠵᠢᠵᠢᠭᠬᠡᠨ ᠣᠪᠣᠭ ᠤᠨ ᠬᠢᠨ ᠠᠮᠢᠲᠤᠷᠠᠵᠤ ᠪᠠᠶᠢᠵᠠᠢ᠃ ᠡᠳ᠋ᠨ ᠨᠠᠷ ᠤᠨ ᠲᠤᠮᠳᠠ ︽ᠳᠠᠶᠠᠩ ᠠᠪᠤᠷᠭᠤ︾ ᠭᠡᠰᠡᠨ ᠲᠣᠮᠣᠭᠲᠤ ᠪᠦᠬᠡ ᠪᠠᠶᠢᠵᠠᠢ᠃ ᠠᠷᠪᠠᠨ ᠳᠤᠯᠣᠳᠤᠭᠠᠷ ᠵᠠᠭᠤᠨ ᠤ ᠲᠡᠭᠦᠰᠭᠡᠯ ᠠᠷᠪᠠᠨ ᠨᠠᠢᠮᠠᠳᠤᠭᠠᠷ ᠵᠠᠭᠤᠨ ᠤ ᠡᠬᠢᠨ ᠤ ᠬᠠᠭᠠᠰ ᠲᠤ ᠠᠮᠢᠲᠤᠷᠠᠵᠤ ᠪᠠᠶᠢᠭᠰᠠᠨ ᠪᠣᠯᠣᠯᠲᠠᠢ᠃     ︽ᠳᠠᠶᠠᠩ ᠠᠪᠤᠷᠭᠤ︾ ᠴᠣᠯᠠ ᠶᠢ ᠬᠠᠯᠬ᠎ᠠ ᠶᠢᠨ ᠥᠨᠳᠥᠷ ᠭᠡᠭᠡᠨ ᠵᠢᠪᠽᠤᠨᠳᠠᠮᠪᠠ ᠬᠤᠲᠤᠭᠲᠤ ᠰᠣᠶᠤᠷᠬᠠᠭᠰᠠᠨ ᠪᠣᠯᠬᠤᠷ ᠨᠤᠲᠤᠭ ᠤᠨ ᠬᠢᠨ ᠴᠣᠯᠠ ᠪᠠᠷ ᠨᠢ ᠬᠦᠨᠳᠦᠳᠭᠡᠨ ᠲᠠᠭᠤᠳᠠᠭᠰᠠᠭᠠᠷ ᠪᠠᠶᠢᠭᠠᠳ ᠵᠢᠩᠬᠢᠨᠢ ᠨᠡᠷ᠎ᠡ ᠨᠢ ᠮᠠᠷᠲᠠᠭᠳᠠᠵᠠᠢ᠃ ᠡᠴᠢᠭᠡ ᠨᠢ ᠮᠠᠭᠤᠬᠠᠢ ᠭᠡᠳᠡᠭ ᠨᠡᠷ᠎ᠡ ᠲᠠᠢ ᠭᠡᠨ᠎ᠡ᠃ ᠮᠠᠭᠤᠬᠠᠢ ᠶᠢᠨ ᠬᠦᠦ ᠨᠢ ᠶᠡᠭᠡ ᠪᠡᠶ᠎ᠡ  ᠲᠠᠢ᠂ ᠤᠷ᠎ᠠ ᠪᠢᠷ᠎ᠠ ᠲᠠᠢ ᠲᠤᠯᠠ ᠥᠨᠳᠥᠷ ᠭᠡᠭᠡᠨ ᠤ ᠤᠷᠢᠯᠭ᠎ᠠ ᠪᠠᠷ ᠳᠠᠩᠱᠢᠭ ᠨᠠᠭᠠᠳᠤᠮ ᠳᠤ ᠵᠣᠳᠤᠭᠯᠠᠵᠤ᠂ ᠥᠨᠳᠥᠷ ᠭᠡᠭᠡᠨ ᠤ ᠵᠤᠤᠭᠤᠢ ᠭᠡᠳᠡᠭ ᠠᠪᠤᠷᠭᠤ ᠲᠠᠢ ᠦᠵᠦᠭᠦᠷ ᠲᠡᠷᠢᠭᠦᠨ ᠳᠤ ᠦᠯᠡᠳᠡᠨ ᠪᠠᠷᠢᠯᠳᠤᠭᠠᠳ ᠳᠠᠪᠠᠵᠠᠢ᠃ ︽ᠡᠶᠢᠨᠬᠦ ᠮᠠᠭᠤᠬᠠᠢ ᠶᠢᠨ ᠬᠦᠦ ᠠᠪᠤᠷᠭᠤ ᠴᠣᠯᠠᠲᠠᠢ ᠪᠦᠬᠡ ᠶᠢ ᠢᠯᠠᠭᠰᠠᠨ ᠲᠤᠯᠠ ᠥᠨᠳᠥᠷ ᠭᠡᠭᠡᠨ ᠲᠡᠭᠦᠨ ᠳᠤ ᠮᠣᠩᠭᠤᠯ ᠪᠥᠬᠡ ᠶᠢᠨ ᠬᠠᠮᠤᠭ ᠤᠨ ᠥᠨᠳᠥᠷ ᠴᠣᠯᠠ ᠪᠣᠯᠬᠤ ᠲᠠᠶᠠᠩ ᠠᠪᠤᠷᠭᠤ ︵ᠪᠦᠬᠦ ᠮᠣᠩᠭᠤᠯ ᠳᠠᠶᠠᠭᠠᠷ ᠤᠨ ᠠᠪᠤᠷᠭᠤ᠃ ᠲᠡᠷᠡ ᠦᠶ᠎ᠡ ᠳᠤ ᠪᠠᠨ ᠬᠠᠮᠤᠭ ᠤᠨ ᠥᠨᠲᠥᠷ ᠴᠣᠯᠠ ᠪᠠᠶᠢᠵᠠᠢ — ᠡᠰᠢᠯᠡᠭᠴᠢ︶ ᠴᠣᠯᠠ ᠥᠭᠴᠡᠢ᠃ ᠥᠨᠳᠥᠷ ᠭᠡᠭᠡᠨ ᠲᠡᠭᠦᠨ ᠳᠤ ᠭᠤᠣᠯ ᠬᠡᠰᠡᠭ ᠢᠶᠠᠷ ᠨᠢ ᠵᠠᠩᠭᠢᠳᠤᠭᠰᠠᠨ ᠤᠷᠲᠤ ᠲᠣᠷᠭᠠᠨ ᠵᠠᠩᠭᠢᠶ᠎ᠠ ᠥᠭᠴᠦ᠂ ᠡᠭᠦᠨ ᠢ ᠵᠡᠭᠦᠵᠦ ᠶᠠᠪᠤᠭ᠎ᠠ ᠬᠦᠮᠦᠨ ᠢ ᠶᠠᠮᠠᠷ ᠴᠦ ᠠᠷᠢᠶᠠᠲᠠᠨ᠂ ᠶᠠᠮᠠᠷ ᠴᠦ ᠳᠠᠶᠢᠰᠤᠨ ᠳᠡᠶᠢᠯᠬᠦ ᠦᠭᠡᠢ ︵ᠠᠷᠢᠶᠠᠳᠠᠨ  ᠳᠤ ᠠᠯᠠᠭᠳᠠᠬᠤ ᠦᠭᠡᠢ᠂ ᠳᠠᠶᠢᠰᠤᠨ ᠳᠤ ᠳᠠᠷᠤᠭᠳᠠᠬᠤ ᠦᠭᠡᠢ︶︾ ᠭᠡᠵᠡᠢ᠃ ᠮᠥᠨ ᠲᠡᠮᠦᠷ ᠭᠠᠷᠠᠬᠠᠨ ᠬᠤᠶᠠᠭ᠂ ᠣᠯᠠᠨ ᠲᠣᠭᠠᠨ ᠤ ᠲᠠᠪᠤᠨ ᠬᠤᠰᠢᠭᠤ ᠮᠠᠯ᠂ ᠲᠣᠷᠭ᠎ᠠ ᠲᠠᠪᠤᠤ ᠪᠡᠯᠡᠭᠯᠡᠵᠡᠢ᠃       ᠳᠠᠶᠠᠩ ᠠᠪᠤᠷᠭᠤ ᠶᠢ ᠨᠠᠰᠤ ᠪᠠᠷᠠᠭᠰᠠᠨ ᠠᠴᠠ ᠬᠤᠶᠢᠰᠢ᠂ ᠲᠡᠷᠡᠬᠦ ᠵᠠᠩᠭᠢᠶ᠎ᠠ ᠨᠢ ︽ᠬᠥᠬᠡᠳ ᠨᠦᠭᠦᠳ ᠤᠨ ᠰᠢᠳᠦᠭᠡᠨ ᠪᠣᠯᠵᠤ᠂ ᠪᠤᠷᠬᠠᠨ ᠲᠠᠬᠢᠯ ᠳᠤ ᠨᠢ ᠰᠠᠶᠢᠲᠤᠷ ᠬᠠᠳᠠᠭᠠᠯᠠᠭᠳᠠᠨ︾ ᠦᠶ᠎ᠡ ᠳᠠᠮᠵᠢᠨ ᠤᠯᠠᠮᠵᠢᠯᠠᠭᠳᠠᠵᠠᠢ᠃ ︽ᠡᠨᠡ ᠵᠠᠩᠭᠢᠶ᠎ᠠ ᠶᠢ ᠭᠠᠶᠢᠬᠠᠮᠰᠢᠭᠲᠠᠢ ᠶᠡᠭᠡ ᠬᠦᠴᠦᠲᠠᠢ ᠭᠡᠵᠦ ᠦᠵᠡᠳᠡᠭ᠃ ᠠᠯᠢᠪᠠ ᠭᠠᠢ ᠵᠤᠪᠠᠯᠠᠩ ᠠᠴᠠ ᠥᠪᠡᠷ ᠢ  ᠪᠠᠨ ᠪᠦᠷᠢᠨ ᠲᠦᠭᠦᠷᠡᠩ ᠬᠠᠮᠠᠭᠠᠯᠠᠬᠤ ᠶᠢᠨ ᠲᠤᠯᠠᠳᠠ ᠵᠠᠩᠭᠢᠶᠠᠨ ᠤ ᠬᠤᠶᠠᠷ ᠦᠵᠦᠭᠦᠷ ᠤᠨ ᠴᠠᠴᠤᠭ ᠤᠳ ᠠᠴᠠ ᠬᠡᠰᠡᠭᠯᠡᠨ ᠲᠠᠰᠤᠯᠵᠤ ᠠᠪᠤᠭᠠᠳ᠂ ᠪᠡᠶ᠎ᠡ ᠳᠤ ᠪᠠᠨ ᠠᠪᠴᠤ ᠶᠠᠪᠤᠬᠤ ᠳᠤ ᠯᠠ ᠬᠠᠩᠭᠠᠯᠲᠠᠲᠠᠢ᠃︾     ᠡᠨᠡᠬᠦ ᠲᠡᠦᠬᠡᠲᠦ ᠶᠠᠪᠤᠳᠠᠯ ᠠᠴᠠ ᠥᠨᠳᠥᠷ ᠭᠡᠭᠡᠨ ᠨᠢ ᠠᠪᠤᠷᠭᠤ ᠶᠢ ᠬᠠᠶᠠᠭᠰᠠᠨ ᠪᠦᠬᠡ ᠳᠤ ᠲᠠᠶᠠᠩ ᠠᠪᠤᠷᠭᠤ ᠴᠣᠯᠠ ᠣᠯᠭᠤᠵᠤ᠂ ᠪᠠᠰᠠ ᠭᠤᠣᠯ ᠬᠡᠰᠡᠭ ᠢᠶᠠᠷ ᠨᠢ ᠵᠠᠩᠭᠢᠶ᠎ᠠ ᠬᠦᠷᠲᠡᠭᠡᠵᠦ᠂ ᠠᠯᠢᠪᠠ ᠠᠶᠤᠯ ᠠᠴᠠ ᠵᠠᠶᠢᠯᠠᠭᠤᠯᠬᠤ ᠰᠠᠬᠢᠶ᠎ᠠ ᠪᠣᠯᠭᠠᠵᠠᠢ᠃ ᠤᠭ ᠵᠣᠬᠢᠶᠠᠯ ᠳᠤ ᠲᠡᠷᠡᠬᠦ ᠰᠢᠲᠦᠭᠡᠨ ᠪᠣᠯᠣᠭᠰᠠᠨ ᠵᠠᠩᠭᠢᠶ᠎ᠠ ᠶᠢ ᠹᠣᠲ᠋ᠤ᠋ ᠵᠢᠷᠤᠭ ᠲᠠᠢ ᠨᠢ ᠲᠠᠨᠢᠯᠴᠠᠭᠤᠯᠤᠭᠰᠠᠨ ᠨᠢ ᠨᠡᠩ ᠴᠦ ᠦᠨᠡᠲᠡᠢ ᠵᠣᠬᠢᠶᠠᠯ ᠪᠤᠯᠵᠠᠢ᠃ ᠤᠭ ᠵᠠᠩᠭᠢᠶ᠎ᠠ ᠶᠢᠨ ᠤᠷᠲᠤ ᠨᠢ 165 ᠰᠡᠨᠲ᠋ᠢᠮᠧᠲᠷ᠂ ᠥᠷᠭᠡᠨ ᠨᠢ 63 ᠰᠡᠨᠲ᠋ᠢᠮᠧᠲᠷ᠃ ᠦᠨᠡᠨᠳᠡᠭᠡᠨ ᠵᠠᠩᠭᠢᠶ᠎ᠠ ᠨᠢ ᠭᠤᠣᠯ ᠢᠶᠠᠷ ᠨᠢ ᠵᠠᠩᠭᠢᠳᠤᠭᠰᠠᠨ ᠠᠯᠲᠠ ᠤᠷᠲᠤ ᠬᠠᠳᠠᠭ ᠪᠠᠶᠢᠪᠠ ︵ᠵᠢᠷᠤᠭ ᠢ ᠬᠠᠪᠰᠤᠷᠭᠠᠪᠠ︶᠃ ᠲᠡᠷᠡ ᠦᠶ᠎ᠡ ᠳᠤ ᠡᠶᠢᠮᠦ ᠤᠷᠲᠤ ᠬᠠᠳᠠᠭ ᠠᠯᠲᠠ ᠠᠴᠠ ᠬᠤᠪᠤᠷ ᠪᠠᠶᠢᠭᠰᠠᠨ ᠲᠣᠯᠠ ᠥᠨᠳᠥᠷ ᠭᠡᠭᠡᠨ ᠠᠴᠠ ᠷᠠᠪᠨᠠᠶᠢᠯᠠᠬᠤ ᠳᠤ ᠪᠠᠨ ᠭᠤᠣᠯ ᠢᠶᠠᠷ ᠨᠢ ᠵᠠᠩᠭᠢᠳᠤᠭᠠᠳ ᠵᠠᠩᠭᠢᠶ᠎ᠠ ᠭᠡᠵᠦ ᠨᠡᠷᠡᠯᠡᠭᠰᠡᠨ ᠪᠣᠯᠣᠯᠲᠠᠢ᠃     ᠡᠨᠡᠬᠦ ᠲᠡᠦᠬᠡᠨ ᠦᠨᠡᠨ ᠠᠴᠠ ᠪᠢᠳᠡ ᠭᠤᠷᠪᠠᠨ ᠵᠦᠢᠯ ᠢ ᠤᠶᠢᠯᠠᠭᠠᠵᠤ ᠪᠣᠯᠣᠨ᠎ᠠ᠃     ᠨᠢᠭᠡᠲᠦᠭᠡᠷ ᠲᠤ᠂ ᠥᠨᠳᠥᠷ ᠭᠡᠭᠡᠨ ᠠᠴᠠ ᠪᠥᠬᠡ ᠶᠢᠨ ᠴᠣᠯᠠ ᠪᠣᠯᠣᠨ ᠵᠠᠩᠭᠢᠶ᠎ᠠ ᠶᠢ ᠢᠯᠭᠠᠨ ᠣᠯᠭᠤᠵᠤ ᠪᠠᠶᠢᠭᠰᠠᠨ ᠶᠠᠪᠤᠳᠠᠯ᠃     ᠬᠤᠶᠠᠳᠤᠭᠠᠷ ᠲᠤ᠂ ᠳᠠᠶᠠᠩ ᠠᠪᠤᠷᠭᠤ ᠴᠣᠯᠠ ᠨᠢ ᠠᠯᠳᠠᠷᠰᠢᠵᠤ᠂ ᠵᠢᠩᠬᠢᠨᠢ ᠨᠡᠷ᠎ᠡ ᠨᠢ ᠮᠠᠷᠲᠠᠭᠳᠠᠭᠰᠠᠨ ᠶᠠᠪᠤᠳᠠᠯ᠃     ᠭᠤᠷᠪᠠᠳᠤᠭᠠᠷ ᠲᠤ᠂ ᠥᠨᠳᠥᠷ ᠭᠡᠭᠡᠨ ᠤ ᠬᠦᠷᠲᠡᠭᠡᠭᠰᠡᠨ ᠵᠠᠩᠭᠢᠶ᠎ᠠ ᠨᠢ ᠭᠤᠣᠯ ᠢᠶᠠᠷ ᠨᠢ ᠵᠠᠩᠭᠢᠳᠤᠭᠰᠠᠨ ᠤᠷᠲᠤ ᠬᠠᠳᠠᠭ ᠪᠦᠭᠡᠳ ᠳᠠᠶᠠᠩ ᠠᠪᠤᠷᠭᠤ ᠶᠢᠨ ᠨᠠᠰᠤ ᠪᠠᠷᠠᠭᠰᠠᠨ ᠤ ᠳᠠᠷᠠᠭ᠎ᠠ ︽ᠪᠤᠷᠬᠠᠨ ᠲᠠᠬᠢᠯ ᠳᠤ ᠰᠠᠶᠢᠲᠤᠷ ᠬᠠᠳᠠᠭᠠᠯᠠᠭᠳᠠᠨ︾ ᠰᠢᠲᠦᠭᠡᠨ ᠪᠣᠯᠣᠭᠰᠠᠨ ᠶᠠᠪᠤᠳᠠᠯ᠃     ᠲᠡᠭᠡᠷᠡᠬᠢ ᠪᠠᠶᠢᠳᠠᠯ ᠠᠴᠠ ᠦᠨᠲᠦᠰᠦᠯᠡᠪᠡᠯ᠂ ᠥᠪᠥᠷ ᠮᠣᠩᠭᠤᠯ ᠤᠨ ᠵᠠᠩᠭᠢᠶᠠᠲᠤ ᠪᠦᠬᠡ ᠶᠢᠨ ᠵᠠᠩᠭᠢᠶ᠎ᠠ ᠨᠢ ᠤᠯᠠᠮᠵᠢᠯᠠᠯᠲᠤ ᠰᠣᠶᠣᠯ ᠤᠨ ᠤᠯᠠᠮᠵᠢᠯᠠᠯ ᠤᠨ ᠬᠦᠷᠦᠰᠦᠨ ᠳᠤ ᠰᠠᠭᠤᠷᠢᠯᠠᠨ᠂ ᠣᠪᠣᠭᠠᠨ ᠤ ᠲᠠᠬᠢᠯᠭ᠎ᠠ ᠶᠢᠨ ᠪᠦᠬᠡ ᠶᠢᠨ ᠪᠠᠷᠢᠯᠳᠤᠭᠠᠨ ᠢᠶᠠᠷ ᠣᠯᠭᠤᠳᠠᠭ ᠪᠠᠶᠢᠭᠰᠠᠨ ᠪᠣᠯᠪᠠᠴᠣ ᠥᠪᠥᠷ ᠮᠣᠩᠭᠤᠯ ᠳᠤ ᠵᠠᠩᠭᠢᠶ᠎ᠠ ᠬᠤᠲᠤᠭᠲᠤ ᠱᠠᠰᠢᠨ ᠢ ᠤᠲᠦᠷᠢᠳᠤᠨ ᠲᠡᠯᠭᠡᠷᠡᠭᠦᠯᠵᠦ ᠪᠠᠶᠢᠬᠤ ᠦᠶ᠎ᠡ ᠠᠴᠠ ᠪᠦᠬᠡᠴᠣᠳ ᠲᠤ ᠷᠠᠪᠨᠠᠶᠢᠯᠠᠨ ᠣᠯᠭᠤᠭᠰᠠᠨ ᠠᠴᠠ ᠰᠢᠯᠢ ᠶᠢᠨ ᠭᠤᠣᠯ ᠵᠡᠷᠭᠡ ᠭᠠᠵᠠᠷ ᠪᠦᠬᠡ ᠶᠢᠨ ᠵᠠᠩᠭᠢᠶ᠎ᠠ ᠨᠢ ᠶᠡᠬᠡᠳᠡ ᠲᠡᠯᠭᠡᠷᠡᠨ ᠲᠤᠭᠲᠠᠭᠰᠠᠨ ᠪᠣᠯᠣᠯᠲᠠᠢ ᠭᠡᠰᠡᠨ ᠨᠢᠭᠡᠨ ᠦᠨᠡᠨ ᠲᠠᠭᠠᠮᠠᠭᠯᠠᠯ ᠢ ᠪᠢᠳᠡᠨ ᠳᠤ ᠤᠯᠭᠤᠵᠤ ᠪᠠᠶᠢᠨ᠎ᠠ᠃ ᠡᠨᠡ ᠲᠤᠬᠠᠢ ᠴᠠᠭᠠᠰᠢᠳᠠ ᠨᠡᠩ ᠭᠦᠨᠵᠡᠭᠡᠢ ᠨᠢᠬᠲᠠᠯᠠᠨ ᠰᠤᠲᠤᠯᠬᠤ ᠱᠠᠭᠠᠷᠳᠠᠯᠭ᠎ᠠ ᠲᠠᠢ ᠪᠠᠶᠢᠨ᠎ᠠ᠃
 
ᠢᠷᠡᠯᠲᠡ᠄ ᠲᠥᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号