ᠨᠢᠬᠡᠨ ᠦᠶ᠎ᠡ ᠶᠢᠨ ᠠᠯᠲᠠᠷᠲᠤ ᠪᠦᠬᠡ ᠬᠤᠪᠢᠰᠬᠠᠯᠲᠦ 1957 ᠣᠨ ᠳᠤ ᠡᠷᠭᠦᠳᠡᠭ ᠣᠪᠣᠭᠲᠤ ᠪᠠᠳᠮᠠᠰᠦ᠋ᠷᠦᠩ | ᠪᠤᠯᠤᠨ ᠳᠡᠯᠭᠡᠷᠮ᠎ᠠ ᠶᠢᠨ ᠳᠥᠷᠪᠡᠳᠦᠭᠡᠷ ᠬᠡᠤᠬᠡᠳ ᠨᠢ ᠪᠣᠯᠵᠤ ᠵᠡᠬᠦᠨ ᠦᠵᠦᠮᠦᠴᠢᠨ ᠬᠤᠰᠢᠭᠤᠨ ᠤ ᠭᠠᠬᠢᠯ ᠰᠣᠮᠣᠨ ᠤ | ᠡᠷᠢᠶᠡᠨᠭᠤᠪᠢ ᠭᠠᠴᠠᠭᠠᠨ ᠳᠤ ᠲᠥᠷᠥᠪᠡ᠃ | ᠬᠦᠷᠦᠨ ᠤ ᠠᠪᠤᠷᠭᠤ ᠠᠨᠵᠤᠤ ᠠᠴᠠ ᠠᠪᠤᠭᠠᠳ ᠰᠠᠶᠢᠨ ᠪᠥᠬᠡ ᠲᠠᠰᠤᠷᠠᠭᠠᠳᠤᠢ ᠡᠨᠡ ᠨᠤᠲᠤᠭ ᠲᠤ ᠨᠢᠭᠡ | ᠦᠶ᠎ᠡ ᠨᠤᠲᠤᠭ ᠣᠷᠣᠨ ᠤ ᠪᠠᠨ ᠠᠯᠳᠠᠷ ᠢ ᠡᠷᠭᠦᠵᠦ ᠪᠠᠷᠢᠯᠲᠤᠭᠰᠠᠨ ᠰᠠᠶᠢᠨ ᠪᠦᠬᠡ ᠪᠤᠯ ᠬᠤᠪᠢᠰᠬᠠᠯᠲᠦ ᠪᠢᠯᠡ᠃ | 1973 ᠣᠨ ᠳᠤ ᠵᠡᠬᠦᠨ ᠦᠵᠤᠮᠤᠴᠢᠨ ᠬᠤᠰᠢᠭᠤᠨ ᠤ ᠤᠤᠯ ᠤᠨ ᠤᠯᠠᠭᠠᠢ ᠭᠦᠩᠱᠧ ᠶᠢᠨ 256 | ᠪᠥᠬᠡ ᠲᠠᠢ ᠨᠠᠶᠢᠷ ᠲᠤ ᠠᠩᠬ᠎ᠠ ᠠᠷᠪᠠᠨ ᠲᠤᠯᠤᠭᠠᠨ ᠨᠠᠰᠤᠲᠠᠢ ᠵᠣᠳᠣᠭᠯᠠᠨ ᠪᠠᠷᠢᠯᠳᠤᠵᠤ 32 ᠲᠤ ᠲᠡᠪᠢᠵᠤ᠂ ᠪᠦᠬᠡ | ᠪᠠᠷᠢᠯᠲᠤᠬᠤ ᠠᠩᠬᠠᠨ ᠤ ᠭᠠᠷᠤᠭ᠎ᠠ ᠪᠠᠨ ᠡᠬᠢᠯᠡᠵᠤ ᠪᠢᠯᠡ᠃ ᠳᠠᠷᠠᠭ᠎ᠠ ᠵᠢᠯ ᠨᠢ ᠵᠡᠬᠦᠨ ᠦᠵᠤᠮᠤᠴᠢᠨ ᠬᠤᠰᠢᠭᠤᠨ ᠤ | ᠮᠠᠨᠳᠤᠬᠤᠪᠤᠯᠠᠭ ᠲᠠᠯᠠᠪᠠᠢ ᠶᠢᠨ 256 ᠪᠥᠬᠡ ᠲᠠᠢ ᠨᠠᠶᠢᠷ ᠲᠤ ᠮᠥᠨ 32 ᠲᠤ ᠲᠡᠪᠢᠵᠤ᠂ 1976 ᠣᠨ ᠳᠤ ᠵᠡᠬᠦᠨ | ᠦᠵᠤᠮᠤᠴᠢᠨ ᠬᠤᠰᠢᠭᠤᠨ ᠤ ᠡᠷᠢᠶᠡᠨᠭᠤᠪᠢ ᠭᠦᠩᠱᠧ ᠶᠢᠨ ᠡᠷᠦᠬᠡ ᠶᠢᠨ ᠴᠡᠷᠢᠭ ᠤᠨ ᠨᠠᠶᠢᠷ ᠤᠨ 64 ᠪᠥᠬᠡ ᠶᠢᠨ | ᠪᠠᠷᠢᠯᠲᠤᠭᠠᠨ ᠳᠤ ᠠᠯᠲᠠᠷᠲᠤ ᠪᠦᠬᠡ ᠭᠦᠷᠵᠠᠪ ᠢ ᠬᠠᠶᠠᠨ ᠠᠩᠬ᠎ᠠ ᠤᠳᠠᠭ᠎ᠠ ᠲᠡᠷᠢᠬᠦᠯᠡᠭᠰᠡᠨ ᠪᠢᠯᠡ᠃ | ᠠᠩᠬ᠎ᠠ ᠲᠡᠷᠢᠬᠦᠯᠡᠭᠰᠡᠨ ᠠᠴᠠ ᠬᠤᠶᠢᠰᠢ ᠬᠤᠪᠢᠰᠬᠠᠯᠲᠦ ᠤᠯᠠᠨ ᠰᠠᠶᠢᠬᠠᠨ ᠨᠠᠶᠢᠷ ᠨᠠᠭᠠᠲᠤᠮ ᠢᠶᠠᠷ ᠤᠲᠤᠲᠠᠢ | ᠪᠠᠷᠢᠯᠲᠤᠨ ᠠᠷᠠᠳ ᠤᠯᠠᠨ ᠢᠶᠠᠨ ᠪᠠᠶᠠᠰᠬᠠᠵᠤ ᠪᠢᠯᠡ᠃ 1977 ᠣᠨ ᠳᠤ ᠵᠡᠬᠦᠨ ᠦᠵᠤᠮᠤᠴᠢᠨ ᠬᠤᠰᠢᠭᠤᠨ ᠤ | ᠤᠤᠯ ᠤᠨ ᠳᠤᠮᠳᠠᠭᠤᠪᠢ ᠭᠦᠩᠱᠧ ᠶᠢᠨ 256 ᠪᠥᠬᠡ ᠲᠠᠢ ᠨᠠᠶᠢᠷ ᠲᠤ ᠠᠯᠲᠠᠷᠲᠤ ᠪᠦᠬᠡ ᠠ᠊ · ᠵᠢᠷᠭᠠᠯ᠂ | ᠠᠯᠤᠬ᠎ᠠ ᠶᠢ ᠬᠠᠶᠠᠨ ᠲᠡᠷᠢᠭᠦᠯᠡᠪᠡ᠃ 1978 ᠣᠨ ᠤ ᠵᠡᠬᠦᠨ ᠦᠵᠤᠮᠤᠴᠢᠨ ᠬᠤᠰᠢᠭᠤᠨ ᠤ ᠡᠷᠢᠶᠡᠨᠭᠤᠪᠢ | ᠭᠦᠩᠱᠧ ᠶᠢᠨ ᠡᠷᠦᠬᠡ ᠶᠢᠨ ᠴᠡᠷᠢᠭ ᠤᠨ 128 ᠪᠦᠬᠡ ᠲᠠᠢ ᠨᠠᠶᠢᠷ ᠪᠠ ᠵᠡᠬᠦᠨ ᠦᠵᠤᠮᠤᠴᠢᠨ ᠬᠤᠰᠢᠭᠤᠨ ᠤ | ᠪᠠᠶᠠᠠᠬᠦ᠋ᠬᠡᠪᠤᠷ ᠭᠦᠩᠱᠧ ᠶᠢᠨ ᠡᠷᠦᠬᠡ ᠶᠢᠨ ᠴᠡᠷᠢᠭ ᠤᠨ 128 ᠪᠦᠬᠡ ᠲᠠᠢ ᠨᠠᠶᠢᠷ ᠲᠤ ᠲᠡᠷᠢᠭᠦᠯᠡᠪᠡ᠃ ᠮᠥᠨ | ᠵᠢᠯ ᠨᠢ ᠰᠢᠯᠢ ᠶᠢᠨ ᠬᠤᠲᠠ ᠳᠤ ᠪᠣᠯᠣᠭᠰᠠᠨ ᠪᠥᠬᠦ ᠠᠶᠢᠮᠠᠭ ᠤᠨ ᠳᠤᠮᠳᠠᠳᠤ ᠮᠠᠶ᠋ᠢᠭ ᠤᠨ ᠪᠥᠬᠡ ᠶᠢᠨ ᠮᠠᠩᠯᠠᠢ | ᠰᠢᠯᠭᠠᠷᠠᠭᠤᠯᠬᠤ ᠤᠷᠤᠯᠳᠤᠭᠠᠨ ᠳᠤ 75 ᠺᠢᠯᠣᠭ᠍ᠷᠠᠮ ᠤᠨ ᠳᠡᠰ ᠲᠤ ᠲᠡᠷᠢᠭᠦᠯᠡᠪᠡ᠃ 1979 ᠣᠨ ᠳᠤ ᠵᠡᠬᠦᠨ | ᠦᠵᠤᠮᠤᠴᠢᠨ ᠬᠤᠰᠢᠭᠤᠨ ᠤ ᠡᠷᠢᠶᠡᠨᠭᠤᠪᠢ ᠨᠢᠭᠡᠳᠦᠯ ᠤᠨ 256 ᠪᠥᠬᠡ ᠲᠠᠢ ᠨᠠᠶᠢᠷ ᠲᠤ ᠴᠢᠮᠡᠳ ᠢ ᠬᠠᠶᠠᠨ | ᠲᠡᠷᠢᠭᠦᠯᠡᠪᠡ᠃ ᠮᠦᠨ ᠲᠡᠷᠡ ᠵᠢᠯ ᠰᠢᠯᠢ ᠶᠢᠨ ᠬᠤᠲᠠ ᠳᠤ ᠪᠣᠯᠣᠭᠰᠠᠨ ᠪᠥᠬᠦ ᠣᠷᠣᠨ ᠤ ᠳᠤᠮᠳᠠᠳᠤ ᠮᠠᠶ᠋ᠢᠭ ᠤᠨ | ᠪᠥᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ 74 ᠺᠢᠯᠣᠭ᠍ᠷᠠᠮ ᠤᠨ ᠳᠡᠰ ᠲᠤ ᠵᠢᠷᠢᠮ ᠠᠶᠢᠮᠠᠭ ᠤᠨ | ᠪᠠᠶᠠᠷ ᠲᠤ ᠣᠶᠢᠴᠢᠵᠤ ᠭᠤᠷᠪᠠᠳᠤᠭᠠᠷ ᠲᠤ ᠣᠷᠣᠪᠠ᠃ ᠬᠤᠪᠢᠰᠬᠠᠯᠲᠤ ᠶᠢᠨ ᠪᠥᠬᠡ ᠶᠢᠨ ᠭᠤᠣᠯ ᠬᠢᠴᠡ ᠪᠣᠯ | ᠬᠢᠰᠬᠢᠭᠡ ᠲᠠᠲᠠᠭ᠎ᠠ᠂ ᠪᠦᠰᠡᠯᠡᠭᠦᠷᠳᠡᠵᠦ ᠠᠪᠤᠭᠠᠳ ᠴᠣᠬᠢᠵᠤ ᠬᠠᠶᠠᠳᠠᠭ᠃ | 1981 ᠤᠨ ᠳᠤ ᠵᠡᠬᠦᠨ ᠦᠵᠤᠮᠤᠴᠢᠨ ᠬᠤᠰᠢᠭᠤᠨ ᠤ 512 ᠪᠦᠬᠡ ᠲᠠᠢ ᠨᠠᠶᠢᠷ ᠲᠤ ᠵᠠᠩᠬᠢᠶᠠᠯᠠᠭᠲᠠᠵᠤ᠂ | ᠪᠠᠷᠠᠭᠤᠨ ᠦᠵᠤᠮᠤᠴᠢᠨ ᠬᠤᠰᠢᠭᠤᠨ ᠤ ᠭᠤ · ᠪᠦᠬᠡ ᠶᠢ ᠬᠠᠶᠠᠨ᠂ ᠭᠤᠨᠴᠤᠭᠵᠠᠪ ᠲᠤ ᠦᠢᠴᠢᠵᠤ 16 ᠳᠤ ᠤᠷᠤᠪᠠ | ᠃ ᠵᠡᠬᠦᠨ ᠦᠵᠤᠮᠤᠴᠢᠨ ᠬᠤᠰᠢᠭᠤᠨ ᠤ ᠤᠯᠠᠭᠠᠢ ᠨᠢᠬᠡᠲᠤᠯ ᠤᠨ 256 ᠪᠦᠬᠡ ᠲᠠᠢ ᠨᠠᠶᠢᠷ ᠲᠤ ᠪᠠᠶᠠᠠᠬᠦ᠋ᠬᠡᠪᠤᠷ ᠤᠨ | ᠪᠤᠶᠠᠠᠳᠦ᠋ᠬᠦᠷᠡᠩ᠂ ᠤᠯᠠᠭᠠᠢ ᠶᠢᠨ ᠲᠡᠷᠢᠬᠢ ᠶᠢ ᠬᠠᠶᠠᠨ ᠲᠡᠷᠢᠬᠦᠯᠡᠪᠡ᠃ ᠵᠡᠬᠦᠨ ᠦᠵᠤᠮᠤᠴᠢᠨ ᠬᠤᠰᠢᠭᠤᠨ ᠤ | ᠪᠠᠶᠠᠠᠬᠦ᠋ᠬᠡᠪᠤᠷ ᠨᠢᠬᠡᠲᠤᠯ ᠤᠨ ᠵᠢᠷᠠᠠᠪᠤᠯᠠᠭ ᠪᠠᠷᠢᠭᠠᠲᠠ ᠶᠢᠨ 256 ᠪᠦᠬᠡ ᠲᠠᠢ ᠨᠠᠶᠢᠷ ᠲᠤ ᠡᠬᠡᠪᠤᠯᠠᠭ ᠤᠨ ᠪᠠᠨᠽᠠᠷ᠂ | ᠪᠠᠭ᠎ᠠ ᠢᠲᠠᠮ ᠢ ᠬᠠᠶᠠᠵᠤ᠂ ᠠ᠊ · ᠵᠢᠷᠭᠠᠯ ᠳᠤ ᠤᠶᠢᠴᠢᠨ ᠲᠡᠳ᠋ᠯᠡᠪᠡ᠃ 1982 ᠤᠨ ᠳᠤ ᠵᠡᠬᠦᠨ ᠦᠵᠤᠮᠤᠴᠢᠨ | ᠬᠤᠰᠢᠭᠤᠨ ᠤ ᠡᠷᠢᠶᠡᠡᠭᠤᠪᠢ ᠨᠢᠬᠡᠲᠤᠯ ᠤᠨ 256 ᠪᠦᠬᠡ ᠲᠠᠢ ᠨᠠᠶᠢᠷ ᠲᠤ ᠠᠯᠲᠠᠠᠬᠢᠯᠢ ᠶᠢᠨ ᠠᠯᠤᠬᠠᠪᠠᠭᠠᠲᠤᠷ᠂ | ᠦᠢ᠊ · ᠪᠠᠭᠠᠲᠤᠷ᠂ ᠪᠠᠨᠽᠠᠷ ᠨᠠᠷ ᠢ ᠬᠠᠶᠠᠨ ᠲᠡᠷᠢᠬᠦᠯᠡᠪᠡ᠃ ᠲᠡᠭᠡᠷ᠎ᠡ ᠵᠠᠭᠤᠨ ᠤ ᠲᠠᠯ᠎ᠠ ᠨᠠᠶᠠᠭᠠᠳ ᠤᠨ ᠤ ᠦᠶ᠎ᠡ ᠪᠠᠷ | ᠨᠠᠶᠢᠷ ᠨᠠᠭᠠᠲᠤᠮ ᠡᠲᠤᠷ ᠤᠨ ᠤᠲᠤ ᠰᠢᠭ᠋ ᠬᠤᠪᠤᠷ ᠪᠠᠶᠢᠭᠰᠠᠨ ᠴᠠᠭ ᠲᠤ ᠲᠠᠪᠢ ᠭᠠᠷᠤᠢ ᠤᠲᠠᠭ᠎ᠠ ᠨᠠᠶᠢᠷ ᠲᠤ | ᠵᠤᠲᠤᠭᠯᠠᠨ᠂ 10 ᠭᠠᠷᠤᠢ ᠤᠲᠠᠭ᠎ᠠ ᠲᠡᠷᠢᠬᠦᠯᠡᠨ᠂ 7 ᠤᠲᠠᠭ᠎ᠠ ᠲᠡᠳ᠋ᠯᠡᠵᠤ᠂ 3 ᠤᠲᠠᠭ᠎ᠠ ᠨᠠᠶᠢᠷ ᠲᠠᠯᠪᠢᠭᠰᠠᠨ ᠪᠢᠯᠡ | ᠃ | 2010 ᠤᠨ ᠳᠤ ᠵᠡᠬᠦᠨ ᠦᠵᠤᠮᠤᠴᠢᠨ ᠬᠤᠰᠢᠭᠤᠨ ᠤ ᠵᠠᠩᠬᠢᠶᠠᠲᠤ ᠪᠦᠬᠡ ᠶᠢᠨ ᠨᠠᠶᠢᠷ ᠲᠡᠭᠡᠷ᠎ᠡ | ᠬᠤᠪᠢᠰᠬᠠᠯᠲᠤ᠂ ᠮᠢ᠊ · ᠭᠸᠡᠭᠳᠦᠨ ᠵᠡᠷᠭᠡ ᠲᠦᠷᠪᠡᠨ ᠪᠦᠬᠡ ᠲᠠᠷᠬᠠᠯᠠᠭᠲᠠᠵᠤ᠂ ᠲᠠᠷᠠ ᠵᠠᠩᠬᠢᠶ᠎ᠠ ᠪᠠᠨ | ᠨᠤᠲᠤᠭ ᠤᠨ ᠢᠶᠠᠨ ᠵᠠᠯᠠᠭᠤ ᠪᠦᠬᠡ ᠬᠠᠰᠵᠠᠭᠠᠨ ᠳᠤ ᠶᠡᠬᠦᠯᠡᠪᠡ᠃ ᠤᠲᠤ ᠬᠠᠰᠵᠠᠭᠠᠨ 256 ᠪᠦᠬᠡ ᠲᠠᠢ ᠨᠠᠶᠢᠷ ᠲᠤ | ᠨᠢᠭᠡ ᠤᠲᠠᠭ᠎ᠠ ᠲᠡᠷᠢᠬᠦᠯᠡᠵᠤ᠂ 128 ᠪᠦᠬᠡ ᠲᠠᠢ ᠨᠠᠶᠢᠷ ᠲᠤ ᠭᠡᠲᠤ ᠤᠲᠠᠭ᠎ᠠ ᠲᠡᠷᠢᠬᠦᠯᠡᠵᠤ ᠶᠠᠪᠤᠭ᠎ᠠ ᠰᠠᠶᠢᠨ ᠪᠦᠬᠡ | ᠪᠤᠯᠵᠠᠢ᠃ | ᠬᠤᠪᠢᠰᠬᠠᠯᠲᠤ ᠬᠦᠯ ᠤᠨ ᠪᠠᠷᠲᠠᠯ ᠠᠴᠠ ᠪᠤᠯᠵᠤ ᠪᠠᠷᠢᠯᠲᠤᠬᠤ ᠪᠠᠨ ᠲᠠᠩᠴᠤ ᠡᠷᠲᠡ ᠵᠤᠭᠰᠤᠭᠰᠠᠨ ᠨᠢ | ᠬᠠᠷᠠᠮᠰᠠᠯᠲᠠᠢ ᠪᠢᠯᠡ᠃ ᠲᠡᠷᠡ ᠲᠤᠬᠠᠢ ᠶᠢᠨ ᠦᠶ᠎ᠡ ᠶᠢᠨ ᠠᠯᠲᠠᠷᠲᠤ ᠪᠦᠬᠡ ᠪᠠᠭ᠎ᠠ ᠢᠲᠡᠮ᠂ ᠠ᠊ · ᠵᠢᠷᠭᠠᠯ᠂ ᠬᠤ · | ᠦᠯᠵᠡᠢ᠂ ᠲᠡᠭᠡ ᠲᠡᠮᠴᠤᠢ᠂ ᠵᠠᠮᠪᠠᠯ᠂ ᠱᠤᠭᠠᠷ᠎ᠠ᠂ ᠠᠯᠤᠬ᠎ᠠ᠂ ᠪᠤᠯᠠᠭ ᠤᠨ ᠲᠠᠮᠷᠢᠨ᠂ ᠭᠡᠰᠡᠭ ᠤᠨ ᠳ᠋ᠠᠮᠪᠠ᠂ | ᠡᠬᠡᠪᠤᠯᠠᠭ ᠤᠨ ᠪᠠᠨᠽᠠᠷ᠂ ᠦᠢ᠊ · ᠪᠠᠭᠠᠲᠤᠷ᠂ ᠠᠯᠲᠠᠠᠬᠢᠯᠢ ᠶᠢᠨ ᠮᠢ᠊ · ᠭᠸᠡᠭᠳᠦᠨ᠂ ᠪᠠᠷᠠᠭᠤᠨ ᠦᠵᠤᠮᠤᠴᠢᠨ ᠤ ᠭᠸ᠊ · | ᠲᠤᠩᠷᠤᠪ᠂ ᠠ᠊ · ᠲᠤᠩᠷᠤᠪ᠂ ᠭᠤ · ᠪᠦᠬᠡ ᠵᠡᠷᠭᠡ ᠶᠢ ᠬᠠᠶᠠᠵᠤ ᠶᠠᠪᠤᠭᠰᠠᠨ ᠰᠠᠶᠢᠨ ᠪᠦᠬᠡ ᠪᠤᠯᠤᠨ᠎ᠠ᠃ | ᠪᠠᠷᠲᠠᠯ ᠠᠴᠠ ᠪᠤᠯᠵᠤ ᠪᠦᠬᠡ ᠶᠢᠨ ᠨᠤᠭᠤᠭᠠᠨ ᠲᠡᠪᠵᠢᠶᠠᠨ ᠳᠤ ᠵᠤᠲᠤᠭᠯᠠᠬᠤ ᠪᠠᠨ ᠵᠤᠭᠰᠤᠭᠰᠠᠨ ᠠᠴᠠ | ᠬᠤᠶᠢᠰᠢ ᠬᠤᠪᠢᠰᠬᠠᠯᠲᠤ ᠮᠤᠷᠢ ᠤᠶᠠᠵᠤ ᠬᠤᠷᠲᠤᠨ ᠪᠤᠶᠠᠨ ᠢᠶᠠᠷ ᠬᠡᠶᠢᠮᠤᠷᠢ ᠪᠠᠨ ᠰᠡᠷᠬᠦᠬᠡᠵᠤ ᠶᠠᠪᠤᠪᠠ᠃ ᠬᠠᠮᠤᠭ ᠤᠨ | ᠠᠩᠬ᠎ᠠ 1988 ᠣᠨ ᠳᠤ ᠵᠢᠭᠠᠬᠠᠨ ᠶᠠᠭᠠᠨ ᠮᠤᠷᠢ ᠤᠶᠠᠵᠤ ᠰᠤᠮᠤᠨ ᠤ ᠪᠠᠨ ᠡᠷᠢᠶᠡᠨᠪᠤᠯᠠᠭ ᠭᠠᠴᠠᠭᠠᠨ ᠤ ︽5 · 4 | ︾ ᠤ ᠵᠠᠯᠠᠭᠤᠴᠤᠳ ᠤᠨ ᠪᠠᠶᠠᠷ ᠤᠨ ᠨᠠᠶᠢᠷ ᠤᠨ ᠮᠤᠷᠢᠨ ᠤᠷᠤᠯᠲᠤᠭᠠᠨ ᠳᠤ ᠲᠡᠷᠢᠬᠦᠯᠡᠬᠦᠯᠤᠨ᠂ ᠳᠠᠷᠠᠭ᠎ᠠ ᠨᠢ ᠵᠡᠬᠦᠨ | ᠦᠵᠤᠮᠤᠴᠢᠨ ᠬᠤᠰᠢᠭᠤᠨ ᠤ ᠪᠤᠳᠢ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠲᠡᠷᠢᠬᠦᠯᠡᠬᠦᠯᠦᠭᠰᠡᠨ ᠪᠢᠯᠡ᠃ | ᠮᠦᠨ ᠲᠤᠰ ᠵᠢᠯ ᠨᠢ ᠵᠡᠬᠦᠨ ᠦᠵᠤᠮᠤᠴᠢᠨ ᠬᠤᠰᠢᠭᠤᠨ ᠤ ᠤᠤᠯ ᠤᠨ ᠮᠠᠨᠳᠤᠬᠤᠪᠤᠯᠠᠭ ᠰᠤᠮᠤᠨ ᠤ ᠨᠠᠶᠢᠷ ᠤᠨ | ᠡᠮᠡᠬᠡᠯᠲᠤ ᠮᠣᠷᠢᠨ ᠤ ᠤᠷᠤᠯᠲᠤᠭᠠᠨ ᠳᠤ ᠳᠥᠷᠪᠡ ᠳᠤ ᠬᠤᠷᠲᠤᠯᠠᠪᠠ᠃ | ᠲᠡᠬᠦᠨ ᠤ ᠤᠶᠠᠵᠤ ᠬᠤᠷᠲᠤᠯᠠᠭᠤᠯᠤᠭᠰᠠᠨ ᠮᠣᠯᠳᠤᠩ ᠪᠣᠷᠣ ᠮᠣᠷᠢ ᠨᠢ ᠵᠡᠬᠦᠨ ᠦᠵᠤᠮᠤᠴᠢᠨ ᠬᠤᠰᠢᠭᠤᠨ ᠤ | ᠮᠠᠨᠳᠤᠬᠤ ᠣᠪᠣᠭᠠᠨ ᠤ ᠲᠠᠬᠢᠯᠭ᠎ᠠ ᠶᠢᠨ ᠮᠤᠷᠢᠨ ᠤ ᠤᠷᠤᠯᠲᠤᠭᠠᠨ ᠤ ᠲᠡᠷᠢᠭᠦᠨ᠂ ᠵᠡᠬᠦᠨ ᠦᠵᠤᠮᠤᠴᠢᠨ ᠬᠤᠰᠢᠭᠤᠨ ᠤ | ᠤᠤᠯ ᠤᠨ ᠡᠷᠢᠶᠡᠨᠭᠤᠪᠢ ᠰᠤᠮᠤᠨ ᠤ ᠳᠣᠯᠣᠳᠤᠭᠠᠷ ᠤᠳᠠᠭᠠᠨ ᠤ ᠠᠷᠠᠳ ᠤᠨ ᠶᠡᠭᠡ ᠨᠠᠶᠢᠷ ᠤᠨ ᠮᠣᠷᠢᠨ ᠤ | ᠤᠷᠤᠯᠳᠤᠭᠠᠨ ᠤ ᠲᠦᠷᠪᠡᠲᠤᠭᠡᠷ᠂ 1992 ᠣᠨ ᠤ ᠵᠡᠬᠦᠨ ᠦᠵᠤᠮᠤᠴᠢᠨ ᠬᠤᠰᠢᠭᠤᠨ ᠤ ᠭᠠᠬᠢᠯ ᠰᠦᠮ᠎ᠡ ᠶᠢᠨ | ᠨᠠᠶᠢᠷ ᠤᠨ ᠮᠤᠷᠢᠨ ᠤ ᠤᠷᠤᠯᠲᠤᠭᠠᠨ ᠤ ᠳᠡᠳ᠋᠂ ᠵᠡᠬᠦᠨ ᠦᠵᠤᠮᠤᠴᠢᠨ ᠬᠤᠰᠢᠭᠤᠨ ᠤ ᠳ᠋ᠦᠩᠭᠦᠢ ᠶᠢᠨ ᠣᠪᠣᠭᠠᠨ ᠤ | ᠲᠠᠬᠢᠯᠭ᠎ᠠ ᠶᠢᠨ ᠨᠠᠶᠢᠷ ᠤᠨ ᠮᠤᠷᠢᠨ ᠤ ᠤᠷᠤᠯᠲᠤᠭᠠᠨ ᠤ ᠳᠡᠳ᠋᠂ ᠵᠡᠬᠦᠨ ᠦᠵᠤᠮᠤᠴᠢᠨ ᠬᠤᠰᠢᠭᠤᠨ ᠤ ᠴᠢᠨᠳᠠᠮᠤᠨᠢ | ᠣᠪᠣᠭᠠᠨ ᠤ ᠲᠠᠬᠢᠯᠭ᠎ᠠ ᠶᠢᠨ ᠨᠠᠶᠢᠷ ᠤᠨ ᠮᠤᠷᠢᠨ ᠤ ᠤᠷᠤᠯᠲᠤᠭᠠᠨ ᠤ ᠲᠡᠷᠢᠭᠦᠨ᠂ 1990 — 1992 ᠤᠨ | ᠪᠤᠯᠲᠠᠯ᠎ᠠ ᠭᠤᠷᠪᠠᠨ ᠵᠢᠯ ᠳᠠᠷᠠᠭᠠᠯᠠᠨ ᠵᠡᠬᠦᠨ ᠦᠵᠤᠮᠤᠴᠢᠨ ᠬᠤᠰᠢᠭᠤᠨ ᠤ ᠳ᠋ᠦᠩᠭᠦᠢ ᠶᠢᠨ ᠣᠪᠣᠭᠠᠨ ᠤ | ᠲᠠᠬᠢᠯᠭ᠎ᠠ ᠶᠢᠨ ᠨᠠᠶᠢᠷ ᠤᠨ ᠮᠤᠷᠢᠨ ᠤ ᠤᠷᠤᠯᠲᠤᠭᠠᠨ ᠤ ᠲᠡᠷᠢᠭᠦᠨ᠂ 1991 ᠣᠨ ᠳᠤ ᠵᠡᠬᠦᠨ ᠦᠵᠤᠮᠤᠴᠢᠨ | ᠬᠤᠰᠢᠭᠤᠨ ᠤ ᠭᠦᠢᠯᠡᠰᠦᠲᠡᠢ ᠣᠪᠣᠭᠠᠨ ᠤ ᠲᠠᠬᠢᠯᠭ᠎ᠠ ᠶᠢᠨ ᠨᠠᠶᠢᠷ ᠤᠨ ᠳᠡᠳ᠋᠂ 1992 ᠣᠨ ᠳᠤ ᠵᠡᠬᠦᠨ | ᠦᠵᠤᠮᠤᠴᠢᠨ ᠬᠤᠰᠢᠭᠤᠨ ᠤ ᠳᠠᠭᠤᠲᠤ ᠶᠢᠨ ᠰᠢᠨ᠎ᠡ ᠰᠦᠮ᠎ᠡ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠤᠨ ᠮᠤᠷᠢᠨ ᠤ | ᠤᠷᠤᠯᠲᠤᠭᠠᠨ ᠤ ᠵᠢᠷᠭᠤᠲᠤᠭᠠᠷ ᠲᠤ ᠬᠤᠷᠲᠤᠯᠠᠵᠡᠢ᠃ ᠪᠣᠷᠣ ᠮᠣᠷᠢ ᠨᠢ 1994 ᠤᠨ ᠪᠤᠯᠤᠨ 1995 ᠣᠨ ᠳᠤ | ᠬᠤᠶᠠᠷ ᠵᠢᠯ ᠳᠠᠷᠠᠭᠠᠯᠠᠨ ᠵᠡᠬᠦᠨ ᠦᠵᠤᠮᠤᠴᠢᠨ ᠬᠤᠰᠢᠭᠤᠨ ᠤ ᠡᠷᠢᠶᠡᠨᠪᠤᠯᠠᠭ ᠣᠪᠣᠭᠠᠨ ᠤ ᠲᠠᠬᠢᠯᠭ᠎ᠠ ᠶᠢᠨ ᠨᠠᠶᠢᠷ ᠲᠤ | ᠲᠡᠷᠢᠭᠦᠯᠡᠪᠡ᠃ 1996 ᠣᠨ ᠳᠤ ᠥᠪᠡᠷ ᠤᠨ ᠡᠵᠢ ᠶᠢᠨ ᠳᠠᠯᠠᠨ ᠭᠤᠷᠪᠠᠨ ᠨᠠᠰᠤᠨ ᠤ ᠵᠢᠯ ᠵᠢᠷᠭᠢᠭᠰᠡᠨ ᠨᠠᠶᠢᠷ ᠲᠤ | ᠲᠡᠷᠢᠬᠦᠯᠡᠪᠡ᠃ ᠮᠥᠨ ᠵᠢᠯ ᠲᠤᠰ ᠭᠠᠴᠠᠭᠠᠨ ᠤ ᠪᠠᠨ ᠰᠤᠷᠲᠠᠯᠲᠤ ᠶᠢᠨ ᠡᠵᠢ ᠶᠢᠨ ᠵᠢᠷᠠᠨ ᠨᠢᠭᠡᠨ ᠨᠠᠰᠤᠨ ᠤ | ᠪᠠᠶᠠᠷ ᠤᠨ ᠨᠠᠶᠢᠷ ᠲᠤ ᠲᠡᠳ᠋ᠯᠡᠪᠡ᠃ | ᠭᠠᠨᠵᠤᠭ᠎ᠠ ᠬᠡᠭᠡᠷ ᠮᠤᠷᠢ ᠨᠢ ᠵᠡᠬᠦᠨ ᠦᠵᠤᠮᠤᠴᠢᠨ ᠬᠤᠰᠢᠭᠤᠨ ᠤ ᠡᠷᠢᠶᠡᠨᠪᠤᠯᠠᠭ ᠣᠪᠣᠭᠠᠨ ᠤ ᠲᠠᠬᠢᠯᠭ᠎ᠠ ᠶᠢᠨ | ᠨᠠᠶᠢᠷ ᠲᠤ ᠲᠡᠷᠢᠭᠦᠯᠡᠪᠡ᠃ 1999 ᠣᠨ ᠳᠤ ᠥᠪᠡᠷ ᠤᠨ ᠬᠡᠦᠬᠡᠨ ᠤᠷᠠᠨᠴᠡᠴᠡᠭ ᠤᠨ ᠣᠢ ᠶᠢᠨ ᠨᠠᠶᠢᠷ ᠲᠤ | ᠲᠡᠷᠢᠬᠦᠯᠡᠪᠡ᠃ | ᠬᠤᠪᠢᠰᠬᠠᠯᠲᠤ ᠪᠤᠯ ᠰᠠᠶᠢᠨ ᠪᠦᠬᠡᠴᠢᠨ᠂ ᠤᠶᠠᠭᠠᠴᠢᠨ ᠮᠦᠷᠲᠡᠭᠡᠨ ᠰᠠᠶᠢᠨ ᠫᠤᠤᠴᠢ᠂ ᠬᠠᠰᠢᠷ ᠮᠠᠯᠴᠢᠨ ᠶᠤᠮ᠃ | ᠡᠷᠦᠬᠡ ᠶᠢᠨ ᠴᠡᠷᠢᠭ ᠲᠤ ᠪᠠᠶᠢᠬᠤ ᠳᠠᠭᠠᠨ 1978 ᠣᠨ ᠤ ᠰᠤᠮᠤᠨ ᠤ ᠡᠷᠦᠬᠡ ᠶᠢᠨ ᠴᠡᠷᠢᠭ ᠤᠨ ᠪᠣᠯᠪᠠᠰᠤᠷᠠᠯ ᠤᠨ | ᠫᠤᠤᠳᠠᠯᠭ᠎ᠠ ᠶᠢᠨ ᠲᠡᠷᠢᠭᠦᠨ᠂ 1985 ᠣᠨ ᠳᠤ ᠵᠡᠭᠦᠨ ᠦᠵᠦᠮᠦᠴᠢᠨ ᠬᠤᠰᠢᠭᠤᠨ ᠤ ᠡᠳ᠋ ᠪᠣᠳᠠᠰ ᠤᠨ | ᠰᠤᠯᠢᠯᠴᠠᠭᠠᠨ ᠤ ᠨᠠᠶᠢᠷ ᠤᠨ ᠫᠤᠤᠳᠠᠯᠭ᠎ᠠ ᠶᠢᠨ ᠲᠡᠷᠢᠭᠦᠨ ᠵᠡᠷᠭᠡ ᠢᠷᠠᠭᠤ ᠠᠯᠲᠠᠷ ᠢ ᠲᠤᠰᠴᠤ ᠶᠠᠪᠤᠵᠡᠢ᠃ | ᠲᠡᠷᠡ ᠳᠡᠭᠡᠳᠦᠰ ᠠᠴᠠ ᠤᠯᠠᠮᠵᠢᠯᠠᠭᠰᠠᠨ ᠮᠠᠯᠵᠢᠯ ᠤᠨ ᠠᠷᠭ᠎ᠠ ᠰᠠᠮᠪᠠᠭ᠎ᠠ ᠶᠢ ᠦᠪᠯᠡᠨ᠂ 1974 ᠣᠨ ᠠᠴᠠ | 1983 ᠤᠨ ᠪᠣᠯᠲᠠᠯ᠎ᠠ ᠠᠳᠤᠭᠤ ᠬᠠᠷᠢᠭᠤᠯᠪᠠ᠃ ᠡᠨᠡ ᠬᠤᠭᠤᠴᠠᠭᠠᠨ ᠳᠤ ︽ᠬᠤᠶᠠᠷ ᠢ ᠳᠣᠭᠲᠠᠭᠠᠵᠤ᠂ ᠨᠢᠭᠡ ᠶᠢ | ᠱᠠᠩᠨᠠᠬᠤ︾ ᠳᠥᠷᠢᠮ ᠬᠡᠷᠡᠭᠵᠢᠭᠦᠯᠦᠭᠳᠡᠵᠦ ᠪᠠᠶᠢᠭᠰᠠᠨ ᠦᠶ᠎ᠡ ᠳᠤ 1982 — 1983 ᠣᠨ ᠳᠤ ᠬᠤᠶᠠᠷ ᠵᠢᠯ | ᠳᠠᠷᠠᠭᠠᠯᠠᠨ ᠨᠢᠭᠡ ᠤᠳᠠᠭ᠎ᠠ ᠳᠤᠨᠢ 14 ᠳᠠᠭ᠎ᠠ᠂ ᠨᠥᠭᠦᠭᠡ ᠤᠳᠠᠭ᠎ᠠ ᠨᠢ 7 ᠳᠠᠭ᠎ᠠ ᠪᠠᠷ ᠱᠠᠩᠨᠠᠭᠤᠯᠵᠤ ᠪᠠᠶᠢᠭᠰᠠᠨ | ᠶᠣᠮ᠃ 1979 ᠣᠨ ᠳᠤ ᠰᠤᠮᠤᠨ ᠤ ᠪᠠᠨ ᠬᠥᠳᠡᠯᠮᠦᠷᠢ ᠶᠢᠨ ᠵᠢᠱᠢᠶᠡᠴᠢ᠂ 1996 ᠣᠨ ᠳᠤ ᠮᠢᠩᠭᠠᠲᠤ ᠶᠢᠨ | ᠡᠷᠦᠬᠡ ᠶᠢᠨ ᠢᠷᠠᠭᠤ ᠠᠯᠲᠠᠷ ᠢ ᠲᠤᠰᠴᠤ ᠶᠠᠪᠤᠵᠡᠢ᠃ | | | | | | | | |