— ᠤᠷᠤᠨ ᠤ ᠲᠡᠰ ᠤᠨ ᠬᠢᠯᠭᠠᠰᠤᠨ ᠡᠳ᠋ᠯᠡᠯ ᠤᠨ ᠪᠤᠳᠠᠰ ᠤᠨ ᠪᠤᠰᠤ ᠰᠤᠶᠤᠯ ᠤᠨ ᠥᠪ ᠤᠨ | ᠤᠯᠠᠮᠵᠢᠯᠠᠭᠴᠢ ᠠᠯᠳᠠᠨᠴᠡᠴᠡᠭ ᠢ ᠲᠡᠮᠳᠡᠭᠯᠡᠪᠡ | | ᠰᠢᠯᠤᠭᠤᠨ ᠬᠦᠬᠡ ᠬᠤᠰᠢᠭᠤᠨ ᠤ ᠰᠠᠩ ᠤᠨ ᠲᠠᠯᠠᠢ ᠪᠠᠯᠭᠠᠰᠤᠨ ᠤ ᠲᠠᠪᠤᠨ ᠤᠳᠤ ᠭᠠᠴᠠᠭᠠᠨ ᠤ ᠤᠤᠭᠠᠯ᠂ | ᠲᠠᠯᠠᠨ ᠨᠠᠰᠤᠨ ᠤ ᠲᠠᠪᠠᠭ᠎ᠠ ᠶᠢ ᠲᠠᠪᠠᠵᠤ ᠪᠠᠶᠢᠭ᠎ᠠ ᠪᠠᠶᠠᠳ ᠠᠯᠳᠠᠨᠴᠡᠴᠡᠭ ᠪᠤᠯ ᠤᠳᠤᠮ ᠵᠠᠯᠭᠠᠭᠰᠠᠨ ᠬᠢᠯᠭᠠᠰᠤᠨ | ᠤᠷᠠᠴᠢᠨ ᠪᠦᠬᠡᠳ ᠡᠨᠡᠬᠦ ᠰᠤᠳᠤᠨ ᠰᠠᠶᠢᠬᠠᠨ ᠵᠦᠢᠯᠡᠰ ᠢᠶᠠᠨ ᠤᠯᠠᠮᠵᠢᠯᠠᠨ ᠪᠠᠳᠠᠷᠠᠭᠤᠯᠵᠤ᠂ ᠤᠷᠠᠯᠢᠭ ᠤᠨ | ᠰᠠᠶᠢᠬᠠᠨ ᠢ ᠦᠢᠯᠡᠰ ᠪᠤᠯᠭᠠᠨ ᠬᠦᠭᠵᠢᠬᠦᠯᠵᠦ ᠶᠠᠪᠤᠭ᠎ᠠ ᠬᠦᠮᠦᠰ ᠤᠨ ᠨᠢᠬᠡ ᠪᠤᠯᠤᠨ᠎ᠠ᠃ ᠲᠡᠷᠡᠪᠡᠷ ᠰᠢᠯᠤᠭᠤᠨ ᠬᠦᠬᠡ | ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠨ ᠤ ᠠᠷᠠᠳ ᠤᠨ ᠤᠷᠠᠯᠢᠭᠴᠢᠳ ᠤᠨ ᠨᠡᠶᠢᠬᠡᠮᠯᠢᠭ ᠤᠨ | ᠦᠨᠳᠦᠰᠦᠳᠡᠨ ᠤ ᠭᠠᠷ ᠤᠷᠠᠯᠢᠭᠴᠢᠳ ᠤᠨ ᠵᠦᠪᠯᠡᠯ ᠤᠨ ᠬᠡᠰᠢᠬᠦᠨ᠂ ᠦᠪᠡᠷᠳᠡᠬᠡᠨ ᠵᠠᠰᠠᠬᠤ ᠤᠷᠤᠨ ᠤ ᠲᠡᠰ ᠤᠨ | ᠬᠢᠯᠭᠠᠰᠤᠨ ᠡᠳ᠋ᠯᠠᠯ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ ᠪᠤᠯᠤᠨ᠎ᠠ᠃ | ᠠᠯᠳᠠᠨᠴᠡᠴᠡᠭ ᠤᠨ ᠲᠡᠬᠡᠳᠦᠰ ᠨᠢ ᠦᠶ᠎ᠡ ᠵᠠᠯᠭᠠᠮᠵᠢᠯᠠᠭᠰᠠᠨ ᠶᠡᠭᠡ ᠭᠠᠷ ᠤᠷᠠᠨ ᠬᠦᠮᠦᠰ ᠪᠠᠶᠢᠵᠠᠢ᠃ ᠲᠡᠬᠦᠨ ᠤ | ᠡᠵᠢ ᠨᠢ ᠬᠠᠷᠠᠬᠠᠨ ᠪᠠᠭ᠎ᠠ ᠠᠴᠠ ᠪᠠᠨ ᠡᠮᠡᠭᠡ ᠡᠵᠢ ᠶᠢ ᠨᠢ ᠲᠠᠭᠠᠵᠤ᠂ ᠠᠶᠢᠯ ᠡᠷᠦᠬᠡ ᠪᠠᠷ ᠲᠤᠭᠤᠷᠢᠨ ᠲᠡᠪᠡᠯ ᠭᠤᠳᠤᠯ | ᠤᠶᠤᠬᠤ ᠦᠢᠯᠡ ᠤᠳᠠᠰᠤᠨ ᠤ ᠠᠵᠢᠯ ᠬᠢᠵᠦ᠂ ᠮᠤᠩᠭᠤᠯ ᠬᠡᠷ ᠤᠨ ᠪᠦᠷᠢᠶᠡᠰᠦ ᠤᠶᠤᠬᠤ᠂ ᠲᠡᠭᠡᠰᠤ ᠲᠡᠮᠤᠬᠤ ᠵᠡᠷᠬᠡ | ᠮᠤᠩᠭᠤᠯ ᠦᠨᠳᠤᠰᠤᠳᠡᠨ ᠤ ᠨᠡᠬᠦᠳᠡᠯ ᠪᠠᠭᠤᠳᠠᠯ ᠳᠤ ᠵᠠᠷᠤᠵᠤ ᠬᠡᠷᠡᠭᠯᠡᠳᠡᠭ ᠪᠦᠬᠦ᠋ᠢᠯᠡ ᠬᠢᠯᠭᠠᠰᠤᠨ ᠤ ᠵᠦᠢᠯ ᠢ | ᠪᠦᠬᠦᠨ ᠢ ᠬᠢᠵᠤ᠂ ᠠᠮᠢᠳᠤᠷᠠᠯ ᠢᠶᠠᠨ ᠠᠷᠭᠠᠴᠠᠭᠠᠵᠤ ᠪᠠᠶᠢᠵᠠᠢ᠃ ᠠᠯᠳᠡᠨᠴᠡᠴᠡᠭ ᠤᠨ ᠡᠵᠢ ᠨᠢ ᠮᠤᠩᠭᠤᠯ ᠭᠡᠷ ᠤᠨ | ᠵᠦᠢᠯ ᠢ ᠤᠷᠠᠯᠠᠵᠦ ᠬᠢᠵᠤ ᠴᠢᠳᠠᠳᠠᠭ ᠤᠨᠴᠠ ᠤᠷᠠᠨ ᠬᠦᠮᠤᠨ ᠪᠠᠶᠢᠵᠡᠢ᠃ ᠡᠵᠢ ᠨᠢ ᠠᠯᠳᠡᠨᠴᠡᠴᠡᠭ ᠢ ᠨᠠᠢᠮᠠᠨ | ᠨᠠᠰᠣᠳᠠᠢ ᠠᠴᠠ ᠨᠢ ᠬᠢᠯᠭᠠᠰᠤᠨ ᠤ ᠠᠵᠢᠯ ᠬᠢᠯᠭᠡᠵᠤ᠂ ᠡᠬᠢᠯᠡᠬᠡᠳ ᠬᠢᠯᠭᠠᠰᠦ ᠤᠷᠠᠬᠤ ᠠᠵᠢᠯ ᠬᠢᠯᠬᠡᠬᠦ ᠳᠤ | ᠠᠯᠳᠡᠨᠴᠡᠴᠡᠭ ᠤᠬᠢᠯᠠᠵᠤ ᠲᠤᠷ᠎ᠠ ᠦᠬᠡᠢ ᠪᠠᠶᠢᠭᠰᠠᠨ ᠪᠤᠯᠪᠠᠴᠤ ᠲᠤᠬᠠᠢ ᠶᠢᠨ ᠦᠶ᠎ᠠ ᠶᠢᠨ ᠭᠡᠷ ᠤᠨ ᠰᠤᠷᠭᠠᠯ | ᠴᠢᠩᠭ᠎ᠠ ᠠᠴᠠ ᠬᠡᠤᠬᠡᠳ ᠤᠨ ᠲᠡᠷᠡᠬᠦ ᠪᠠᠭ᠎ᠠ ᠰᠠᠭ᠎ᠠ ᠲᠤᠷ᠎ᠠ ᠦᠬᠡᠶᠢᠴᠡᠬᠦ ᠶᠢ ᠡᠵᠢ ᠨᠢ ᠰᠠᠨᠠᠭᠠᠨ ᠳᠤ ᠴᠤ ᠠᠪᠬᠤ | ᠦᠬᠡᠢ ᠴᠢᠩᠭ᠎ᠠ ᠬᠠᠳᠠᠭᠤ ᠱᠠᠭᠠᠷᠳᠠᠨ ᠬᠢᠯᠭᠡᠭᠰᠡᠨ ᠠᠴᠠ ᠰᠡᠭᠦᠯ ᠳᠡᠭᠡᠨ ᠮᠠᠯ ᠤᠨ ᠬᠤᠷᠢᠶ᠎ᠡ ᠡᠭᠦᠳᠡᠨ ᠤ ᠤᠶᠠᠭ᠎ᠠ ᠶᠢ | ᠲᠡᠮᠤᠬᠤ ᠪᠤᠯᠵᠤ᠂ ᠵᠠᠷᠤᠵᠤ ᠬᠡᠷᠡᠭᠯᠡᠳᠡᠭ ᠲᠡᠭᠡᠰᠤ ᠲᠠᠮᠤᠵᠦ ᠴᠢᠳᠠᠳᠠᠭ ᠪᠤᠯᠤᠭᠰᠠᠨ ᠠᠴᠠ ᠤᠯᠠᠮ ᠵᠤᠷᠢᠭᠵᠢᠵᠤ | ᠢᠷᠡᠭᠰᠡᠨ ᠪᠠᠶᠢᠨ᠎ᠠ᠃ ᠰᠡᠬᠦᠯᠡᠷ ᠨᠢ ᠬᠤᠷᠠᠭ᠎ᠠ ᠪᠠᠨ ᠬᠦᠬᠦᠬᠦᠯᠵᠦ ᠪᠠᠶᠢᠭ᠎ᠠ ᠬᠤᠨᠢ ᠬᠤᠷᠠᠭ᠎ᠠ ᠶᠢᠨ ᠵᠢᠷᠤᠭ ᠲᠠᠢ | ᠬᠢᠯᠭᠠᠰᠣᠨ ᠡᠳ᠋ᠯᠡᠯ ᠤᠷᠠᠯᠠᠵᠦ ᠤᠶᠤᠬᠤ ᠵᠠᠷᠬᠡ ᠨᠡᠯᠢᠶᠡᠳ ᠤᠷᠠᠨ ᠨᠠᠷᠢᠯᠢᠭ ᠬᠢᠯᠭᠠᠰᠤᠨ ᠤᠷᠠᠯᠠᠯ ᠤᠷᠠᠯᠠᠬᠤ ᠪᠤᠯᠵᠡᠢ᠃ | ᠲᠠᠷᠠ ᠰᠤᠷᠭᠠᠭᠤᠯᠢ ᠰᠤᠶᠤᠯ ᠤᠨ ᠮᠦᠷ ᠢ ᠬᠦᠬᠡᠬᠡᠵᠦ ᠬᠡᠷ ᠠᠴᠠ ᠪᠠᠨ ᠬᠤᠯᠠ ᠰᠤᠷᠭᠠᠭᠤᠯᠢ ᠳᠤ ᠰᠢᠯᠵᠢᠨ | ᠰᠤᠷᠤᠯᠴᠠᠬᠰᠡᠨ ᠪᠤᠯᠪᠠᠴᠤ ᠴᠢᠯᠤᠭᠡ ᠪᠠᠷ ᠬᠠᠷᠢᠵᠤ ᠢᠷᠡᠪᠡᠯ ᠨᠠᠰᠤᠳᠠᠳ ᠨᠢ ᠬᠢᠯᠭᠠᠰᠤᠨ ᠡᠳ᠋ᠯᠡᠯ ᠤᠶᠤᠬᠤ᠂ | ᠬᠢᠯᠭᠠᠰᠤᠨ ᠲᠡᠭᠡᠰᠤ ᠲᠠᠮᠤᠬᠤ ᠵᠡᠷᠭᠡ ᠲᠠᠰᠬᠠᠯ ᠬᠢᠯᠬᠡᠵᠦ᠂ ᠰᠡᠭᠦᠯ ᠳᠤᠨᠢ ᠰᠤᠷᠭᠠᠭᠤᠯᠢ ᠪᠠᠨ ᠲᠡᠭᠦᠰᠴᠤ᠂ ᠠᠷᠤ | ᠭᠡᠷ ᠲᠡᠭᠡᠨ ᠬᠠᠷᠢᠵᠤ ᠮᠠᠯᠴᠢᠨ ᠠᠮᠢᠳᠤᠷᠠᠯ ᠢᠶᠠᠨ ᠬᠢᠭᠰᠡᠨ ᠠᠴᠠ ᠦᠪᠡᠷ ᠤᠨ ᠠᠮᠢᠳᠤᠷᠠᠯ ᠦᠢᠯᠡᠳᠪᠤᠷᠢᠯᠡᠯ ᠤᠨ | ᠬᠡᠷᠡᠭᠴᠡᠭᠡᠨ ᠠᠴᠠ ᠪᠠᠨ ᠪᠤᠯᠤᠭᠠᠳ ᠦᠨᠤᠳᠤᠷ ᠪᠤᠯᠳᠠᠯ᠎ᠠ ᠡᠨᠡᠬᠦ ᠠᠵᠢᠯ ᠢᠶᠠᠨ ᠬᠢᠭᠰᠡᠬᠡᠷ ᠢᠷᠡᠵᠠᠢ᠃ | ᠠᠯᠳᠠᠨᠴᠡᠴᠡᠭ ᠬᠢᠯᠭᠠᠰᠤᠨ ᠰᠤᠶᠤᠯ ᠤᠨ ᠤᠯᠠᠮᠵᠢᠯᠠᠯᠳᠦ ᠰᠤᠶᠤᠯ ᠤᠨ ᠦᠪ ᠢᠶᠠᠨ ᠪᠠᠳᠠᠷᠠᠭᠤᠯᠬᠤ ᠶᠢᠨ ᠬᠠᠮᠳᠦ | ᠴᠠᠭ ᠡᠷᠢᠨ ᠤ ᠬᠦᠭᠵᠢᠯᠳᠠ ᠳᠤ ᠵᠤᠬᠢᠴᠠᠭᠤᠯᠤᠨ ᠰᠢᠨ᠎ᠠ ᠶᠢ ᠡᠬᠦᠳᠦᠨ ᠰᠤᠷᠤᠬᠰᠠᠨ ᠲᠤᠬᠠᠢ ᠪᠠᠨ᠄ ︽ᠪᠢ ᠤᠯᠠᠨ | ᠵᠢᠯ ᠬᠢᠯᠭᠠᠰᠤᠨ ᠡᠳ᠋ᠯᠡᠯ ᠬᠢᠬᠦ ᠶᠢᠨ ᠲᠤᠮᠳᠠ᠂ ᠨᠠᠰᠣᠳᠠᠶᠢᠴᠣᠳ ᠮᠢᠨᠢ ᠬᠢᠯᠭᠠᠰᠤᠨ ᠰᠤᠶᠤᠯ ᠢᠶᠠᠨ ᠬᠤᠶᠢᠴᠢ | ᠦᠶ᠎ᠡ ᠳᠡᠭᠡᠨ ᠦᠨᠢ ᠮᠦᠩᠬᠡ ᠤᠯᠠᠮᠵᠢᠯᠠᠨ ᠵᠠᠯᠭᠠᠮᠵᠢᠯᠠᠭᠤᠯᠬᠤ ᠬᠡᠰᠡᠨ ᠠᠤᠭ᠎ᠠ ᠰᠠᠨᠠᠭ᠎ᠠ ᠠᠯᠤᠰ ᠤᠨ ᠪᠤᠳᠤᠯ ᠲᠠᠢ | ᠪᠠᠶᠢᠬᠰᠡᠨ ᠢ ᠬᠤᠵᠢᠮ ᠨᠢ ᠰᠠᠶ᠋ᠢ ᠤᠶᠢᠯᠠᠭᠠᠵᠤ ᠮᠡᠳᠡᠭᠰᠡᠨ ᠶᠤᠮ᠂ ᠡᠶᠢᠮᠦ ᠠᠴᠠ ᠪᠢ ᠲᠡᠬᠡᠳᠤᠰ ᠠᠴᠠ ᠤᠯᠠᠮᠵᠢᠯᠠᠵᠦ | ᠢᠷᠡᠭᠰᠡᠨ ᠬᠢᠯᠭᠠᠰᠤᠨ ᠰᠤᠶᠤᠯ ᠢᠶᠠᠨ ᠰᠤᠷᠴᠦ ᠰᠤᠳᠤᠯᠬᠤ ᠦᠬᠡᠢ ᠦᠪ ᠰᠤᠶᠤᠯ ᠢ ᠤᠯᠠᠮᠵᠢᠯᠠᠨ ᠵᠠᠯᠭᠠᠮᠵᠢᠯᠠᠬᠤ | ᠦᠬᠡᠢ ᠪᠤᠯ ᠨᠠᠰᠤᠳᠠᠳ ᠲᠡᠭᠡᠳᠤᠰ ᠲᠡᠭᠡᠨ ᠤᠰᠤᠯᠳᠠᠨ᠎ᠠ︾ ᠬᠡᠵᠦ ᠦᠷᠬᠦᠯᠵᠢ ᠶᠠᠷᠢᠳᠠᠭ ᠪᠦᠬᠡᠳ ᠲᠡᠷᠡ ᠬᠢᠯᠭᠠᠰᠤᠨ | ᠡᠳ᠋ᠯᠠᠯ ᠤᠨ ᠤᠯᠠᠮᠵᠢᠯᠠᠯᠳᠦ ᠴᠢᠨᠠᠷ ᠢ ᠬᠠᠳᠠᠭᠠᠯᠠᠬᠤ ᠶᠢᠨ ᠰᠠᠭᠤᠷᠢᠨ ᠲᠡᠬᠡᠷ᠎ᠠ ᠰᠢᠨᠠᠴᠢᠯᠡᠬᠦ ᠶᠢ ᠵᠤᠷᠢᠵᠦ ᠤᠯᠠᠨ | ᠭᠠᠵᠡᠷ ᠢᠶᠠᠷ ᠶᠠᠪᠤᠵᠦ ᠪᠤᠯᠪᠠᠰᠤᠷᠠᠯ ᠪᠠ ᠲᠡᠯᠬᠡᠨ ᠦᠵᠡᠬᠦᠯᠬᠡ ᠳᠤ ᠤᠷᠤᠯᠴᠠᠵᠦ ᠦᠩᠬᠡᠷᠡᠵᠡᠢ᠃ ᠲᠡᠭᠡᠭᠡᠤᠠ ᠲᠠᠷᠠ | ᠬᠡᠴᠢᠨᠡᠨ ᠵᠢᠯ ᠤᠨ ᠲᠤᠷᠰᠢ ᠲᠤᠩ ᠶᠡᠭᠡ ᠬᠦᠴᠦ ᠬᠦᠳᠡᠯᠮᠦᠷᠢ ᠵᠠᠷᠤᠴᠠᠭᠤᠯᠵᠦ ᠨᠠᠶᠢᠷᠠᠭᠤᠯᠤᠬᠰᠡᠨ ︽ | ᠮᠤᠩᠭᠤᠯᠴᠤᠳ ᠤᠨ ᠬᠢᠯᠭᠠᠰᠣᠨ ᠡᠳ᠋ᠯᠡᠯ︾ ᠬᠡᠬᠦ ᠨᠤᠮ ᠢᠶᠠᠨ 2018 ᠤᠨ ᠤ 3 ᠰᠠᠷ᠎ᠠ ᠳᠤ ᠬᠡᠪᠯᠠᠬᠦᠯᠵᠡᠢ᠃ ᠪᠠᠰᠠ | ︽ᠮᠤᠩᠭᠤᠯ ᠠᠳᠤᠭᠤᠨ ᠤ ᠬᠢᠯᠭᠠᠰᠤᠨ ᠤ ᠤᠨᠴᠠᠭᠠᠢ ᠴᠢᠨᠠᠷ︾ ᠬᠡᠬᠦ ᠬᠢᠯᠭᠠᠰᠤᠨ ᠤ ᠪᠤᠷᠤᠭᠠᠨ ᠬᠤᠷ᠎ᠠ ᠴᠢᠬᠢᠭ | ᠨᠦᠢᠳᠠᠨ ᠠᠴᠠ ᠠᠶᠤᠬᠤ ᠦᠬᠡᠢ ᠮᠦᠷᠳᠡᠬᠡᠨ ᠤᠯᠠᠮ ᠴᠢᠩᠭᠠᠷᠠᠳᠠᠭ ᠤᠨᠴᠠᠭᠠᠢ ᠴᠢᠨᠠᠷ᠂ ᠲᠠᠪᠠᠭᠤᠯᠢᠭ ᠤᠨᠴᠠᠯᠢᠭ | ᠵᠡᠷᠬᠡ ᠶᠢ ᠨᠠᠷᠢᠨ ᠲᠤᠳᠤᠷᠬᠠᠶᠢᠯᠠᠬᠰᠡᠨ ᠦᠬᠦᠯᠡᠯ ᠢᠶᠠᠨ ᠪᠢᠴᠢᠵᠦ ᠨᠠᠶᠢᠳᠡᠯᠡᠬᠦᠯᠦᠭᠰᠡᠡ ᠪᠠ ︽ᠮᠤᠩᠭᠤᠯᠴᠣᠳ ᠤᠨ | ᠠᠳᠣᠭᠤ ᠲᠡᠯᠯᠡᠬᠦ ᠵᠠᠩ ᠣᠶᠢᠯᠡ︾ ᠬᠡᠰᠡᠨ ᠦᠬᠦᠯᠡᠯ ᠢᠶᠠᠨ ᠪᠢᠴᠢᠵᠦ ᠨᠡᠶᠢᠳᠡᠯᠡᠬᠦᠯᠦᠭᠰᠡᠡ ᠪᠠᠶᠢᠳᠠᠭ᠃ 2019 | ᠤᠨ ᠤ 11 ᠰᠠᠷ᠎ᠠ ᠳᠤ᠂ ᠰᠢᠯᠢ ᠶᠢᠨ ᠭᠤᠤᠯ ᠠᠵᠢᠯ ᠮᠡᠷᠬᠡᠵᠢᠯ ᠤᠨ ᠳᠡᠭᠡᠳᠤ ᠰᠣᠷᠭᠠᠭᠤᠯᠢ ᠳᠤ ᠪᠤᠯᠤᠭᠰᠠᠨ ᠨᠤᠮ | ᠪᠢᠴᠢᠭ ᠤᠨ ᠲᠤᠬᠠᠢ ᠲᠡᠶᠢᠯᠤᠮᠵᠢ ᠶᠢᠨ ᠬᠤᠷᠠᠯ ᠲᠡᠬᠡᠷ᠎ᠠ᠂ ᠡᠷᠳᠡᠮᠳᠡᠳ ᠰᠤᠳᠤᠯᠭᠠᠳᠡᠳ ᠵᠢᠴᠢ ᠦᠪᠤᠷ ᠮᠤᠩᠭᠤᠯ ᠤᠨ | ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠤᠨ ᠬᠡᠪᠯᠡᠯ ᠤᠨ ᠬᠤᠷᠢᠶᠠᠨ ᠤ ᠨᠠᠶᠢᠷᠠᠭᠤᠯᠤᠬᠴᠢᠳ ᠠᠴᠠ᠄ ︽ᠡᠨᠡᠬᠦ ︿ | ᠮᠤᠩᠭᠤᠯᠴᠣᠳ ᠤᠨ ᠬᠢᠯᠭᠠᠰᠤᠨ ᠡᠳ᠋ᠯᠡᠯ﹀ ᠬᠡᠬᠦ ᠨᠤᠮ ᠨᠢ ᠶᠡᠷᠤ ᠠᠴᠠ ᠬᠢᠯᠭᠠᠰᠤᠨ ᠤ ᠲᠣᠬᠠᠢ ᠨᠤᠮ ᠪᠠᠶᠢᠬᠤ ᠦᠬᠡᠢ | ᠬᠤᠭᠤᠰᠤᠨ ᠢ ᠨᠦᠬᠦᠪᠤᠷᠢᠯᠡᠪᠡ︾ ᠬᠡᠵᠤ ᠦᠨᠡᠯᠡᠭᠰᠡᠨ ᠪᠠᠶᠢᠨ᠎ᠠ᠃ | ᠠᠯᠳᠡᠨᠴᠡᠴᠡᠭ ᠤᠳᠦ ᠰᠢᠯᠣᠭᠤᠨ ᠬᠦᠬᠡ ᠬᠤᠰᠢᠭᠤᠨ ᠤ ᠲᠦᠪ ᠱᠠᠩᠳᠦ ᠪᠠᠯᠭᠠᠰᠤᠨ ᠳᠤ ︽ᠬᠢᠯᠭᠠᠰᠤᠨ | ᠣᠷᠠᠯᠠᠯ ᠤᠨ ᠦᠷᠬᠦᠬᠡ︾ ᠪᠠᠶᠢᠭᠤᠯᠤᠨ ᠡᠷᠬᠢᠯᠡᠵᠦ ᠪᠠᠶᠢᠬᠤ ᠪᠦᠬᠡᠳ ︽ᠬᠢᠯᠭᠠᠰᠤᠨ ᠤᠷᠠᠯᠠᠯ ᠤᠨ ᠰᠦᠯᠵᠢᠶ᠎ᠠ | ᠬᠤᠯᠪᠤᠭ᠎ᠠ︾ ᠪᠠᠶᠢᠭᠤᠯᠵᠤ᠂ ᠬᠤᠯᠪᠤᠭᠠᠨ ᠲᠡᠬᠡᠷ᠎ᠠ ᠪᠠᠨ ᠬᠢᠯᠭᠠᠰᠤᠨ ᠤᠷᠠᠯᠠᠯ ᠳᠤ ᠲᠤᠷ᠎ᠠ ᠪᠠᠭ᠋ᠠᠳᠡᠢ ᠬᠦᠮᠤᠰ ᠪᠤᠯᠤᠨ | ᠵᠠᠯᠠᠭᠤᠴᠤᠳ ᠪᠠᠭᠠᠴᠤᠳ ᠲᠠᠭᠠᠨ ᠬᠢᠯᠭᠠᠰᠤᠨ ᠲᠡᠬᠡᠰᠤ ᠲᠠᠮᠤᠬᠤ ᠪᠠ ᠢᠰᠡᠬᠡᠢ ᠤᠷᠠᠯᠠᠯ ᠤᠨ ᠲᠤᠬᠠᠢ ᠵᠢᠭᠠᠨ | ᠵᠢᠯᠤᠭᠤᠳᠤᠯᠭ᠎ᠠ ᠬᠢᠵᠦ ᠪᠤᠢ᠃ ᠲᠡᠬᠦᠨ ᠤ ᠤᠷᠠᠯᠠᠵᠦ ᠤᠶᠤᠬᠰᠡᠨ᠂ ᠲᠠᠮᠤᠵᠦ ᠬᠦᠷᠤᠭ᠍ᠰᠡᠨ ᠬᠢᠯᠭᠠᠰᠤᠨ ᠡᠳ᠋ᠯᠠᠯ | ᠨᠢᠬᠡᠪᠤᠷᠢ ᠳᠤᠨᠢ ᠬᠠᠶᠢᠷ᠎ᠠ ᠰᠡᠳᠬᠢᠯᠬᠡ᠂ ᠤᠶᠤᠨ ᠬᠦᠳᠠᠯᠮᠤᠷᠢ ᠰᠢᠩᠬᠡᠭᠰᠡᠨ ᠠᠴᠠ ᠤᠯᠠᠮᠵᠢᠯᠠᠯᠳᠦ ᠬᠢᠯᠭᠠᠰᠤᠨ ᠡᠳ᠋ᠯᠡᠯ | ᠬᠡᠷᠡᠭᠯᠡᠭᠴᠢᠳ ᠲᠤ ᠲᠤᠩ ᠲᠠᠭᠠᠰᠢᠶᠠᠬᠳᠠᠳᠠᠭ ᠪᠢᠯᠠ᠃ ᠲᠡᠷᠠ 2018 ᠤᠨ ᠤ 12 ᠰᠠᠷ᠎ᠠ ᠳᠤ᠂ ︽ᠬᠢᠯᠭᠠᠰᠤᠨ | ᠣᠷᠠᠯᠠᠯ ᠤᠨ ᠦᠷᠬᠦᠬᠡ︾ ᠳᠡᠭᠡᠨ ᠰᠦᠢᠳᠬᠡᠯ ᠬᠤᠷᠢᠶᠠᠬᠤ ᠦᠬᠡᠢ ᠪᠠᠷ ᠬᠢᠯᠭᠠᠰᠤ ᠢᠰᠡᠬᠡᠢ ᠤᠷᠠᠯᠠᠯ ᠤᠨ ᠪᠤᠯᠪᠠᠰᠣᠷᠠᠯ | ᠡᠷᠬᠢᠯᠡᠵᠦ᠂ ᠬᠢᠯᠭᠠᠰᠤᠨ ᠲᠡᠬᠡᠰᠣ ᠲᠠᠮᠤᠬᠤ ᠪᠠ ᠢᠰᠡᠬᠡᠢ ᠲᠡᠬᠡᠷ᠎ᠠ ᠤᠭᠠᠯᠵᠠ ᠰᠢᠷᠢᠬᠦ᠂ ᠰᠢᠪᠡᠮᠡᠯ ᠬᠤᠸᠠᠷ ᠤᠶᠤᠬᠤ | ᠵᠡᠷᠬᠡ ᠮᠡᠷᠬᠡᠵᠢᠯ ᠢ ᠤᠯᠠᠮᠵᠢᠯᠡᠨ ᠰᠤᠷᠭᠠᠵᠦ᠂ ᠬᠢᠯᠭᠠᠰᠤᠨ ᠤᠷᠠᠯᠠᠯ ᠳᠤ ᠲᠤᠷ᠎ᠠ ᠪᠠᠭ᠋ᠠᠳᠡᠢ ᠪᠤᠯᠪᠠᠰᠤᠷᠠᠯ ᠳᠤ | ᠤᠷᠤᠯᠴᠠᠬᠰᠡᠨ 25 ᠬᠦᠮᠤᠨ ᠲᠡᠬᠦᠨ ᠤ ᠵᠣᠷᠢᠭᠵᠢᠭᠤᠯᠣᠯ ᠢᠶᠠᠷ ᠭᠤᠷᠪᠠᠨ ᠡᠳᠤᠷ ᠤᠨ ᠰᠤᠷᠤᠯᠴᠠᠯᠭ᠎ᠠ ᠶᠢᠨ | ᠬᠤᠭᠤᠴᠠᠭᠠᠨ ᠳᠤ ᠤᠷᠠᠯᠠᠵᠦ ᠤᠶᠤᠵᠦ ᠪᠦᠳᠤᠬᠡᠭᠰᠡᠨ ᠰᠢᠷᠡᠬᠡᠨ ᠤ ᠲᠡᠪᠢᠰᠬᠡᠷ᠂ ᠢᠰᠡᠬᠡᠢ ᠲᠡᠬᠡᠷ᠎ᠠ ᠰᠢᠪᠡᠮᠡᠯ | ᠵᠡᠬᠦᠣ ᠪᠠᠷ ᠤᠶᠣᠭᠰᠠᠨ ᠴᠡᠴᠡᠭ ᠬᠤᠸᠠᠷ᠂ ᠪᠢᠷ ᠤᠨ ᠰᠠᠪᠠ᠂ ᠱᠠᠭ᠎ᠠ ᠶᠢᠨ ᠤᠭᠤᠳᠠ᠂ ᠬᠢᠯᠭᠠᠰᠤᠨ ᠲᠡᠬᠡᠰᠤ᠂ | ᠮᠤᠩᠭᠤᠯ ᠬᠡᠷ ᠤᠨ ᠪᠦᠰᠡᠯᠡᠬᠦᠷ ᠵᠡᠷᠬᠡ 40 ᠭᠠᠷᠤᠢ ᠪᠦᠳᠦᠬᠡᠭᠳᠡᠬᠦᠨ ᠢᠶᠠᠨ ᠦᠨ᠎ᠡ ᠲᠦᠯᠤᠪᠤᠷᠢ ᠦᠬᠡᠢ ᠪᠡᠯᠡᠭᠯᠡᠨ | ᠬᠦᠷᠬᠡᠵᠡᠢ᠃ | ᠲᠠᠷᠠ ᠬᠢᠯᠭᠠᠰᠤᠨ ᠰᠤᠶᠤᠯ ᠢᠶᠠᠨ ᠲᠡᠬᠡᠳᠤᠯᠡᠵᠦ ᠶᠠᠪᠤᠬᠤ ᠪᠠᠷ ᠪᠠᠷᠠᠬᠤ ᠦᠬᠡᠢ ᠪᠠᠰᠠ ᠢᠰᠡᠬᠡᠢ ᠤᠷᠠᠯᠠᠯ ᠤᠨ | ᠪᠤᠯᠪᠠᠰᠣᠷᠠᠯ ᠵᠠᠷᠬᠡ ᠳᠤ ᠤᠷᠤᠯᠴᠠᠵᠦ᠂ ᠢᠰᠡᠬᠡᠢ ᠤᠷᠠᠯᠠᠯ᠂ ᠱᠠᠭ᠎ᠠ ᠶᠢᠨ ᠰᠤᠶᠤᠯ᠂ ᠦᠨᠳᠤᠰᠤᠳᠠᠨ ᠤ ᠤᠨᠴᠠᠯᠢᠬᠳᠦ | ᠪᠤᠷᠭᠠᠰᠤᠨ ᠰᠠᠬᠰᠦ ᠬᠦᠷᠤᠬᠦ ᠵᠡᠷᠭᠡ ᠤᠯᠠᠨ ᠵᠦᠢᠯ ᠤᠨ ᠦᠨᠳᠤᠰᠤᠳᠠᠨ ᠤ ᠤᠨᠴᠠᠯᠢᠬᠳᠦ ᠰᠤᠶᠤᠯ ᠤᠷᠠᠯᠢᠭ ᠤᠨ | ᠵᠦᠢᠯᠡᠰ ᠢ ᠰᠤᠷᠴᠦ ᠰᠤᠳᠤᠯᠤᠨ ᠬᠢᠵᠦ ᠪᠤᠢ᠃ ᠠᠯᠳᠠᠨᠴᠡᠴᠡᠭ ᠰᠢᠯᠤᠭᠤᠨ ᠬᠦᠬᠡ ᠬᠤᠰᠢᠭᠤᠨ ᠤ ᠪᠠᠨ ᠮᠣᠩᠭᠤᠯ | ᠬᠡᠤᠬᠡᠳ ᠤᠨ ᠴᠡᠴᠡᠷᠯᠢᠭ ᠲᠤ ᠱᠠᠭ᠎ᠠ ᠲᠤᠬᠯᠠᠭᠠᠮ ᠪᠠ ᠱᠠᠭ᠎ᠠ ᠲᠤᠭᠯᠠᠭᠠᠮ ᠤᠨ ᠲᠡᠪᠢᠰᠬᠡᠷ᠂ ᠱᠠᠭ᠎ᠠ ᠶᠢᠨ | ᠤᠭᠤᠳᠠ ᠶᠢ ᠤᠶᠤᠵᠤ ᠤᠷᠠᠯᠠᠬᠤ ᠬᠢᠴᠢᠶᠡᠯ ᠣᠷᠣᠵᠣ᠂ ᠬᠠᠨᠠᠨ ᠲᠡᠬᠡᠷ᠎ᠠ ᠡᠯᠬᠦᠬᠦ ᠢᠰᠡᠬᠡᠢ ᠲᠡᠬᠡᠷ᠎ᠠ ᠡᠷᠳᠡᠨ ᠤ ᠣᠯᠠᠨ | ᠶᠠᠩᠵᠣ ᠶᠢᠨ ᠬᠡ ᠤᠭᠠᠯᠵᠠ ᠶᠢ ᠵᠢᠷᠤᠵᠤ ᠪᠡᠯᠡᠭᠯᠡᠭᠰᠡᠨ ᠶᠤᠮ᠃ |