ᠦᠢᠷ᠎ᠠ ᠶᠢᠨ ᠡᠲᠤᠷ᠂ ᠮᠢᠩᠭᠠᠨ ᠪᠦᠬᠡ ᠶᠢᠨ ᠲᠡᠷᠢᠬᠦᠨ᠂ ᠲᠤᠮᠲᠠᠲᠤ ᠮᠠᠶ᠋ᠢᠭ ᠤᠨ ᠪᠦᠬᠡ ᠶᠢᠨ ᠤᠯᠤᠰ ᠤᠨ | ᠠᠪᠤᠷᠭᠤ᠂ ᠵᠡᠬᠦᠨ ᠦᠵᠤᠮᠤᠴᠢᠨ ᠬᠤᠰᠢᠭᠤᠨ ᠤ ᠪᠦᠬᠡ ᠶᠢᠨ ᠲᠠᠰᠬᠠᠯᠵᠢᠭᠤᠯᠤᠭᠴᠢ ᠪᠠᠲᠤᠰᠦ᠋ᠬᠡ ᠬᠤᠷᠲᠤᠨ | ᠭᠠᠷ ᠤᠨ ᠰᠢᠭᠤᠳ ᠨᠡᠪᠲᠡᠷᠡᠬᠦᠯᠭᠡ ᠳᠤ ᠤᠷᠤᠯᠴᠠᠬᠤ ᠳᠠᠭᠠᠨ᠄ ︽ᠠᠬᠠᠮᠠᠳ ᠪᠦᠬᠡᠴᠤᠳ ᠠᠴᠠ ᠰᠤᠷᠬᠤ ᠶᠠᠭᠤᠮ᠎ᠠ | ᠤᠯᠠᠨ ᠪᠤᠢ᠂ ᠠᠬᠠᠮᠠᠳ ᠪᠦᠬᠡᠴᠤᠳ ᠤᠨ ᠢᠶᠠᠨ ᠰᠡᠳᠬᠢᠯ ᠢ ᠠᠭᠤᠲᠠᠯᠯᠠᠵᠤ᠂ ᠡᠷᠲᠡᠮ ᠢ ᠨᠢ ᠦᠪᠯᠡᠵᠤ ᠠᠪᠬᠤ ᠪᠤᠯ | ᠵᠠᠯᠠᠭᠤ ᠪᠦᠬᠡᠴᠤᠳ ᠤᠨ ᠡᠬᠦᠷᠭᠡ ᠬᠠᠷᠢᠭᠤᠴᠠᠯᠭ᠎ᠠ᠂ ᠮᠤᠩᠭᠤᠯ ᠪᠦᠬᠡ ᠶᠢᠨ ᠤᠯᠠᠮᠵᠢᠯᠠᠯᠲᠤ ᠮᠡᠭᠡ ᠮᠡᠷᠭᠡᠵᠢᠯ ᠢ ᠵᠠᠯᠠᠭᠤ | ᠪᠦᠬᠡᠴᠤᠳ ᠵᠦᠪ ᠦᠪᠯᠡᠵᠤ ᠴᠢᠲᠠᠪᠠᠯ ᠰᠠᠶ᠋ᠢ ᠮᠤᠩᠭᠤᠯ ᠪᠦᠬᠡ ᠢᠷᠡᠬᠡᠲᠤᠢ ᠳᠤ ᠪᠦᠷᠢᠨ ᠪᠦᠲᠤᠨ ᠢᠶᠠᠷ ᠤᠷᠤᠰᠢᠵᠤ | ᠴᠢᠲᠠᠨ᠎ᠠ︾ ᠬᠡᠵᠤ ᠬᠡᠯᠡᠭᠰᠡᠨ ᠪᠠᠶᠢᠲᠠᠭ᠃ ᠲᠡᠷᠡ ᠪᠠᠰᠠ ᠦᠵᠤᠮᠤᠴᠢᠨ ᠤ ᠨᠢᠬᠡᠨ ᠦᠶ᠎ᠡ ᠶᠢᠨ ᠠᠯᠲᠠᠷᠲᠤ ᠪᠦᠬᠡ ᠮᠢ᠊ | · ᠭᠸᠡᠭᠲᠤᠨ ᠤ ᠤᠡᠭᠭᠤᠨ ᠡᠷᠲᠡᠮ ᠲᠠᠲᠠᠭ᠎ᠠ ᠶᠢ ᠨᠢ ᠰᠤᠷᠬᠤ ᠪᠠᠷ ᠲᠤᠰᠬᠠᠶᠢᠯᠠᠨ ᠬᠦᠷᠴᠤ ᠠᠰᠠᠭᠤᠵᠤ ᠪᠠᠶᠢᠭᠰᠠᠨ | ᠰᠠᠶᠢᠬᠠᠨ ᠲᠤᠷᠠᠳᠬᠠᠯ ᠢᠶᠠᠨ ᠶᠠᠷᠢᠭᠰᠠᠨ ᠪᠢᠯᠡ᠃ | ᠮᠢ᠊ · ᠭᠸᠡᠭᠲᠤᠨ ᠪᠤᠯ ᠦᠵᠤᠮᠤᠴᠢᠨ ᠤ ᠨᠢᠬᠡᠨ ᠦᠶ᠎ᠡ ᠶᠢᠨ ᠴᠤᠤᠲᠤ ᠪᠦᠬᠡᠴᠤᠳ ᠤᠨ ᠨᠢᠭᠡ᠃ ᠲᠤᠮᠲᠠ ᠶᠢᠨ | ᠪᠡᠶ᠎ᠡ ᠲᠠᠢ᠂ ᠲᠦᠷᠭᠡᠨ ᠱᠠᠯᠠᠮᠠᠭᠠᠢ ᠬᠦᠲᠡᠯᠬᠡᠬᠡᠨ ᠲᠠᠢ᠂ ᠮᠡᠭᠡ ᠮᠡᠷᠭᠡᠵᠢᠯ ᠤᠯᠠᠨ᠂ ᠠᠪᠢᠶᠠᠰᠯᠢᠭ ᠪᠠᠷᠢᠯᠲᠤᠲᠠᠭ᠂ | ᠬᠠᠶᠠᠯᠲᠠ ᠰᠠᠶᠢᠲᠠᠢ᠃ ᠲᠡᠬᠦᠨ ᠤ ᠲᠠᠲᠠᠭ᠎ᠠ ᠡᠷᠲᠡᠮ ᠪᠤᠯ ᠠᠯᠲᠠᠷᠲᠠᠢ ᠶᠤᠮ᠃ | 1977 ᠤᠨ ᠳᠤ ᠪᠠᠷᠠᠭᠤᠨ ᠦᠵᠤᠮᠤᠴᠢᠨ ᠬᠤᠰᠢᠭᠤᠨ ᠤ ᠰᠤᠩᠬᠢᠨ᠎ᠠ ᠠᠭᠤᠯᠠ ᠰᠤᠮᠤᠨ ᠤ 256 ᠪᠦᠬᠡ | ᠪᠠᠷᠢᠯᠲᠤᠭᠤᠯᠤᠭᠰᠠᠨ ᠶᠡᠭᠡ ᠨᠠᠶᠢᠷ ᠲᠤ ᠰᠢᠯᠢ ᠶᠢᠨ ᠭᠤᠤᠯ ᠤᠨ ᠡᠯ᠎ᠡ ᠬᠤᠰᠢᠭᠤᠨ ᠤ ᠰᠠᠶᠢᠨ ᠪᠦᠬᠡᠴᠤᠳ ᠴᠤᠭᠯᠠᠷᠠᠵᠤ | ᠂ ᠪᠦᠬᠡ ᠤᠨᠤᠭᠠᠭᠴᠢᠳ ᠠᠷᠪᠠᠨ ᠵᠢᠷᠭᠤᠭ᠎ᠠ ᠶᠢᠨ ᠨᠤᠭᠤᠯᠤᠭᠠᠨ ᠳᠤ ᠨᠠᠶᠢᠲᠠᠨ ᠢ ᠰᠠᠶᠢᠡᠪᠠᠶᠠᠷ ᠢᠶᠠᠷ ᠬᠠᠶᠠᠭᠤᠯᠵᠤ᠂ | ᠮᠢ᠊ · ᠭᠸᠡᠭᠲᠤᠨ ᠢ ᠲᠤᠷᠵᠢᠭᠤᠲᠤᠪ ᠢᠶᠠᠷ ᠬᠠᠶᠠᠭᠤᠯᠬᠤ ᠪᠠᠷ ᠲᠦᠯᠤᠪᠯᠡᠵᠤ ᠲᠠᠭᠠᠷᠠᠭᠤᠯᠤᠭᠰᠠᠨ ᠬᠡᠨ᠎ᠡ᠃ | ᠲᠤᠷᠵᠢᠭᠤᠲᠤᠪ ᠪᠤᠯ ᠬᠢᠴᠠ ᠲᠦᠬᠦᠷᠡᠩ ᠬᠦᠲᠡᠯᠬᠡᠬᠡᠨ ᠰᠠᠶᠢᠲᠠᠢ᠂ ᠡᠷᠲᠡᠨᠢᠪᠠᠶᠠᠷ ᠢ ᠭᠡᠲᠤ ᠤᠲᠠᠭ᠎ᠠ ᠬᠠᠶᠠᠭᠰᠠᠨ | ᠰᠠᠶᠢᠨ ᠪᠦᠬᠡ ᠪᠤᠯᠤᠨ᠎ᠠ᠃ ᠢᠡᠭᠬᠢᠬᠡᠳ ᠮᠢ᠊ · ᠭᠸᠡᠭᠲᠤᠨ ᠲᠤᠷᠵᠢᠭᠤᠲᠤᠪ ᠬᠤᠶᠠᠷ ᠪᠠᠷᠢᠴᠠ ᠪᠤᠯᠢᠶᠠᠯᠲᠤᠵᠤ ᠪᠠᠶᠢᠭᠠᠳ | ᠮᠢ᠊ · ᠭᠸᠡᠭᠲᠤᠨ ᠵᠠᠪᠲᠤᠭᠠᠳ ᠲᠠᠲᠠᠭᠰᠠᠨ ᠳᠤ ᠲᠤᠷᠵᠢᠭᠤᠲᠤᠪ ᠤᠨ ᠴᠡᠭᠡᠵᠢ ᠨᠢ ᠲᠡᠭᠡᠭᠰᠢ ᠪᠠᠨ ᠬᠠᠷᠠᠵᠤ ᠤᠷᠪᠠᠨ | ᠭᠠᠷᠬᠤ ᠳᠠᠭᠠᠨ ᠬᠦᠡᠲᠡᠯᠡᠨ ᠲᠤᠭᠲᠠᠬᠤ ᠪᠠᠶᠢᠲᠠᠯ ᠲᠠᠢ ᠨᠢᠷᠤᠭᠤᠨ ᠲᠤᠤᠭᠤᠷ ᠨᠢ ᠰᠤᠩᠬᠢᠨ᠎ᠠ ᠠᠭᠤᠯᠠ ᠶᠢᠨ ᠤᠷᠤᠢ | ᠦᠵᠡᠭᠲᠡᠵᠤ ᠪᠠᠶᠢᠭᠰᠠᠨ ᠬᠡᠵᠤ ᠮᠢ᠊ · ᠭᠸᠡᠭᠲᠤᠨ ᠦᠯᠢᠬᠡᠷ ᠪᠤᠯᠭᠠᠨ ᠬᠠᠭᠤᠴᠢᠯᠠᠲᠠᠭ᠃ ᠲᠡᠷᠡ ᠨᠠᠶᠢᠷ ᠲᠤ ᠮᠢ᠊ · | ᠭᠸᠡᠭᠲᠤᠨ ᠲᠦᠮᠡᠨᠪᠠᠶᠠᠷ᠂ ᠭᠡ᠊ · ᠲᠤᠩᠷᠤᠪ᠂ ᠨᠡ᠊ · ᠳ᠋ᠠᠮᠪᠠ᠂ ᠲᠤᠷᠵᠢᠭᠤᠲᠤᠪ ᠨᠡᠷ ᠢ ᠪᠦᠷ ᠲᠠᠲᠠᠭ᠎ᠠ ᠪᠠᠷ ᠢᠶᠠᠨ | ᠬᠠᠶᠠᠵᠤ᠂ ᠲᠡᠭᠡᠲᠤ ᠨᠠᠢᠮᠠ ᠳᠤ ᠭᠤᠨᠴᠤᠭᠵᠠᠪ ᠲᠤ ᠦᠢᠴᠢᠵᠡᠢ᠃ | ᠠᠪᠤᠷᠭᠤ ᠪᠠᠲᠤᠰᠦ᠋ᠭᠡ ᠠᠬᠠᠮᠠᠳ ᠪᠦᠬᠡ ᠮᠢ᠊ · ᠭᠸᠡᠭᠲᠤᠨ ᠠᠴᠠ ᠲᠤᠰᠬᠠᠶᠢᠯᠠᠨ ︽ᠲᠠᠲᠠᠭ᠎ᠠ︾ ᠡᠷᠲᠡᠮ ᠢ ᠨᠢ | ᠰᠤᠷᠬᠤ ᠪᠠᠷ ᠭᠡᠷ ᠲᠤ ᠨᠢ ᠤᠴᠢᠵᠡᠢ᠃ ᠵᠠᠯᠠᠭᠤ ᠠᠪᠤᠷᠭᠤ ᠶᠢ ᠦᠵᠡᠭᠰᠡᠨ ᠠᠬᠠᠮᠠᠳ ᠪᠦᠬᠡ ᠮᠢ᠊ · ᠭᠸᠡᠭᠲᠤᠨ | ᠬᠡᠷᠬᠡᠢ ᠲᠠᠢ ᠪᠠᠨ ᠲᠤᠩ ᠪᠠᠶᠠᠷᠯᠠᠵᠤ᠂ ᠴᠠᠢ ᠬᠤᠭᠤᠯᠠ ᠪᠠᠷ ᠲᠠᠶᠢᠯᠠᠵᠤ ᠠᠷᠠᠵᠠ ᠠᠮᠰᠠᠨ ᠪᠠᠶᠠᠷᠯᠠᠵᠤ ᠨᠠᠶᠢᠷᠯᠠᠯᠲᠤᠨ | ᠶᠡᠭᠡ ᠲᠤᠷᠠᠳᠬᠠᠯ ᠲᠠᠢ ᠦᠡᠭᠭᠡᠷᠡᠬᠦᠯᠵᠡᠢ᠃ ᠲᠠᠷᠠ ᠤᠲᠠᠭ᠎ᠠ ᠠᠪᠤᠷᠭᠤ ᠪᠠᠲᠤᠰᠦ᠋ᠬᠡ ᠠᠬᠠᠮᠠᠳ ᠪᠦᠭᠡ ᠶᠢᠨ ᠲᠠᠲᠠᠭ᠎ᠠ | ᠡᠷᠲᠡᠮ ᠢ ᠨᠢ ᠰᠠᠶᠢᠬᠠᠨ ᠠᠰᠠᠭᠤᠵᠤ ᠴᠢᠲᠠᠭ᠎ᠠ ᠦᠭᠡᠢ᠂ ᠠᠬᠠᠮᠠᠳ ᠪᠦᠬᠡ ᠮᠢ᠊ · ᠭᠸᠡᠭᠲᠤᠨ ᠴᠦ ᠡᠷᠲᠡᠮ ᠢᠶᠠᠨ ᠰᠠᠶᠢᠨ | ᠵᠢᠭᠠᠵᠤ ᠴᠢᠲᠠᠭ᠎ᠠ ᠦᠭᠡᠢ ᠪᠤᠴᠠᠵᠡᠢ᠃ | ᠮᠢ᠊ · ᠭᠸᠡᠭᠲᠤᠨ ᠤ ᠲᠠᠲᠠᠭ᠎ᠠ ᠡᠷᠲᠡᠮ ᠢ ᠰᠤᠷᠬᠤ ᠶᠢ ᠶᠡᠭᠡ ᠬᠦᠰᠡᠵᠤ ᠪᠠᠶᠢᠭᠰᠠᠨ ᠠᠪᠤᠷᠭᠤ ᠪᠠᠲᠤᠰᠦ᠋ᠬᠡ ᠨᠢᠭᠡ | ᠤᠲᠠᠭ᠎ᠠ ᠦᠵᠤᠮᠤᠴᠢᠨ ᠨᠤᠲᠤᠭ ᠤᠨ ᠨᠢᠬᠡᠨ ᠦᠶ᠎ᠡ ᠶᠢᠨ ᠠᠯᠲᠠᠷᠲᠤ ᠪᠦᠬᠡ ᠡᠵᠢᠨᠠᠭᠤᠷ ᠤᠨ ᠪᠠᠨᠽᠠᠷ ᠲᠠᠢ ᠮᠢ᠊ · | ᠭᠸᠡᠭᠲᠤᠨ ᠤ ᠲᠠᠲᠠᠭ᠎ᠠ ᠡᠷᠲᠡᠮ ᠢ ᠶᠠᠷᠢᠯᠴᠠᠬᠤ ᠦᠶ᠎ᠡ ᠳᠤ ︽ᠪᠢ ᠠᠮᠠ ︵ᠮᠢ᠊ · ᠭᠸᠡᠭᠲᠤᠨ ᠤ ᠬᠦᠡᠲᠤᠳᠬᠡᠯ ᠨᠡᠷ᠎ᠡ︶ | ᠶᠢᠨ ᠴᠢᠨᠢ ᠲᠠᠲᠠᠭ᠎ᠠ ᠡᠷᠲᠡᠮ ᠤᠨ ᠠᠯᠬᠤᠮ ᠢ ᠮᠡᠲᠡᠨ᠎ᠡ ᠰᠢᠤ︾ ᠬᠡᠵᠤ ᠬᠡᠯᠡᠵᠡᠢ᠃ ᠡᠬᠦᠨ ᠢ ᠰᠤᠨᠤᠰᠤᠭᠰᠠᠨ | ᠠᠪᠤᠷᠭᠤ ᠪᠠᠲᠤᠰᠦ᠋ᠬᠡ ᠶᠡᠭᠡ ᠪᠠᠶᠠᠷᠯᠠᠵᠤ ᠲᠡᠭᠡᠪᠡᠯ ᠲᠠ ᠨᠠᠲᠠᠲᠤ ᠵᠢᠭᠠᠵᠤ ᠦᠭᠬᠦᠬᠡᠷᠡᠢ ᠬᠡᠵᠤ ᠭᠤᠶᠤᠵᠡᠢ᠃ | ᠢᠡᠭᠬᠢᠬᠡᠳ ᠨᠢᠬᠡᠨ ᠦᠶ᠎ᠡ ᠶᠢᠨ ᠠᠯᠲᠠᠷᠲᠤ ᠪᠦᠬᠡ ᠪᠠᠨᠽᠠᠷ ᠭᠤᠸᠠᠢ ᠮᠢ᠊ · ᠭᠸᠡᠭᠲᠤᠨ ᠤ ︽ᠲᠠᠲᠠᠭ᠎ᠠ︾ ᠡᠷᠲᠡᠮ ᠢ | ᠪᠠᠲᠤᠰᠦ᠋ᠬᠡ ᠳᠤ ᠵᠢᠭᠠᠵᠤ ᠦᠭᠴᠡᠢ᠃ | ᠮᠢ᠊ · ᠭᠸᠡᠭᠲᠤᠨ ᠤ ︽ᠲᠠᠲᠠᠭ᠎ᠠ︾ ᠡᠷᠲᠡᠮ ᠢ ᠲᠤᠬᠠᠢ ᠶᠢᠨ ᠦᠶ᠎ᠡ ᠳᠤ ︽ᠲᠠᠯᠠᠪᠴᠢᠯᠠ ᠲᠠᠲᠠᠭ᠎ᠠ︾ ᠬᠡᠵᠤ | ᠶᠠᠷᠢᠲᠠᠭ᠃ ᠤᠲᠤ ᠲᠠᠯᠠᠪᠴᠢᠯᠠᠵᠤ ᠪᠠᠷᠢᠬᠤ ᠪᠠᠷᠢᠴᠠ ᠴᠦ ᠬᠠᠷᠠᠭᠳᠠᠬᠤ ᠦᠬᠡᠢ ᠪᠤᠯᠵᠡᠢ᠃ ᠠᠬᠠᠮᠠᠳ ᠪᠦᠬᠡ ᠪᠠᠨᠽᠠᠷ | ᠭᠤᠸᠠᠢ ᠨᠤᠲᠤᠭ ᠤᠨ ᠲᠡᠬᠦᠤ ᠪᠤᠯᠬᠤ ᠵᠠᠯᠠᠭᠤ ᠪᠦᠬᠡ ᠪᠠᠲᠤᠰᠦ᠋ᠬᠡ ᠳᠤ ᠮᠢ᠊ · ᠭᠸᠡᠭᠲᠤᠨ ᠤ ︽ᠲᠠᠲᠠᠭ᠎ᠠ︾ ᠡᠷᠲᠡᠮ ᠢ | ᠬᠢᠬᠦ ᠶᠠᠪᠤᠴᠠ ᠠᠯᠬᠤᠮ ᠲᠠᠷᠠᠭ᠎ᠠ ᠶᠢ ᠲᠤᠩ ᠨᠠᠷᠢᠨ ᠬᠡᠯᠡᠵᠤ ᠦᠭᠴᠡᠢ᠃ ᠬᠦᠮᠤᠨ ᠢ ᠤᠷᠤᠭᠰᠢ ᠪᠠᠨ ᠬᠦᠡᠲᠤᠷᠬᠦ ᠳᠤ | ᠨᠦᠬᠦᠭᠡ ᠬᠦᠮᠤᠨ ᠰᠤᠴᠢᠬᠤ ᠶᠢᠨ ᠡᠷᠭᠡ ᠪᠠᠷ ᠠᠷᠤᠭᠰᠢ ᠰᠠᠭᠤᠲᠠᠭ᠂ ᠡᠨᠡ ᠦᠶ᠎ᠡ ᠳᠤ ᠪᠡᠶ᠎ᠡ ᠪᠠᠨ ᠡᠷᠬᠢᠨ | ᠭᠠᠷᠬᠤ ᠳᠤ ᠶᠠᠭ ᠠᠯᠬᠤᠮ ᠤᠨ ᠡᠬᠡᠯᠵᠢ ᠲᠠᠭᠠᠷᠠᠵᠤ ᠶᠠᠭᠠᠬᠢᠬᠤ ᠶᠢᠨ ᠠᠷᠭ᠎ᠠ ᠦᠭᠡᠢ ᠲᠠᠲᠠᠭ᠎ᠠ ᠡᠷᠲᠡᠮ ᠳᠤ ᠤᠷᠤᠲᠠᠭ᠃ | ᠬᠤᠷᠲᠤᠨ ᠭᠠᠷ ᠤᠨ ᠰᠢᠭᠤᠳ ᠨᠡᠪᠲᠡᠷᠡᠬᠦᠯᠭᠡ ᠳᠤ ᠤᠷᠤᠯᠴᠠᠭᠰᠠᠨ ᠪᠠᠲᠤᠰᠦ᠋ᠬᠡ ᠵᠠᠯᠠᠭᠤ ᠦᠶ᠎ᠡ ᠶᠢᠨ | ᠪᠦᠬᠡᠴᠤᠳ ᠲᠡᠭᠡᠨ ᠠᠬᠠᠮᠠᠳ ᠪᠦᠬᠡ ᠠᠴᠠ ᠦᠷᠬᠦᠯᠵᠢ ᠮᠡᠭᠡ ᠮᠡᠷᠭᠡᠵᠢᠯ ᠰᠤᠷᠴᠤ ᠪᠠᠶᠢᠭᠠᠷᠠᠢ ᠭᠡᠵᠤ ᠵᠠᠬᠢᠭᠰᠠᠨ | ᠪᠦᠬᠡᠳ ᠦᠪᠡᠷ ᠢᠶᠠᠨ ᠠᠬᠠᠮᠠᠳ ᠪᠦᠬᠡ ᠮᠢ᠊ · ᠭᠸᠡᠭᠲᠤᠨ ᠤ ︽ᠲᠠᠲᠠᠭ᠎ᠠ︾ ᠡᠷᠲᠡᠮ ᠢ ᠰᠤᠷᠤᠭᠰᠠᠨ ᠳᠠᠭᠠᠨ ᠲᠤᠩ | ᠤᠯᠵᠠᠷᠬᠠᠲᠠᠭ ᠬᠡᠵᠤ ᠶᠠᠷᠢᠭᠰᠠᠨ ᠪᠢᠯᠡ᠃ |