ᠠᠬᠠᠮᠠᠳ ᠪᠦᠬᠡᠴᠤᠳ ᠠᠴᠠ ᠰᠤᠷᠬᠤ ᠶᠠᠭᠤᠮ᠎ᠠ ᠤᠯᠠᠨ ᠪᠤᠢ
ᠨᠡᠶᠢᠲᠡᠯᠡᠭᠰᠡᠨ ᠴᠠᠭ᠄
2020/6/4
    ᠦᠢᠷ᠎ᠠ ᠶᠢᠨ ᠡᠲᠤᠷ᠂ ᠮᠢᠩᠭᠠᠨ ᠪᠦᠬᠡ ᠶᠢᠨ ᠲᠡᠷᠢᠬᠦᠨ᠂ ᠲᠤᠮᠲᠠᠲᠤ ᠮᠠᠶ᠋ᠢᠭ ᠤᠨ ᠪᠦᠬᠡ ᠶᠢᠨ ᠤᠯᠤᠰ ᠤᠨ ᠠᠪᠤᠷᠭᠤ᠂ ᠵᠡᠬᠦᠨ ᠦᠵᠤᠮᠤᠴᠢᠨ ᠬᠤᠰᠢᠭᠤᠨ ᠤ ᠪᠦᠬᠡ ᠶᠢᠨ ᠲᠠᠰᠬᠠᠯᠵᠢᠭᠤᠯᠤᠭᠴᠢ ᠪᠠᠲᠤᠰᠦ᠋ᠬᠡ ᠬᠤᠷᠲᠤᠨ ᠭᠠᠷ ᠤᠨ ᠰᠢᠭᠤᠳ ᠨᠡᠪᠲᠡᠷᠡᠬᠦᠯᠭᠡ ᠳᠤ ᠤᠷᠤᠯᠴᠠᠬᠤ ᠳᠠᠭᠠᠨ᠄ ︽ᠠᠬᠠᠮᠠᠳ ᠪᠦᠬᠡᠴᠤᠳ ᠠᠴᠠ ᠰᠤᠷᠬᠤ ᠶᠠᠭᠤᠮ᠎ᠠ ᠤᠯᠠᠨ ᠪᠤᠢ᠂ ᠠᠬᠠᠮᠠᠳ ᠪᠦᠬᠡᠴᠤᠳ ᠤᠨ ᠢᠶᠠᠨ ᠰᠡᠳᠬᠢᠯ ᠢ ᠠᠭᠤᠲᠠᠯᠯᠠᠵᠤ᠂ ᠡᠷᠲᠡᠮ ᠢ ᠨᠢ ᠦᠪᠯᠡᠵᠤ ᠠᠪᠬᠤ ᠪᠤᠯ ᠵᠠᠯᠠᠭᠤ ᠪᠦᠬᠡᠴᠤᠳ ᠤᠨ ᠡᠬᠦᠷᠭᠡ ᠬᠠᠷᠢᠭᠤᠴᠠᠯᠭ᠎ᠠ᠂ ᠮᠤᠩᠭᠤᠯ ᠪᠦᠬᠡ ᠶᠢᠨ ᠤᠯᠠᠮᠵᠢᠯᠠᠯᠲᠤ ᠮᠡᠭᠡ ᠮᠡᠷᠭᠡᠵᠢᠯ ᠢ ᠵᠠᠯᠠᠭᠤ ᠪᠦᠬᠡᠴᠤᠳ ᠵᠦᠪ ᠦᠪᠯᠡᠵᠤ ᠴᠢᠲᠠᠪᠠᠯ ᠰᠠᠶ᠋ᠢ ᠮᠤᠩᠭᠤᠯ ᠪᠦᠬᠡ ᠢᠷᠡᠬᠡᠲᠤᠢ ᠳᠤ ᠪᠦᠷᠢᠨ ᠪᠦᠲᠤᠨ ᠢᠶᠠᠷ ᠤᠷᠤᠰᠢᠵᠤ ᠴᠢᠲᠠᠨ᠎ᠠ︾ ᠬᠡᠵᠤ ᠬᠡᠯᠡᠭᠰᠡᠨ ᠪᠠᠶᠢᠲᠠᠭ᠃ ᠲᠡᠷᠡ ᠪᠠᠰᠠ ᠦᠵᠤᠮᠤᠴᠢᠨ ᠤ ᠨᠢᠬᠡᠨ ᠦᠶ᠎ᠡ ᠶᠢᠨ ᠠᠯᠲᠠᠷᠲᠤ ᠪᠦᠬᠡ ᠮᠢ᠊ · ᠭᠸᠡᠭᠲᠤᠨ ᠤ ᠤᠡᠭᠭᠤᠨ ᠡᠷᠲᠡᠮ ᠲᠠᠲᠠᠭ᠎ᠠ ᠶᠢ ᠨᠢ ᠰᠤᠷᠬᠤ ᠪᠠᠷ ᠲᠤᠰᠬᠠᠶᠢᠯᠠᠨ ᠬᠦᠷᠴᠤ ᠠᠰᠠᠭᠤᠵᠤ ᠪᠠᠶᠢᠭᠰᠠᠨ ᠰᠠᠶᠢᠬᠠᠨ ᠲᠤᠷᠠᠳᠬᠠᠯ ᠢᠶᠠᠨ ᠶᠠᠷᠢᠭᠰᠠᠨ ᠪᠢᠯᠡ᠃     ᠮᠢ᠊ · ᠭᠸᠡᠭᠲᠤᠨ ᠪᠤᠯ ᠦᠵᠤᠮᠤᠴᠢᠨ ᠤ ᠨᠢᠬᠡᠨ ᠦᠶ᠎ᠡ ᠶᠢᠨ ᠴᠤᠤᠲᠤ ᠪᠦᠬᠡᠴᠤᠳ ᠤᠨ ᠨᠢᠭᠡ᠃ ᠲᠤᠮᠲᠠ ᠶᠢᠨ ᠪᠡᠶ᠎ᠡ ᠲᠠᠢ᠂ ᠲᠦᠷᠭᠡᠨ ᠱᠠᠯᠠᠮᠠᠭᠠᠢ ᠬᠦᠲᠡᠯᠬᠡᠬᠡᠨ ᠲᠠᠢ᠂ ᠮᠡᠭᠡ ᠮᠡᠷᠭᠡᠵᠢᠯ ᠤᠯᠠᠨ᠂ ᠠᠪᠢᠶᠠᠰᠯᠢᠭ ᠪᠠᠷᠢᠯᠲᠤᠲᠠᠭ᠂ ᠬᠠᠶᠠᠯᠲᠠ ᠰᠠᠶᠢᠲᠠᠢ᠃ ᠲᠡᠬᠦᠨ ᠤ ᠲᠠᠲᠠᠭ᠎ᠠ ᠡᠷᠲᠡᠮ ᠪᠤᠯ ᠠᠯᠲᠠᠷᠲᠠᠢ ᠶᠤᠮ᠃     1977 ᠤᠨ ᠳᠤ ᠪᠠᠷᠠᠭᠤᠨ ᠦᠵᠤᠮᠤᠴᠢᠨ ᠬᠤᠰᠢᠭᠤᠨ ᠤ ᠰᠤᠩᠬᠢᠨ᠎ᠠ ᠠᠭᠤᠯᠠ ᠰᠤᠮᠤᠨ ᠤ 256 ᠪᠦᠬᠡ ᠪᠠᠷᠢᠯᠲᠤᠭᠤᠯᠤᠭᠰᠠᠨ ᠶᠡᠭᠡ ᠨᠠᠶᠢᠷ ᠲᠤ ᠰᠢᠯᠢ ᠶᠢᠨ ᠭᠤᠤᠯ ᠤᠨ ᠡᠯ᠎ᠡ ᠬᠤᠰᠢᠭᠤᠨ ᠤ ᠰᠠᠶᠢᠨ ᠪᠦᠬᠡᠴᠤᠳ ᠴᠤᠭᠯᠠᠷᠠᠵᠤ ᠂ ᠪᠦᠬᠡ ᠤᠨᠤᠭᠠᠭᠴᠢᠳ ᠠᠷᠪᠠᠨ ᠵᠢᠷᠭᠤᠭ᠎ᠠ ᠶᠢᠨ ᠨᠤᠭᠤᠯᠤᠭᠠᠨ ᠳᠤ ᠨᠠᠶᠢᠲᠠᠨ ᠢ ᠰᠠᠶᠢᠡᠪᠠᠶᠠᠷ ᠢᠶᠠᠷ ᠬᠠᠶᠠᠭᠤᠯᠵᠤ᠂ ᠮᠢ᠊ · ᠭᠸᠡᠭᠲᠤᠨ ᠢ ᠲᠤᠷᠵᠢᠭᠤᠲᠤᠪ ᠢᠶᠠᠷ ᠬᠠᠶᠠᠭᠤᠯᠬᠤ ᠪᠠᠷ ᠲᠦᠯᠤᠪᠯᠡᠵᠤ ᠲᠠᠭᠠᠷᠠᠭᠤᠯᠤᠭᠰᠠᠨ ᠬᠡᠨ᠎ᠡ᠃ ᠲᠤᠷᠵᠢᠭᠤᠲᠤᠪ ᠪᠤᠯ ᠬᠢᠴᠠ ᠲᠦᠬᠦᠷᠡᠩ ᠬᠦᠲᠡᠯᠬᠡᠬᠡᠨ ᠰᠠᠶᠢᠲᠠᠢ᠂ ᠡᠷᠲᠡᠨᠢᠪᠠᠶᠠᠷ ᠢ ᠭᠡᠲᠤ ᠤᠲᠠᠭ᠎ᠠ ᠬᠠᠶᠠᠭᠰᠠᠨ ᠰᠠᠶᠢᠨ ᠪᠦᠬᠡ ᠪᠤᠯᠤᠨ᠎ᠠ᠃ ᠢᠡᠭᠬᠢᠬᠡᠳ ᠮᠢ᠊ · ᠭᠸᠡᠭᠲᠤᠨ ᠲᠤᠷᠵᠢᠭᠤᠲᠤᠪ ᠬᠤᠶᠠᠷ ᠪᠠᠷᠢᠴᠠ ᠪᠤᠯᠢᠶᠠᠯᠲᠤᠵᠤ ᠪᠠᠶᠢᠭᠠᠳ ᠮᠢ᠊ · ᠭᠸᠡᠭᠲᠤᠨ ᠵᠠᠪᠲᠤᠭᠠᠳ ᠲᠠᠲᠠᠭᠰᠠᠨ ᠳᠤ ᠲᠤᠷᠵᠢᠭᠤᠲᠤᠪ ᠤᠨ ᠴᠡᠭᠡᠵᠢ ᠨᠢ ᠲᠡᠭᠡᠭᠰᠢ ᠪᠠᠨ ᠬᠠᠷᠠᠵᠤ ᠤᠷᠪᠠᠨ ᠭᠠᠷᠬᠤ ᠳᠠᠭᠠᠨ ᠬᠦᠡᠲᠡᠯᠡᠨ ᠲᠤᠭᠲᠠᠬᠤ ᠪᠠᠶᠢᠲᠠᠯ ᠲᠠᠢ ᠨᠢᠷᠤᠭᠤᠨ ᠲᠤᠤᠭᠤᠷ ᠨᠢ ᠰᠤᠩᠬᠢᠨ᠎ᠠ ᠠᠭᠤᠯᠠ ᠶᠢᠨ ᠤᠷᠤᠢ ᠦᠵᠡᠭᠲᠡᠵᠤ ᠪᠠᠶᠢᠭᠰᠠᠨ ᠬᠡᠵᠤ ᠮᠢ᠊ · ᠭᠸᠡᠭᠲᠤᠨ ᠦᠯᠢᠬᠡᠷ ᠪᠤᠯᠭᠠᠨ ᠬᠠᠭᠤᠴᠢᠯᠠᠲᠠᠭ᠃ ᠲᠡᠷᠡ ᠨᠠᠶᠢᠷ ᠲᠤ ᠮᠢ᠊ · ᠭᠸᠡᠭᠲᠤᠨ ᠲᠦᠮᠡᠨᠪᠠᠶᠠᠷ᠂ ᠭᠡ᠊ · ᠲᠤᠩᠷᠤᠪ᠂ ᠨᠡ᠊ · ᠳ᠋ᠠᠮᠪᠠ᠂ ᠲᠤᠷᠵᠢᠭᠤᠲᠤᠪ ᠨᠡᠷ ᠢ ᠪᠦᠷ ᠲᠠᠲᠠᠭ᠎ᠠ ᠪᠠᠷ ᠢᠶᠠᠨ ᠬᠠᠶᠠᠵᠤ᠂ ᠲᠡᠭᠡᠲᠤ ᠨᠠᠢᠮᠠ ᠳᠤ ᠭᠤᠨᠴᠤᠭᠵᠠᠪ ᠲᠤ ᠦᠢᠴᠢᠵᠡᠢ᠃     ᠠᠪᠤᠷᠭᠤ ᠪᠠᠲᠤᠰᠦ᠋ᠭᠡ ᠠᠬᠠᠮᠠᠳ ᠪᠦᠬᠡ ᠮᠢ᠊ · ᠭᠸᠡᠭᠲᠤᠨ ᠠᠴᠠ ᠲᠤᠰᠬᠠᠶᠢᠯᠠᠨ ︽ᠲᠠᠲᠠᠭ᠎ᠠ︾ ᠡᠷᠲᠡᠮ ᠢ ᠨᠢ ᠰᠤᠷᠬᠤ ᠪᠠᠷ ᠭᠡᠷ ᠲᠤ ᠨᠢ ᠤᠴᠢᠵᠡᠢ᠃ ᠵᠠᠯᠠᠭᠤ ᠠᠪᠤᠷᠭᠤ ᠶᠢ ᠦᠵᠡᠭᠰᠡᠨ ᠠᠬᠠᠮᠠᠳ ᠪᠦᠬᠡ ᠮᠢ᠊ · ᠭᠸᠡᠭᠲᠤᠨ ᠬᠡᠷᠬᠡᠢ ᠲᠠᠢ ᠪᠠᠨ ᠲᠤᠩ ᠪᠠᠶᠠᠷᠯᠠᠵᠤ᠂ ᠴᠠᠢ ᠬᠤᠭᠤᠯᠠ ᠪᠠᠷ ᠲᠠᠶᠢᠯᠠᠵᠤ ᠠᠷᠠᠵᠠ ᠠᠮᠰᠠᠨ ᠪᠠᠶᠠᠷᠯᠠᠵᠤ ᠨᠠᠶᠢᠷᠯᠠᠯᠲᠤᠨ ᠶᠡᠭᠡ ᠲᠤᠷᠠᠳᠬᠠᠯ ᠲᠠᠢ ᠦᠡᠭᠭᠡᠷᠡᠬᠦᠯᠵᠡᠢ᠃ ᠲᠠᠷᠠ ᠤᠲᠠᠭ᠎ᠠ ᠠᠪᠤᠷᠭᠤ ᠪᠠᠲᠤᠰᠦ᠋ᠬᠡ ᠠᠬᠠᠮᠠᠳ ᠪᠦᠭᠡ ᠶᠢᠨ ᠲᠠᠲᠠᠭ᠎ᠠ ᠡᠷᠲᠡᠮ ᠢ ᠨᠢ ᠰᠠᠶᠢᠬᠠᠨ ᠠᠰᠠᠭᠤᠵᠤ ᠴᠢᠲᠠᠭ᠎ᠠ ᠦᠭᠡᠢ᠂ ᠠᠬᠠᠮᠠᠳ ᠪᠦᠬᠡ ᠮᠢ᠊ · ᠭᠸᠡᠭᠲᠤᠨ ᠴᠦ ᠡᠷᠲᠡᠮ ᠢᠶᠠᠨ ᠰᠠᠶᠢᠨ ᠵᠢᠭᠠᠵᠤ ᠴᠢᠲᠠᠭ᠎ᠠ ᠦᠭᠡᠢ ᠪᠤᠴᠠᠵᠡᠢ᠃     ᠮᠢ᠊ · ᠭᠸᠡᠭᠲᠤᠨ ᠤ ᠲᠠᠲᠠᠭ᠎ᠠ ᠡᠷᠲᠡᠮ ᠢ ᠰᠤᠷᠬᠤ ᠶᠢ ᠶᠡᠭᠡ ᠬᠦᠰᠡᠵᠤ ᠪᠠᠶᠢᠭᠰᠠᠨ ᠠᠪᠤᠷᠭᠤ ᠪᠠᠲᠤᠰᠦ᠋ᠬᠡ ᠨᠢᠭᠡ ᠤᠲᠠᠭ᠎ᠠ ᠦᠵᠤᠮᠤᠴᠢᠨ ᠨᠤᠲᠤᠭ ᠤᠨ ᠨᠢᠬᠡᠨ ᠦᠶ᠎ᠡ ᠶᠢᠨ ᠠᠯᠲᠠᠷᠲᠤ ᠪᠦᠬᠡ ᠡᠵᠢᠨᠠᠭᠤᠷ ᠤᠨ ᠪᠠᠨᠽᠠᠷ ᠲᠠᠢ ᠮᠢ᠊ · ᠭᠸᠡᠭᠲᠤᠨ ᠤ ᠲᠠᠲᠠᠭ᠎ᠠ ᠡᠷᠲᠡᠮ ᠢ ᠶᠠᠷᠢᠯᠴᠠᠬᠤ ᠦᠶ᠎ᠡ ᠳᠤ ︽ᠪᠢ ᠠᠮ᠎ᠠ ︵ᠮᠢ᠊ · ᠭᠸᠡᠭᠲᠤᠨ ᠤ ᠬᠦᠡᠲᠤᠳᠬᠡᠯ ᠨᠡᠷ᠎ᠡ︶᠎ ᠶᠢᠨ ᠴᠢᠨᠢ ᠲᠠᠲᠠᠭ᠎ᠠ ᠡᠷᠲᠡᠮ ᠤᠨ ᠠᠯᠬᠤᠮ ᠢ ᠮᠡᠲᠡᠨ᠎ᠡ ᠰᠢᠤ︾ ᠬᠡᠵᠤ ᠬᠡᠯᠡᠵᠡᠢ᠃ ᠡᠬᠦᠨ ᠢ ᠰᠤᠨᠤᠰᠤᠭᠰᠠᠨ ᠠᠪᠤᠷᠭᠤ ᠪᠠᠲᠤᠰᠦ᠋ᠬᠡ ᠶᠡᠭᠡ ᠪᠠᠶᠠᠷᠯᠠᠵᠤ ᠲᠡᠭᠡᠪᠡᠯ ᠲᠠ ᠨᠠᠲᠠᠲᠤ ᠵᠢᠭᠠᠵᠤ ᠦᠭᠬᠦᠬᠡᠷᠡᠢ ᠬᠡᠵᠤ ᠭᠤᠶᠤᠵᠡᠢ᠃ ᠢᠡᠭᠬᠢᠬᠡᠳ ᠨᠢᠬᠡᠨ ᠦᠶ᠎ᠡ ᠶᠢᠨ ᠠᠯᠲᠠᠷᠲᠤ ᠪᠦᠬᠡ ᠪᠠᠨᠽᠠᠷ ᠭᠤᠸᠠᠢ ᠮᠢ᠊ · ᠭᠸᠡᠭᠲᠤᠨ ᠤ ︽ᠲᠠᠲᠠᠭ᠎ᠠ︾ ᠡᠷᠲᠡᠮ ᠢ ᠪᠠᠲᠤᠰᠦ᠋ᠬᠡ ᠳᠤ ᠵᠢᠭᠠᠵᠤ ᠦᠭᠴᠡᠢ᠃     ᠮᠢ᠊ · ᠭᠸᠡᠭᠲᠤᠨ ᠤ ︽ᠲᠠᠲᠠᠭ᠎ᠠ︾ ᠡᠷᠲᠡᠮ ᠢ ᠲᠤᠬᠠᠢ ᠶᠢᠨ ᠦᠶ᠎ᠡ ᠳᠤ ︽ᠲᠠᠯᠠᠪᠴᠢᠯᠠ ᠲᠠᠲᠠᠭ᠎ᠠ︾ ᠬᠡᠵᠤ ᠶᠠᠷᠢᠲᠠᠭ᠃ ᠤᠲᠤ ᠲᠠᠯᠠᠪᠴᠢᠯᠠᠵᠤ ᠪᠠᠷᠢᠬᠤ ᠪᠠᠷᠢᠴᠠ ᠴᠦ ᠬᠠᠷᠠᠭᠳᠠᠬᠤ ᠦᠬᠡᠢ ᠪᠤᠯᠵᠡᠢ᠃ ᠠᠬᠠᠮᠠᠳ ᠪᠦᠬᠡ ᠪᠠᠨᠽᠠᠷ ᠭᠤᠸᠠᠢ ᠨᠤᠲᠤᠭ ᠤᠨ ᠲᠡᠬᠦᠤ ᠪᠤᠯᠬᠤ ᠵᠠᠯᠠᠭᠤ ᠪᠦᠬᠡ ᠪᠠᠲᠤᠰᠦ᠋ᠬᠡ ᠳᠤ ᠮᠢ᠊ · ᠭᠸᠡᠭᠲᠤᠨ ᠤ ︽ᠲᠠᠲᠠᠭ᠎ᠠ︾ ᠡᠷᠲᠡᠮ ᠢ ᠬᠢᠬᠦ ᠶᠠᠪᠤᠴᠠ ᠠᠯᠬᠤᠮ ᠲᠠᠷᠠᠭ᠎ᠠ ᠶᠢ ᠲᠤᠩ ᠨᠠᠷᠢᠨ ᠬᠡᠯᠡᠵᠤ ᠦᠭᠴᠡᠢ᠃ ᠬᠦᠮᠤᠨ ᠢ ᠤᠷᠤᠭᠰᠢ ᠪᠠᠨ ᠬᠦᠡᠲᠤᠷᠬᠦ ᠳᠤ ᠨᠦᠬᠦᠭᠡ ᠬᠦᠮᠤᠨ ᠰᠤᠴᠢᠬᠤ ᠶᠢᠨ ᠡᠷᠭᠡ ᠪᠠᠷ ᠠᠷᠤᠭᠰᠢ ᠰᠠᠭᠤᠲᠠᠭ᠂ ᠡᠨᠡ ᠦᠶ᠎ᠡ ᠳᠤ ᠪᠡᠶ᠎ᠡ ᠪᠠᠨ ᠡᠷᠬᠢᠨ ᠭᠠᠷᠬᠤ ᠳᠤ ᠶᠠᠭ ᠠᠯᠬᠤᠮ ᠤᠨ ᠡᠬᠡᠯᠵᠢ ᠲᠠᠭᠠᠷᠠᠵᠤ ᠶᠠᠭᠠᠬᠢᠬᠤ ᠶᠢᠨ ᠠᠷᠭ᠎ᠠ ᠦᠭᠡᠢ ᠲᠠᠲᠠᠭ᠎ᠠ ᠡᠷᠲᠡᠮ ᠳᠤ ᠤᠷᠤᠲᠠᠭ᠃     ᠬᠤᠷᠲᠤᠨ ᠭᠠᠷ ᠤᠨ ᠰᠢᠭᠤᠳ ᠨᠡᠪᠲᠡᠷᠡᠬᠦᠯᠭᠡ ᠳᠤ ᠤᠷᠤᠯᠴᠠᠭᠰᠠᠨ ᠪᠠᠲᠤᠰᠦ᠋ᠬᠡ ᠵᠠᠯᠠᠭᠤ ᠦᠶ᠎ᠡ ᠶᠢᠨ ᠪᠦᠬᠡᠴᠤᠳ ᠲᠡᠭᠡᠨ ᠠᠬᠠᠮᠠᠳ ᠪᠦᠬᠡ ᠠᠴᠠ ᠦᠷᠬᠦᠯᠵᠢ ᠮᠡᠭᠡ ᠮᠡᠷᠭᠡᠵᠢᠯ ᠰᠤᠷᠴᠤ ᠪᠠᠶᠢᠭᠠᠷᠠᠢ ᠭᠡᠵᠤ ᠵᠠᠬᠢᠭᠰᠠᠨ ᠪᠦᠬᠡᠳ ᠦᠪᠡᠷ ᠢᠶᠠᠨ ᠠᠬᠠᠮᠠᠳ ᠪᠦᠬᠡ ᠮᠢ᠊ · ᠭᠸᠡᠭᠲᠤᠨ ᠤ ︽ᠲᠠᠲᠠᠭ᠎ᠠ︾ ᠡᠷᠲᠡᠮ ᠢ ᠰᠤᠷᠤᠭᠰᠠᠨ ᠳᠠᠭᠠᠨ ᠲᠤᠩ ᠤᠯᠵᠠᠷᠬᠠᠲᠠᠭ ᠬᠡᠵᠤ ᠶᠠᠷᠢᠭᠰᠠᠨ ᠪᠢᠯᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号