ᠱᠠᠩᠳᠤ ᠬᠤᠲᠠ ᠪᠣᠯ ᠨᠡᠭᠦᠳᠡᠯᠴᠢᠨ ᠦᠨᠳᠦᠰᠦᠲᠡᠨ ᠤ ᠰᠣᠶᠣᠯ ᠤᠨ ᠦᠨᠦᠷ ᠬᠠᠩᠬᠤᠯᠣᠭᠰᠠᠨ ᠥᠪᠡᠷᠮᠢᠴᠡ | ᠣᠨᠴᠠᠯᠢᠭ ᠪᠥᠬᠦᠢ ᠲᠠᠯ᠎ᠠ ᠨᠣᠲᠤᠭ ᠤᠨ ᠮᠣᠩᠭᠤᠯ ᠬᠤᠲᠠ ᠪᠣᠯᠣᠨ᠎ᠠ᠃ 1251 ᠣᠨ ᠳᠤ᠂ ᠬᠤᠪᠢᠯᠠᠢ ᠬᠠᠭᠠᠨ᠂ | ᠠᠬ᠎ᠠ ᠮᠥᠩᠭᠡ ᠬᠠᠭᠠᠨ ᠤ ᠵᠠᠷᠯᠢᠭ ᠶᠣᠰᠣᠭᠠᠷ ᠭᠤᠪᠢ ᠤᠨ ᠡᠮᠦᠨᠡᠬᠢ ᠮᠣᠩᠭᠤᠯ ᠣᠪᠣᠭ ᠠᠶᠢᠮᠠᠭ ᠪᠠ ᠣᠮᠠᠷᠠᠲᠤ ᠶᠢᠨ | ᠢᠷᠭᠡᠨ ᠤ ᠶᠠᠪᠣᠳᠠᠯ ᠢ ᠶᠡᠷᠦᠩᠬᠡᠶᠢᠯᠡᠨ ᠬᠠᠮᠢᠶᠠᠷᠬᠤ ᠳᠣᠰᠢᠶᠠᠯ ᠢᠶᠠᠷ ᠡᠨᠡᠬᠦ ᠭᠤᠪᠢ ᠶᠢᠨ ᠠᠷᠤ ᠡᠮᠦᠨ᠎ᠡ ᠶᠢ | ᠬᠤᠯᠪᠣᠭᠰᠠᠨ ᠪᠣᠭᠤᠮᠳᠠ ᠭᠠᠵᠠᠷ - ᠱᠠᠩᠳᠤ ᠶᠢᠨ ᠰᠢᠷ᠎ᠠ ᠲᠠᠯ᠎ᠠ ᠳᠡᠭᠡᠷ᠎ᠡ ᠨᠡᠭᠦᠳᠡᠯ ᠣᠷᠳᠣᠨ ᠢᠶᠠᠨ ᠪᠠᠶᠢᠭᠤᠯᠵᠠᠢ᠃ | 1256 ᠣᠨ ᠳᠤ ᠬᠤᠪᠢᠯᠠᠢ ᠰᠢᠳᠠᠷ ᠳᠦᠰᠢᠮᠡᠯ ᠯᠢᠦ ᠪᠢᠩ ᠵᠦᠩ ᠳᠤ ᠵᠠᠷᠯᠢᠭ ᠪᠠᠭᠤᠯᠭᠠᠨ ᠭᠠᠵᠠᠷ ᠰᠣᠩᠭᠤᠭᠤᠯᠵᠤ | ᠂ ᠬᠤᠷᠠᠬᠤ ᠶᠢᠨ ᠠᠭᠤᠯᠠᠨ ᠤ ᠡᠮᠦᠨ᠎ᠡ ᠪᠡᠯ᠂ ᠣᠣᠯ ᠤᠨ ᠯᠣᠸᠠᠨ ᠡᠾᠧ ᠭᠤᠣᠯ ᠤᠨ ᠠᠷᠤ ᠳᠡᠨᠵᠢᠨ ᠳᠡᠭᠡᠷ᠎ᠡ | ᠬᠤᠲᠠ ᠶᠢᠨ ᠪᠠᠭᠤᠴᠠ ᠲᠠᠯᠪᠢᠪᠠ᠃ ᠪᠠᠷᠢᠯᠭ᠎ᠠ ᠶᠢᠨ ᠠᠵᠢᠯ ᠢ ᠶᠢᠰᠦᠨᠪᠣᠬ᠎ᠠ ᠵᠠᠬᠢᠷᠴᠤ᠂ ᠭᠤᠷᠪᠠᠨ ᠵᠢᠯ ᠰᠢᠬᠠᠮ ᠤᠨ | ᠴᠠᠭ ᠵᠠᠷᠣᠴᠠᠭᠤᠯᠵᠤ᠂ 1259 ᠣᠨ ᠳᠤ ᠬᠤᠲᠠ ᠶᠢᠨ ᠠᠩᠬᠠᠨ ᠤ ᠬᠡᠷᠡᠮ ᠬᠦᠷᠢᠶ᠎ᠡ ᠣᠷᠳᠣᠨ ᠬᠠᠷᠰᠢ ᠶᠢ ᠪᠠᠷᠢᠵᠤ | ᠳᠠᠭᠤᠰᠬᠠᠭᠠᠳ᠂ ᠬᠤᠲᠠ ᠶᠢᠨ ᠨᠡᠷ᠎ᠡ ᠪᠠᠨ ᠠᠩᠬ᠎ᠠ ᠬᠡᠶᠢᠪᠦᠩ ︵ᠺᠠᠶᠢᠫᠢᠩ︶ ᠣᠷᠳᠣᠨ ᠭᠡᠵᠡᠢ᠃ 1260 ᠣᠨ ᠳᠤ | ᠂ ᠬᠤᠪᠢᠯᠠᠢ ᠬᠡᠶᠢᠪᠦᠩ ︵ᠺᠠᠶᠢᠫᠢᠩ︶ ᠣᠷᠳᠣᠨ ᠳᠤ ᠬᠠᠭᠠᠨ ᠣᠷᠣ ᠵᠠᠯᠭᠠᠮᠵᠢᠯᠠᠵᠤ᠂ ᠮᠣᠩᠭᠤᠯ ᠤᠨ ᠶᠡᠭᠡ ᠬᠠᠭᠠᠨ | ᠰᠠᠭᠤᠭᠠᠳ ᠭᠤᠷᠪᠠᠨ ᠵᠢᠯ ᠤᠨ ᠳᠠᠷᠠᠭ᠎ᠠ ᠬᠡᠶᠢᠪᠦᠩ ︵ᠺᠠᠶᠢᠫᠢᠩ︶ ᠣᠷᠳᠣᠨ ᠢ ᠳᠡᠭᠡᠳᠦ ᠨᠡᠶᠢᠰᠯᠡᠯ ᠬᠡᠮᠡᠨ | ᠡᠷᠭᠦᠮᠵᠢᠯᠡᠨ᠂ ᠣᠨ ᠤ ᠴᠣᠯᠠ ᠪᠠᠨ ︽ᡁᠢ ᠶᠣᠸᠠᠨ︾ ᠬᠡᠮᠡᠪᠡ᠃ 1264 ᠣᠨ ᠳᠤ᠂ ᠬᠤᠪᠢᠯᠠᠢ ᠬᠠᠭᠠᠨ ᠠᠯᠳᠠᠨ | ᠤᠯᠤᠰ ᠤᠨ ᠳᠣᠮᠳᠠᠳᠤ ᠨᠠᠶᠢᠰᠯᠡᠯ ︵ᠣᠳᠤ ᠶᠢᠨ ᠪᠡᠭᠡᠵᠢᠩ︶ ᠢ ᠡᠪᠦᠯᠵᠢᠬᠦ ᠨᠡᠶᠢᠰᠯᠡᠯ ᠪᠣᠯᠭᠠᠨ᠂ ᠳᠡᠭᠡᠳᠦ ᠨᠡᠶᠢᠰᠯᠡᠯ | ᠱᠠᠩᠳᠤ ᠶᠢ ᠵᠣᠰᠠᠬᠤ ᠨᠠᠶᠢᠰᠯᠠᠯ ᠪᠣᠯᠭᠠᠵᠤ᠂ ᠬᠤᠶᠠᠷ ᠨᠡᠶᠢᠰᠯᠡᠯ ᠤᠨ ᠳᠦᠷᠢᠮ ᠢ ᠬᠡᠷᠡᠭᠵᠢᠭᠦᠯᠵᠡᠢ᠃ 1271 | ᠣᠨ ᠳᠤ ᠬᠤᠪᠢᠯᠠᠢ ᠬᠠᠭᠠᠨ ︽ᠵᠢᠷᠣᠬᠠᠶᠢᠲᠤ ᠨᠣᠮ︾ ᠳᠡᠭᠡᠷ᠎ᠡ ᠦᠭᠦᠯᠡᠭᠰᠡᠨ ︽ᠴᠢᠶᠠᠨ ᠶᠣᠸᠠᠨ ︵ᠮᠥᠩᠬᠡ ᠠᠭᠤᠤ | ︶ ᠬᠡᠮᠡᠭᠴᠢ ᠶᠡᠭᠡ ᠶᠢᠨ ᠲᠦᠢᠯ ᠪᠣᠶᠤ︾ ᠭᠡᠳᠡᠭ ᠣᠬᠠᠭᠠᠨ ᠢ ᠡᠰᠢᠯᠡᠵᠦ᠂ ᠤᠯᠤᠰ ᠤᠨ ᠴᠣᠯᠠ ᠪᠠᠨ ︽ᠶᠡᠭᠡ ᠶᠣᠸᠠᠨ | ︾ ᠬᠡᠮᠡᠨ ᠨᠡᠷᠡᠶᠢᠳᠪᠡ᠃ ᠰᠢᠨ᠎ᠡ ᠸᠠᠩᠲᠤ ᠲᠥᠷᠦ ᠶᠢ ᠪᠠᠶᠢᠭᠤᠯᠣᠭᠠᠳ᠂ ᠣᠮᠠᠷᠠᠲᠤ ᠣᠷᠣᠨ ᠤ ᠨᠣᠶᠠᠷᠬᠠᠯ ᠢᠶᠠᠨ | ᠪᠠᠳᠣᠳᠬᠠᠬᠤ ᠶᠢᠨ ᠬᠠᠮᠲᠤ ᠪᠠᠷ᠂ ᠬᠤᠪᠢᠯᠠᠢ ᠬᠠᠭᠠᠨ ᠪᠠᠰᠠ ᠡᠮᠦᠨᠡᠲᠦ ᠰᠦᠩ ᠤᠯᠤᠰ ᠢ ᠨᠢᠭᠡᠳᠭᠡᠬᠦ ᠪᠠᠷ ᠪᠡᠯᠡᠳᠬᠡᠨ᠂ | 1273 ᠣᠨ ᠳᠤ ᠯᠢᠨ ᠠᠨ ︵ᠣᠳᠤ ᠶᠢᠨ ᠬᠠᠩᠵᠸᠤ︶ ᠢ ᠡᠵᠡᠯᠡᠵᠦ᠂ 1279 ᠣᠨ ᠳᠤ ᠡᠮᠦᠨᠡᠲᠦ ᠰᠦᠩ | ᠤᠯᠤᠰ ᠢ ᠰᠥᠨᠦᠭᠡᠭᠡᠳ᠂ ᠪᠥᠬᠦ ᠤᠯᠤᠰ ᠤᠨ ᠲᠤᠮᠤ ᠨᠢᠭᠡᠳᠦᠯ ᠢ ᠪᠡᠶᠡᠯᠡᠭᠦᠯᠦᠭᠰᠡᠨ ᠪᠠᠶᠢᠨ᠎ᠠ᠃ | ᠶᠣᠸᠠᠨ ᠤ ᠳᠡᠭᠡᠳᠦ ᠨᠡᠶᠢᠰᠯᠠᠯ᠂ ᠱᠠᠩᠳᠤ ᠬᠤᠲᠠ ᠨᠢ ᠳᠣᠮᠳᠠᠳᠤ ᠤᠯᠤᠰ ᠤᠨ ᠬᠠᠮᠤᠭ ᠤᠨ ᠶᠡᠭᠡ ᠨᠢᠭᠡᠳᠦᠯ ᠢ | ᠪᠡᠶᠡᠯᠡᠭᠦᠯᠦᠭᠰᠡᠨ ᠨᠡᠶᠢᠰᠯᠠᠯ ᠬᠤᠲᠠ ᠮᠦᠨ᠃ ᠬᠤᠪᠢᠯᠠᠢ ᠬᠠᠭᠠᠨ ᠪᠣᠯᠣᠨ ᠲᠡᠭᠦᠨ ᠤ ᠵᠠᠯᠭᠠᠮᠵᠢᠯᠠᠭᠴᠢᠳ ᠥᠪᠡᠷ ᠤᠨ | ᠮᠣᠩᠭᠤᠯ ᠦᠨᠳᠦᠰᠦᠲᠡᠨ ᠤ ᠥᠪᠡᠷᠮᠢᠴᠡ ᠣᠨᠴᠠᠯᠢᠭ ᠢᠶᠠᠷ ᠱᠠᠩᠳᠤ ᠬᠤᠲᠠ ᠶᠢ ᠪᠥᠲᠦᠭᠡᠨ ᠪᠠᠶᠢᠭᠤᠯᠣᠭᠰᠠᠨ ᠶᠤᠮ᠃ | ᠲᠡᠷᠡ ᠨᠢ 13 -14 ᠳ᠋ᠣᠭᠡᠷ ᠵᠠᠭᠤᠨ ᠳᠤ᠂ ᠶᠣᠸᠠᠨ ᠤᠯᠤᠰ ᠤᠨ ᠠᠵᠤ ᠠᠬᠤᠢ᠂ ᠰᠤᠶᠤᠯ᠂ ᠱᠠᠰᠢᠨ ᠰᠣᠷᠲᠠᠬᠤᠨ᠂ | ᠴᠡᠷᠢᠭ ᠳᠠᠶᠢᠨ ᠤ ᠲᠥᠪ ᠮᠥᠷᠲᠡᠭᠡᠨ ᠳᠡᠯᠡᠬᠡᠢ ᠶᠢᠨ ᠲᠥᠪ ᠬᠤᠲᠠ ᠪᠣᠯᠣᠭᠰᠠᠨ ᠬᠤᠪᠢ ᠳᠤ᠂ ᠠᠳᠡ ᠡᠭᠦᠰᠴᠦ | ᠥᠩᠭᠡᠷᠡᠭᠰᠡᠨ ᠮᠠᠰᠢ ᠣᠯᠠᠨ ᠴᠢᠬᠤᠯᠠ ᠪᠥᠬᠦᠢ ᠬᠡᠷᠡᠭ ᠣᠴᠢᠷ ᠤᠳ ᠨᠢ ᠳᠣᠮᠳᠠᠳᠤ ᠤᠯᠤᠰ ᠤᠨ ᠲᠡᠦᠬᠡ ᠴᠢᠨᠠᠭᠰᠢᠯᠠᠨ | ᠳᠡᠯᠡᠬᠡᠢ ᠶᠢᠨ ᠲᠡᠦᠬᠡᠨ ᠳᠤ ᠴᠣ᠋ ᠴᠢᠬᠤᠯᠠ ᠨᠥᠯᠦᠭᠡ ᠦᠵᠡᠭᠦᠯᠵᠡᠢ᠃ 1358 - 1368 ᠣᠨ ᠤ ᠬᠤᠭᠤᠷᠣᠨᠳᠤ | ᠱᠠᠩᠳᠤ ᠬᠤᠲᠠ ᠨᠢ ᠶᠣᠸᠠᠨ ᠤ ᠰᠡᠭᠦᠯᠴᠢ ᠶᠢᠨ ᠦᠶ᠎ᠡ ᠶᠢᠨ ᠲᠠᠷᠢᠶᠠᠴᠢᠨ ᠤ ᠪᠣᠰᠣᠯᠭ᠎ᠠ ᠳᠤ ᠭᠠᠯᠳᠠᠭᠳᠠᠨ | ᠳᠠᠯᠬᠢᠭᠳᠠᠪᠠ᠃ 1358 ᠣᠨ ᠳᠤ ᠤᠯᠠᠭᠠᠨ ᠠᠯᠴᠢᠭᠤᠷᠳᠠᠨ ᠤ ᠪᠣᠰᠣᠯᠭ᠎ᠠ ᠶᠢᠨ ᠴᠡᠷᠢᠭ ᠤᠨ ᠭᠤᠸᠠᠨ ᠰᠢᠶᠠᠨᠱᠧᠩ᠂ | ᠫᠦᠸᠧ ᠲᠸᠤ ᠫᠠᠨ ᠨᠠᠷ ᠳ᠋ᠠᠲ᠋ᠦ᠋ᠩ ᠠᠴᠠ ᠴᠡᠷᠢᠭᠯᠡᠨ᠂ ᠱᠠᠩᠳᠤ ᠨᠡᠶᠢᠰᠯᠠᠯ ᠢ ᠰᠢᠭᠤᠳ ᠳᠠᠭᠠᠷᠢᠨ ᠬᠤᠲᠠ ᠶᠢ ᠡᠵᠡᠯᠡᠨ | ᠂ ᠤᠷᠳᠤ ᠬᠠᠷᠰᠢ ᠢ ᠭᠠᠯᠳᠠᠨ ᠳᠠᠯᠬᠢᠭᠳᠠᠪᠠ᠃ 1369 ᠣᠨ ᠳᠤ ᠮᠢᠩ ᠤᠯᠤᠰ ᠤᠨ ᠴᠡᠷᠢᠭ ᠳᠠᠶᠢᠳᠤ ︵ᠣᠳᠤ ᠶᠢᠨ | ᠪᠡᠭᠡᠵᠢᠩ︶ ᠶᠢ ᠡᠵᠡᠯᠡᠨ᠂ ᠶᠣᠸᠠᠨ ᠤ ᠨᠣᠶᠠᠷᠬᠠᠯ ᠢ ᠡᠴᠦᠰᠯᠡᠭᠦᠯᠵᠦ᠂ ᠳᠠᠷᠠᠭ᠎ᠠ ᠵᠢᠯ ᠨᠢ ᠱᠠᠩᠳᠤ ᠬᠤᠲᠠ ᠤᠷᠣᠭᠤ | ᠴᠡᠷᠢᠭ ᠲᠣᠮᠢᠯᠠᠨ ᠬᠤᠲᠠ ᠶᠢ ᠡᠵᠡᠯᠡᠨ ᠭᠠᠯᠳᠠᠪᠠ᠃ ᠨᠣᠭᠤᠴᠠᠭᠠ ᠶᠡᠬᠡᠲᠡᠢ ᠲᠡᠦᠬᠡ ᠶᠢᠨ ᠠᠶᠠᠨ ᠳᠤ ᠱᠠᠩᠳᠤ | ᠬᠤᠲᠠ ᠨᠢ ᠣᠣᠯ ᠤᠨ ᠳᠦᠷᠢ ᠲᠦᠷᠬᠦ ᠪᠠᠨ ᠠᠯᠳᠠᠭᠰᠠᠨ ᠪᠣᠯᠪᠠᠴᠤ ᠲᠡᠭᠦᠨ ᠤ ᠲᠡᠦᠬᠡᠨ ᠦᠢᠯᠡᠳᠦᠯ ᠨᠢ ᠬᠠᠷᠢᠨ | ᠰᠢᠳᠠᠭᠳᠠᠨ ᠳᠠᠭᠤᠰᠣᠭᠰᠠᠨ ᠦᠭᠡᠢ᠃ ᠶᠣᠸᠠᠨ ᠤ ᠳᠡᠭᠡᠳᠦ ᠨᠡᠶᠢᠰᠯᠠᠯ ᠨᠢ 13 - 14 ᠳ᠋ᠣᠭᠡᠷ ᠵᠠᠭᠤᠨ ᠳᠤ᠂ | ᠳᠡᠯᠡᠬᠡᠢ ᠳᠤ ᠬᠤᠣᠰ ᠦᠭᠡᠢ ᠳᠣᠷᠣᠨ᠎ᠠ ᠶᠢᠨ ᠶᠡᠭᠡ ᠭᠦᠷᠦᠨ ᠤ ᠵᠣᠰᠠᠯᠠᠩ ᠤᠨ ᠣᠷᠳᠣᠨ ᠪᠠᠶᠢᠭᠰᠠᠨ ᠢᠶᠠᠷ ᠢᠶᠠᠨ | ᠠᠽᠢᠶ᠎ᠠ ᠡᠸᠦ᠋ᠷᠣᠫᠡ ᠶᠢᠨ ᠡᠬᠡ ᠬᠠᠭᠤᠷᠠᠢ ᠳᠡᠭᠡᠷ᠎ᠡ ᠨᠡᠭᠦᠳᠡᠯ ᠰᠤᠶᠣᠯ᠂ ᠲᠠᠷᠢᠶᠠᠯᠠᠬᠤ ᠰᠣᠶᠣᠯ ᠢ ᠪᠣᠢ ᠪᠣᠯᠭᠠᠵᠤ᠂ | ᠬᠤᠶᠠᠷ ᠶᠡᠭᠡ ᠦᠨᠳᠦᠰᠦᠲᠡᠨ ᠣᠭᠰᠠᠭᠠᠳᠠᠨ ᠪᠣᠯᠬᠤ ᠮᠣᠩᠭᠤᠯ᠂ ᠬᠢᠲᠠᠳ ᠦᠨᠳᠦᠰᠦᠲᠡᠨ ᠤ ᠬᠠᠷᠢᠴᠠᠭ᠎ᠠ | ᠬᠤᠯᠪᠣᠭ᠎ᠠ ᠶᠢ ᠢᠯᠡᠳᠬᠡᠵᠦ᠂ ᠨᠡᠭᠦᠳᠡᠯ ᠰᠣᠶᠣᠯ᠂ ᠲᠠᠷᠢᠶᠠᠯᠠᠬᠤ ᠰᠣᠶᠣᠯ᠂ ᠡᠸᠦ᠋ᠷᠣᠫᠡ ᠤᠨ ᠰᠣᠶᠣᠯ ᠤᠨ ᠬᠠᠷᠢᠯᠴᠠᠨ | ᠮᠥᠷᠭᠦᠯᠳᠦᠨ ᠠᠭᠤᠰᠣᠯᠴᠠᠭᠰᠠᠨ ᠪᠥᠬᠦᠢ ᠦᠷ᠎ᠡ ᠪᠥᠲᠦᠭᠡᠯ ᠤᠨ ᠲᠤᠳᠤ ᠵᠢᠱᠢᠶ᠎ᠡ ᠪᠣᠯᠣᠭᠰᠠᠨ ᠶᠤᠮ᠃ ᠶᠣᠸᠠᠨ ᠤ | ᠳᠡᠭᠡᠳᠦ ᠨᠡᠶᠢᠰᠯᠠᠯ ᠨᠢ ᠮᠣᠩᠭᠤᠯ ᠬᠠᠭᠠᠨᠳᠤ ᠤᠯᠤᠰ ᠤᠨ ᠡᠷᠬᠡ ᠮᠡᠳᠡᠯ ᠤᠨ ᠲᠥᠪ ᠪᠣᠯᠣᠭᠰᠠᠨ ᠤ ᠬᠤᠪᠢ ᠳᠤ᠂ | ᠶᠣᠸᠠᠨ ᠤ ᠦᠶ᠎ᠡ ᠶᠢᠨ ᠨᠠᠶᠢᠰᠯᠠᠯ ᠬᠤᠲᠠ ᠳᠠᠬᠢ ᠬᠠᠮᠤᠭ ᠤᠨ ᠡᠷᠲᠡ ᠪᠠᠶᠢᠭᠤᠯᠣᠭᠰᠠᠨ᠂ ᠬᠠᠮᠤᠭ ᠤᠨ ᠦᠨᠢ ᠣᠳᠠᠭᠠᠨ | ᠲᠡᠦᠬᠡ ᠲᠠᠢ᠂ ᠬᠠᠮᠤᠭ ᠤᠨ ᠪᠦᠷᠢᠨ ᠪᠥᠲᠦᠨ ᠬᠠᠳᠠᠭᠠᠯᠠᠭᠳᠠᠭᠰᠠᠨ ᠪᠠᠭᠤᠷᠢ ᠪᠣᠯᠬᠤ ᠶᠤᠮ᠃ |