ᠠᠯᠳᠠᠩᠬᠸ᠎ᠠ ᠴᠡᠴᠡᠭ ᠰᠢᠵᠢᠷᠳᠡᠨ ᠭᠠᠩᠬᠤᠨ᠎ᠠ
ᠨᠡᠶᠢᠲᠡᠯᠡᠭᠰᠡᠨ ᠴᠠᠭ᠄
2020/4/21
    ᠰᠢᠯᠣᠭᠤᠨ ᠬᠥᠬᠡ ᠬᠤᠰᠢᠭᠤᠨ ᠳᠤ ᠠᠯᠳᠠᠩᠬᠸ᠎ᠠ ᠴᠡᠴᠡᠭ ᠡᠯᠪᠡᠭ ᠣᠷᠭᠤᠵᠣ᠂ ᠵᠣᠨ ᠤ ᠲᠣᠯᠣᠭᠠᠨ ᠰᠠᠷ᠎ᠡ ᠶᠢᠨ ᠲᠣᠮᠳᠠᠴᠢ ᠪᠠᠷ ᠠᠯᠳᠠᠷᠳᠣ ᠰᠢᠷ᠎ᠡ ᠲᠠᠯ᠎ᠡ ᠶᠢ ᠨᠡᠶᠢᠳᠡᠮ ᠪᠥᠷᠬᠦᠵᠣ ᠰᠢᠵᠢᠷ ᠲᠡᠯᠪᠡᠭᠡ ᠪᠠᠨ ᠲᠡᠯᠬᠡᠨ ᠭᠠᠩᠬᠤᠵᠣ᠂ ᠣᠨᠴᠠ ᠬᠡᠬᠡᠨᠴᠢᠷ ᠬᠠᠷᠠᠭᠳᠠᠳᠠᠭ᠃ ᠠᠯᠳᠠᠩᠬᠸ᠎ᠠ ᠶᠢᠨ ᠲᠡᠯᠬᠡᠷᠡᠬᠦ ᠣᠯᠠᠷᠢᠯ ᠪᠣᠯᠬᠤ ᠪᠠᠷ ᠣᠯᠣᠰ ᠤᠨ ᠲᠣᠳᠣᠨ᠎ᠠ ᠭᠠᠳᠠᠨᠠᠬᠢ ᠣᠯᠠᠨ ᠵᠤᠭᠠᠴᠠᠭᠴᠢ ᠪᠠ ᠰᠡᠬᠦᠳᠡᠷᠯᠡᠭᠴᠢ ᠠᠳᠠ ᠢᠷᠡᠵᠣ ᠵᠣᠭᠠᠴᠠᠨ ᠲᠣᠭᠤᠷᠢᠳᠠᠭ ᠢᠶᠠᠷ ᠠᠯᠳᠠᠩᠬᠸ᠎ᠠ ᠴᠡᠴᠡᠭ ᠨᠢ ᠰᠢᠯᠣᠭᠤᠨ ᠬᠥᠬᠡ ᠬᠤᠰᠢᠭᠤᠨ ᠤ ᠵᠣᠭᠠᠴᠠᠯ ᠳᠤ ᠴᠢᠬᠤᠯᠠ ᠥᠢᠯᠡᠳᠣᠯ ᠥᠵᠡᠬᠦᠯᠵᠣ ᠪᠠᠶᠢᠳᠠᠭ᠃     ᠥᠢᠷ᠎ᠡ ᠶᠢᠨ ᠵᠢᠯ ᠠᠴᠠ ᠰᠢᠯᠣᠭᠤᠨ ᠬᠥᠬᠡ ᠬᠤᠰᠢᠭᠤᠨ ᠤ ᠠᠯᠳᠠᠩᠬᠸ᠎ᠠ ᠴᠡᠴᠡᠭ ᠤᠨ ᠣᠷᠭᠤᠯᠳᠠ ᠶᠢᠨ ᠨᠢᠬᠳᠠᠴᠠ ᠪᠠ ᠪᠥᠷᠬᠦᠴᠠ ᠮᠡᠳᠡᠭᠳᠡᠮ᠎ᠡ ᠰᠡᠶᠢᠷᠡᠭᠵᠢᠵᠣ᠂ ᠲᠡᠯᠪᠡᠭᠡ ᠨᠢ ᠵᠢᠵᠢᠭᠷᠡᠵᠣ᠂ ᠪᠠᠶᠢᠴᠠᠭᠠᠯᠳᠠ ᠪᠠᠷ ᠥᠵᠡᠪᠡᠯ᠂ 10% ᠣᠷᠴᠢᠮ ᠤᠨ ᠴᠡᠴᠡᠭ ᠨᠢ ᠬᠥᠮᠣᠰ ᠤᠨ ᠲᠡᠬᠦᠵᠣ ᠲᠠᠰᠣᠳᠠᠬᠰᠡᠨ ᠪᠣᠶᠣ ᠬᠤᠷᠣᠬᠠᠢ ᠰᠢᠪᠡᠵᠢ ᠶᠢᠨ ᠬᠥᠨᠣᠬᠡᠯ ᠠᠴᠠ ᠪᠣᠯᠵᠣ ᠬᠡᠮᠳᠣᠨ ᠴᠡᠴᠡᠭ ᠤᠨ ᠥᠷ᠎ᠡ ᠶᠢᠨ ᠬᠡᠪ ᠤᠨ ᠶᠣᠰᠣᠭᠠᠷ ᠰᠣᠶᠣᠭᠠᠯᠠᠵᠣ ᠣᠷᠭᠤᠬᠤ ᠶᠢ ᠶᠡᠭᠡ ᠪᠠᠷ ᠨᠥᠯᠣᠬᠡᠯᠡᠭᠰᠡᠨ ᠪᠠᠶᠢᠨ᠎ᠠ᠃     ᠰᠢᠯᠣᠭᠤᠨ ᠬᠥᠬᠡ ᠬᠤᠰᠢᠭᠤᠨ ᠤ ᠬᠠᠪᠢᠷᠭ᠎ᠠ ᠪᠠᠯᠭᠠᠰᠣᠨ ᠤ ᠣᠯᠠᠭᠠᠨ ᠲᠣᠰᠬᠤᠨ ᠳᠤ ᠪᠠᠶᠢᠷᠢᠰᠢᠭ᠎ᠠ ︽ᠰᠢᠷ᠎ᠡ ᠲᠠᠯ᠎ᠡ ᠶᠢᠨ ᠬᠢᠳᠠᠳ ᠡᠪᠡᠰᠣᠨ ᠡᠮ ᠲᠠᠷᠢᠵᠣ ᠣᠷᠭᠤᠭᠤᠯᠬᠤ ᠬᠢᠵᠠᠭᠠᠷᠳᠣ ᠺᠣᠮᠫᠠᠨᠢ︾ ᠪᠣᠯ ᠠᠯᠳᠠᠩᠬᠸ᠎ᠠ ᠴᠡᠴᠡᠭ ᠢ ᠬᠥᠮᠣᠨ  ᠤ ᠬᠥᠴᠣᠨ ᠢᠶᠠᠷ ᠲᠠᠷᠢᠵᠣ ᠣᠷᠭᠤᠭᠤᠯᠬᠤ ᠰᠠᠭᠤᠷᠢᠨ ᠪᠣᠯᠣᠨ᠎ᠠ᠃     ᠬᠤᠰᠢᠭᠤ ᠴᠡᠴᠡᠭ ᠪᠣᠶᠣ ᠪᠡᠯᠬᠡᠳᠡᠯ ᠴᠡᠴᠡᠭ ᠪᠣᠯᠣᠬᠰᠡᠨ ᠠᠯᠳᠠᠩᠬᠸ᠎ᠠ ᠴᠡᠴᠡᠭ ᠢᠶᠠᠨ ᠬᠠᠮᠠᠭᠠᠯᠠᠨ ᠰᠢᠷ᠎ᠡ ᠲᠠᠯ᠎ᠡ  ᠶᠢᠨ ᠲᠡᠨᠵᠢᠨ ᠳᠤ ᠥᠨᠢᠳᠠ ᠲᠡᠯᠭᠡᠷᠡᠬᠦᠯᠬᠦ ᠶᠢᠨ ᠲᠥᠯᠣᠬᠡ ᠪᠠᠶᠢᠭᠤᠯᠣᠬᠰᠡᠨ ᠲᠣᠰ ᠺᠣᠮᠫᠠᠨᠢ ᠶᠢᠨ ᠲᠠᠷᠢᠵᠣ ᠣᠷᠭᠤᠭᠤᠯᠬᠤ ᠰᠠᠭᠤᠷᠢᠨ ᠤ ᠲᠠᠯᠠᠪᠠᠢ ᠨᠢ 320 ᠮᠣ᠋ ᠪᠠᠶᠢᠵᠣ᠂ ᠡᠬᠦᠨ ᠳᠤ 17 ᠲᠣᠯᠠᠭᠠᠨ ᠬᠥᠯᠡᠮᠵᠢ᠂ 43 ᠬᠠᠪᠣᠷ ᠨᠠᠮᠣᠷ ᠤᠨ ᠬᠥᠯᠡᠮᠵᠢ ᠲᠠᠢ ᠪᠠᠶᠢᠵᠣ᠂ ︽ᠪᠣᠬᠢᠷᠳᠣᠯ ᠥᠬᠡᠢ᠂ ᠡᠨᠧᠷᠬᠢ ᠠᠷᠪᠢᠯᠠᠬᠤ᠂ ᠣᠷᠴᠢᠨ ᠠᠬᠤᠢ ᠶᠢ ᠬᠠᠮᠠᠭᠠᠯᠠᠬᠤ︾ ᠵᠠᠷᠴᠢᠮ ᠢᠶᠠᠷ ᠠᠯᠳᠠᠩᠬᠸ᠎ᠠ ᠴᠡᠴᠡᠭ ᠲᠠᠷᠢᠵᠣ ᠣᠷᠭᠤᠭᠤᠯᠬᠤ ᠵᠢᠱᠢᠶ᠎ᠡ ᠥᠵᠡᠬᠦᠯᠬᠦ ᠰᠠᠭᠤᠷᠢᠨ ᠪᠠ ᠠᠯᠳᠠᠩᠬᠸ᠎ᠠ ᠴᠡᠴᠡᠭ ᠤᠨ ᠡᠬᠦᠯᠳᠡᠷ ᠤᠨ ᠴᠢᠬᠢ ᠶᠢ ᠥᠷᠡᠵᠢᠬᠦᠯᠣᠨ ᠪᠤᠶᠢᠵᠢᠭᠤᠯᠬᠤ ᠰᠠᠭᠤᠷᠢᠨ ᠪᠣᠯᠭᠠᠨ ᠪᠥᠳᠣᠬᠡᠨ ᠪᠠᠶᠢᠭᠤᠯᠵᠣ ᠪᠠᠶᠢᠨ᠎ᠠ᠃     ᠰᠢᠯᠣᠭᠤᠨ ᠬᠥᠬᠡ ᠬᠤᠰᠢᠭᠤᠨ ᠤ ᠬᠠᠪᠢᠷᠭ᠎ᠠ ᠪᠠᠯᠭᠠᠰᠣᠨ ᠤ ᠪᠣᠬᠢᠷᠳᠣᠯ ᠥᠬᠡᠢ ᠢᠳᠡᠰᠢᠨ ᠨᠣᠭᠤᠭᠠᠨ ᠤ ᠰᠠᠭᠤᠷᠢᠨ ᠤ ᠬᠠᠷᠢᠭᠤᠴᠠᠯᠭᠠᠳᠠᠨ ᠯᠢᠦ ᠸᠧᠨ ᠰᠢᠤᠸᠠᠢ᠄ ᠣᠯᠠᠭᠠᠨ ᠲᠣᠰᠬᠤᠨ ᠤ ᠢᠳᠡᠰᠢᠨ ᠨᠣᠭᠤᠭᠠᠨ ᠤ ᠰᠠᠭᠤᠷᠢᠨ ᠳᠠᠭᠠᠨ ᠨᠢᠬᠡ ᠪᠥᠯᠣᠭ᠌ ᠠᠯᠳᠠᠩᠬᠸ᠎ᠠ ᠴᠡᠴᠡᠭ ᠲᠠᠷᠢᠯ᠎ᠠ᠃ ᠠᠯᠳᠠᠩᠬᠸ᠎ᠠ ᠴᠡᠴᠡᠭ ᠪᠣᠯ ᠨᠣᠳᠤᠭ ᠤᠨ ᠣᠨᠴᠠ ᠭᠠᠷᠣᠯᠳᠠ᠂ ᠣᠷᠴᠢᠮ  ᠤᠨ ᠵᠢᠯ ᠪᠠᠶᠢᠭᠠᠯᠢ ᠶᠢᠨ ᠪᠣᠶᠣ ᠠᠭᠤᠷ ᠠᠮᠢᠰᠬᠤᠯ ᠤᠨ ᠨᠥᠬᠦᠴᠡᠯ ᠰᠢᠯᠳᠠᠭᠠᠨ ᠠᠴᠠ ᠪᠣᠯᠵᠣ ᠴᠡᠴᠡᠭ ᠤᠨ ᠣᠷᠭᠤᠯᠳᠠ ᠮᠠᠭᠤᠳᠠᠬᠤ ᠪᠠᠶᠢᠳᠠᠯ ᠢᠯᠡᠷᠡᠵᠣ ᠪᠠᠶᠢᠨ᠎ᠠ᠂ ᠡᠨᠡᠬᠦ ᠪᠠᠶᠢᠳᠠᠯ ᠳᠤ ᠮᠠᠨ ᠤ ᠰᠠᠭᠤᠷᠢᠨ ᠨᠢ ᠠᠯᠳᠠᠩᠬᠸ᠎ᠠ ᠴᠡᠴᠡᠭ ᠤᠨ ᠥᠷ᠎ᠡ ᠪᠣᠯᠣᠨ ᠡᠮ ᠤᠨ ᠮᠠᠲ᠋ᠧᠷᠢᠶᠠᠯ ᠪᠤᠶᠢᠵᠢᠭᠤᠯᠵᠣ᠂ ᠥᠷ᠎ᠡ ᠶᠢ ᠨᠢ ᠲᠡᠬᠦᠵᠣ ᠴᠡᠴᠡᠭ ᠲᠠᠷᠢᠬᠤ᠂ ᠴᠢᠬᠢ ᠨᠡᠬᠢᠶ᠎ᠡ ᠪᠤᠶᠢᠵᠢᠭᠤᠯᠵᠣ ᠪᠠᠶᠢᠨ᠎ᠠ᠂ ᠲᠡᠬᠡᠷ᠎ᠡ ᠬᠠᠭᠠᠰ ᠵᠢᠯ ᠳᠤ 300 ᠲᠥᠮᠡᠨ ᠰᠠᠭᠤᠷᠢ ᠲᠠᠷᠢᠵᠣ ᠪᠤᠶᠢᠵᠢᠭᠤᠯᠣᠨ᠂ 12 ᠰᠠᠷ᠎ᠡ ᠶᠢᠨ ᠰᠡᠬᠦᠯᠴᠢ ᠪᠣᠯᠬᠤ ᠳᠤ 1000 ᠲᠥᠮᠡᠨ ᠰᠠᠭᠤᠷᠢ ᠶᠢ ᠪᠡᠶᠡᠯᠡᠬᠦᠯᠬᠦ ᠪᠠᠷ ᠪᠠᠶᠢᠨ᠎ᠠ᠃ ᠴᠡᠴᠡᠭ ᠨᠢ ᠡᠮ ᠳᠤ ᠣᠷᠣᠨ᠎ᠠ᠂ ᠡᠰᠢ ᠨᠢ ᠮᠠᠯ ᠲᠡᠵᠢᠬᠡᠵᠦ ᠪᠤᠯᠤᠨ᠎ᠠ᠂ ᠡᠶᠢᠮᠦ ᠠᠴᠠ ᠮᠠᠯᠴᠢᠨ ᠲᠠᠷᠢᠶᠠᠴᠢᠨ ᠢ ᠲᠠᠶᠢᠴᠢᠯᠠᠨ ᠠᠯᠳᠠᠩᠬᠸ᠎ᠠ ᠴᠡᠴᠡᠭ ᠲᠠᠷᠢᠭᠤᠯᠵᠣ ᠣᠷᠣᠯᠭ᠎ᠠ ᠶᠢᠨ ᠨᠡᠮᠡᠭᠳᠡᠯ ᠢ ᠨᠢ ᠠᠬᠢᠭᠤᠯᠵᠦ ᠪᠤᠯᠤᠨ᠎ᠠ᠃     ᠠᠯᠳᠠᠩᠬᠸ᠎ᠠ ᠴᠡᠴᠡᠭ ᠲᠠᠷᠢᠬᠤ ᠠᠵᠣ ᠥᠢᠯᠡᠰ ᠨᠢ ᠴᠡᠴᠡᠭ ᠪᠤᠶᠢᠵᠢᠭᠤᠯᠬᠤ ᠲᠡᠳᠣᠢ ᠪᠢᠰᠢ ᠬᠠᠷᠢᠨ ᠱᠠᠩᠳᠣ ᠶᠢᠨ ᠰᠢᠷ᠎ᠡ ᠲᠠᠯ᠎ᠡ ᠶᠢᠨ ᠠᠮᠢ ᠠᠬᠤᠢ ᠶᠢᠨ ᠰᠡᠷᠬᠦᠯᠳᠠ ᠰᠠᠶᠢᠵᠢᠷᠠᠯᠳᠠ ᠳᠤ ᠰᠠᠶᠢᠨ ᠰᠠᠭᠤᠷᠢ ᠶᠢ ᠲᠠᠯᠪᠢᠵᠣ᠂ ᠨᠥᠬᠦᠬᠡ ᠲᠠᠯ᠎ᠡ ᠪᠠᠷ ᠲᠣᠰ ᠬᠤᠰᠢᠭᠤᠨ ᠤ ᠬᠤᠳᠠ ᠬᠥᠳᠡᠭᠡ ᠶᠢᠨ ᠨᠣᠭᠤᠭᠠᠷᠠᠭᠤᠯᠳᠠ ᠳᠤ ᠰᠢᠯᠢᠳᠡᠭ ᠲᠥᠷᠣᠯ ᠤᠨ ᠥᠷ᠎ᠡ ᠨᠡᠬᠢᠶ᠎ᠡ ᠬᠠᠩᠭᠠᠵᠣ᠂ ᠣᠷᠴᠢᠨ ᠲᠣᠭᠤᠷᠢᠨ ᠤ ᠭᠤᠸᠠᠵᠢᠭᠤᠯᠣᠯᠳᠠ ᠳᠤ ᠨᠥᠬᠦᠴᠡᠯ ᠪᠥᠷᠢᠯᠳᠣᠬᠦᠯᠬᠦ ᠶᠢᠨ ᠵᠡᠷᠬᠡᠳᠠ ᠪᠠᠰᠠ ᠮᠠᠯᠴᠢᠨ ᠲᠠᠷᠢᠶᠠᠴᠢᠨ ᠢ ᠲᠠᠶᠢᠴᠢᠯᠠᠨ ᠲᠠᠭᠠᠭᠤᠯᠵᠣ ᠠᠯᠳᠠᠩᠬᠸ᠎ᠠ ᠴᠡᠴᠡᠭ ᠲᠠᠷᠢᠵᠣ ᠣᠷᠣᠯᠭ᠎ᠠ ᠶᠢᠨ ᠨᠡᠮᠡᠭᠳᠡᠯ ᠢ ᠨᠢ ᠠᠬᠢᠭᠤᠯᠵᠣ᠂ ᠬᠤᠪᠣᠷ ᠴᠣᠬᠠᠭ ᠡᠮ ᠤᠨ ᠵᠥᠢᠯᠡᠰ ᠢ ᠬᠠᠩᠭᠠᠵᠣ ᠴᠢᠳᠠᠬᠤ ᠪᠠᠷ ᠥᠯᠣ ᠪᠠᠷᠠᠮ ᠲᠠᠷᠢᠶᠡᠯᠠᠩ ᠤᠨ ᠠᠵᠣ ᠥᠢᠯᠡᠰᠵᠢᠬᠦᠯᠣᠯᠳᠠ ᠶᠢᠨ ᠪᠥᠳᠣᠴᠠ  ᠶᠢᠨ ᠲᠣᠬᠢᠷᠠᠭᠤᠯᠣᠯᠳᠠ ᠶᠢ ᠲᠥᠯᠬᠢᠨ ᠠᠬᠢᠭᠤᠯᠵᠣ᠂ ᠡᠮᠳᠣ ᠴᠠᠪ᠂ ᠡᠷᠡᠬᠦᠯᠵᠢᠯ ᠤᠨ ᠴᠠᠢ ᠵᠡᠷᠬᠡ ᠥᠢᠯᠡᠳᠣᠯ ᠴᠢᠳᠠᠪᠬᠢ ᠲᠠᠢ ᠡᠷᠡᠬᠦᠯᠵᠢᠯ ᠤᠨ ᠪᠣᠳᠠᠰ ᠢ ᠨᠡᠬᠡᠬᠡᠨ ᠠᠰᠢᠬᠯᠠᠵᠣ᠂ ᠰᠢᠯᠣᠭᠤᠨ ᠬᠥᠬᠡ ᠬᠤᠰᠢᠭᠤᠨ ᠤ ᠰᠣᠶᠣᠯ ᠵᠢᠭᠤᠯᠴᠢᠯᠠᠯ ᠤᠨ ᠥᠢᠯᠡᠰ ᠪᠣᠯᠣᠨ ᠥᠢᠯᠡᠴᠢᠯᠡᠬᠡᠨ ᠤ ᠥᠢᠯᠡᠰ ᠤᠨ ᠲᠥᠷᠬᠡᠨ ᠬᠥᠭᠵᠢᠯᠳᠠ ᠳᠤ ᠠᠬᠢᠭᠤᠯᠬᠤ ᠥᠢᠯᠡᠳᠣᠯ ᠥᠵᠡᠬᠦᠯᠵᠣ᠂ ᠠᠮᠢ ᠠᠬᠤᠢ ᠠᠵᠣ ᠠᠬᠤᠢ ᠶᠢᠨ ᠬᠤᠣᠰ ᠥᠷ᠎ᠡ ᠠᠰᠢᠭ ᠡᠬᠦᠳᠬᠦ ᠪᠣᠯᠣᠨ᠎ᠠ᠃
 
ᠢᠷᠡᠯᠲᠡ᠄ ᠰᠢᠯᠣᠭᠤᠨ ᠬᠦᠭᠡ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号