ᠤᠯᠠᠮᠵᠢᠯᠠᠯᠳᠤ ᠲᠠᠪᠤᠨ ᠦᠶ᠎ᠡ ᠶᠢᠨ ᠵᠠᠩᠭ᠎ᠠ ᠶᠢᠨ ᠤᠯᠠ ᠮᠦᠷ
ᠨᠡᠶᠢᠲᠡᠯᠡᠭᠰᠡᠨ ᠴᠠᠭ᠄
2020/4/20
    ᠪᠦᠬᠡ ᠶᠢᠨ ᠵᠠᠩᠭ᠎ᠠ ᠪᠤᠯ ᠪᠦᠬᠡᠴᠢᠳ ᠤᠨ ᠬᠡᠶᠢᠮᠤᠷᠢ ᠰᠦᠯᠳᠡ ᠶᠢ ᠲᠦᠯᠦᠬᠡᠯᠡᠳᠡᠭ᠃ ᠤᠳᠤ ᠶᠢᠨ ᠪᠠᠷᠠᠭᠤᠨ ᠦᠵᠦᠮᠦᠴᠢᠨ ᠬᠤᠰᠢᠭᠤᠨ ᠤ ᠪᠠᠶᠠᠠᠬᠤᠸᠠ ᠪᠠᠯᠭᠠᠰᠤᠨ ᠤ ᠤᠯᠠᠭᠠᠨᠳᠤᠭ ᠭᠠᠴᠠᠭ᠎ᠠ ᠪᠠᠷ ᠨᠤᠳᠤᠭ ᠲᠠᠢ ᠪᠠᠯᠨᠤᠳ ᠤᠪᠤᠭᠲᠤ ᠤᠷᠲᠤ ᠶᠢᠨ ᠲᠡᠮᠦᠷᠪᠠᠭᠠᠳᠤᠷ ᠤᠨ ᠪᠠᠭ᠎ᠠ ᠬᠦᠦ ᠠᠪᠤᠷᠭᠤ ᠴᠠᠭᠠᠨᠵᠠᠭᠠᠨ ᠤ ᠵᠠᠩᠭ᠎ᠠ ᠪᠤᠯ ᠳᠦᠷᠪᠡᠨ ᠦᠶ᠎ᠡ ᠤᠯᠠᠮᠵᠢᠯᠠᠭᠲᠠᠵᠤ ᠢᠷᠡᠭᠰᠡᠨ ᠵᠠᠩᠭ᠎ᠠ ᠶᠤᠮ᠃     ᠨᠢᠭᠡᠳᠦᠬᠡᠷ ᠦᠶ᠎ᠡ᠂ ᠤᠯᠠᠭᠠᠨ ᠬᠠᠭᠠᠯᠭ᠎ᠠ ᠰᠦᠮ᠎ᠡ ᠶᠢᠨ ᠨᠢᠳᠦᠨ ᠰᠢᠷᠠᠨᠤᠳ ᠤᠪᠤᠭ ᠲᠠᠢ ᠡᠷᠬᠢᠭᠦᠯᠳᠡᠭ ᠪᠤᠶᠠᠨᠳᠤᠭᠳᠠᠬᠤ ᠪᠠᠴᠢ ᠡᠷᠢᠶᠡᠨ ᠭᠤᠪᠢ ᠪᠠᠷ ᠨᠤᠲᠤᠭᠲᠠᠢ᠃ 1880 ‍ᠭᠠᠳ ᠤᠨ ᠳᠤ ᠲᠦᠷᠦᠭᠰᠡᠨ᠂ ᠨᠠᠰᠤ ᠪᠠᠷᠠᠭᠰᠠᠨ ᠤᠨ ᠨᠢ ᠲᠤᠳᠤᠷᠬᠠᠢ ᠦᠭᠡᠢ᠂ ᠨᠠᠶᠢᠷ ᠲᠤ ᠪᠠᠷᠢᠯᠳᠤᠬᠤ ᠳᠠᠭᠠᠨ ᠡᠷᠬᠢᠭᠦᠯᠵᠦ ᠬᠠᠶᠠᠳᠠᠭ ᠢᠶᠠᠷ ᠢᠶᠠᠨ ᠲᠡᠭᠡᠵᠦ ᠨᠡᠷᠡᠯᠡᠪᠡ ᠭᠡᠳᠡᠭ᠃ ᠤᠳᠤ ᠲᠡᠬᠦᠨ ᠤ ᠬᠤᠶᠢᠴᠢᠰ ᠨᠢ ᠪᠠᠷᠠᠭᠤᠨ ᠦᠵᠤᠮᠤᠴᠢᠨ ᠬᠤᠰᠢᠭᠤᠨ ᠤ ᠤᠤᠯ ᠤᠨ ᠪᠠᠴᠢ ᠰᠤᠮᠤᠨ ᠤ ᠪᠠᠴᠢᠪᠤᠯᠠᠭ ᠭᠠᠴᠠᠭᠠᠨ ᠳᠤ ᠪᠤᠢ᠃     ᠬᠤᠶᠠᠳᠤᠭᠠᠷ ᠦᠶ᠎ᠡ᠂ ᠪᠦᠳᠦᠭᠦᠨ ᠪᠤᠶᠠᠨᠳᠤᠭᠳᠠᠬᠤ 1910 ᠤᠨ ᠳᠤ ᠪᠠᠷᠠᠭᠤᠨ ᠦᠵᠤᠮᠤᠴᠢᠨ ᠬᠤᠰᠢᠭᠤᠨ ᠎ ᠤ ᠤᠤᠯ ᠤᠨ ᠪᠠᠴᠢ ᠵᠠᠯᠠᠨ ᠤ ᠬᠠᠷᠢᠶ᠎ᠠ᠂ ᠪᠠᠴᠢ ᠰᠤᠮᠤᠨ ᠤ ᠵᠠᠩᠭᠢ ᠲᠡᠮᠡᠬᠡᠴᠢᠨ ᠤᠪᠤᠭᠲᠤ ᠨᠠᠳᠮᠢᠳ ᠤᠨ ᠬᠦᠪᠡᠭᠦᠨ ᠪᠤᠯᠵᠤ ᠡᠩᠬᠡᠷ ᠬᠦᠬᠡᠪᠦᠷ᠂ ᠤᠩᠭᠤᠨ ᠪᠤᠷᠭᠠᠰᠤ ᠨᠤᠳᠤᠭ ᠲᠤ ᠲᠦᠷᠦᠪᠡ᠃ ᠪᠦᠳᠦᠭᠦᠨ ᠪᠤᠶᠠᠨᠳᠤᠭᠳᠠᠬᠤ ᠬᠦᠷᠢᠶ᠎ᠡ ᠪᠤᠶᠠᠨᠴᠤᠭᠲᠤ᠂ ᠬᠡᠦᠬᠡᠨ ᠤ ᠡᠷᠬᠢᠮᠪᠠᠳᠤ᠂ ᠢᠨᠵᠠᠭᠠᠨ ᠶᠤᠨᠳᠤᠨ᠂ ᠷᠠᠰᠢᠰᠧᠪᠵᠢᠨ᠂ ᠪᠡᠶᠢᠯᠡ ᠶᠢᠨ ᠳᠠᠰᠢ᠂ ᠳ᠋ᠠᠷᠬ᠎ᠠ ᠵᠡᠷᠬᠡ ᠲᠤᠬᠠᠢ ᠶᠢᠨ ᠦᠶ᠎ᠡ ᠶᠢᠨ ᠦᠵᠦᠮᠦᠴᠢᠨ ᠤ ᠲᠡᠷᠢᠭᠦᠨ ᠪᠦᠬᠡᠴᠦᠳ ᠢ ᠬᠠᠶᠠᠵᠤ ᠪᠠᠶᠢᠭᠰᠠᠨ ᠲᠡᠦᠬᠡ ᠲᠠᠢ᠂ ᠲᠡᠷᠡ 1981 ᠤᠨ ᠳᠤ ᠶᠢᠷᠲᠢᠨᠴᠦ ᠠᠴᠠ ᠬᠠᠯᠢᠪᠠ᠃ ᠲᠡᠬᠦᠨ ᠤ ᠬᠤᠶᠢᠴᠢᠰ ᠤᠳ ᠨᠢ ᠪᠠᠷᠠᠭᠤᠨ ᠦᠵᠤᠮᠤᠴᠢᠨ ᠬᠤᠰᠢᠭᠤᠨ ᠤ ᠪᠠᠶᠠᠨᠬᠤᠰᠢᠭᠤ ᠰᠤᠮᠤᠨ ᠤ ᠪᠠᠶᠠᠨᠴᠠᠭᠠᠨ ᠭᠠᠴᠠᠭᠠᠨ ᠳᠤ ᠪᠤᠢ᠃     ᠭᠤᠷᠪᠠᠳᠤᠭᠠᠷ ᠦᠶ᠎ᠡ᠂ ᠠᠪᠤᠷᠭᠤ ᠯᠤᠷᠤᠢ᠂ 1936 ᠤᠨ ᠳᠤ ᠪᠠᠷᠠᠭᠤᠨ ᠦᠵᠤᠮᠤᠴᠢᠨ ᠬᠤᠰᠢᠭᠤᠨ ᠤ ᠤᠤᠯ ᠤᠨ ᠪᠠᠴᠢ ᠵᠠᠯᠠᠨ ᠬᠠᠷᠢᠶ᠎ᠠ ᠶᠢᠨ ᠡᠩᠬᠡᠷ ᠬᠦᠬᠡᠪᠦᠷ ᠬᠠᠯᠠᠭᠠᠶᠢᠲᠤ ᠪᠠᠷ ᠨᠤᠳᠤᠭ ᠲᠠᠢ ᠪᠤᠷᠵᠢᠭᠢᠨ ᠤᠪᠤᠭᠲᠤ ᠪᠠᠳᠠᠷᠠᠬᠤ ᠶᠢᠨ ᠬᠦᠪᠡᠭᠦᠨ ᠪᠤᠯᠤᠨ ᠵᠠᠶᠠᠭᠠᠵᠠᠢ᠃ 1957 ᠤᠨ ᠳᠤ ᠲᠢᠶᠠᠨᠵᠢᠨ ᠬᠤᠳᠠ ᠳᠤ ᠪᠤᠯᠤᠭᠰᠠᠨ ᠪᠦᠬᠦ ᠤᠯᠤᠰ ᠤᠨ ᠳᠤᠮᠳᠠᠳᠤ ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ 75 ᠺᠢᠯᠦᠭᠷᠡᠮ ᠤᠨ ᠳᠡᠰ ᠲᠤ ᠲᠤᠬᠠᠢ ᠶᠢᠨ ᠦᠶ᠎ᠡ ᠳᠤ ︽ᠪᠦᠬᠡ ᠶᠢᠨ ᠤᠳᠤᠨ︾ ᠬᠡᠮᠡᠭᠲᠡᠭᠰᠡᠨ ᠱᠠᠨ ᠰᠢ ᠮᠤᠵᠢ ᠶᠢᠨ ᠱᠢ ᠸᠧᠢ ᠬᠠᠢ ᠵᠡᠷᠬᠡ ᠠᠷᠪᠠ ᠭᠠᠷᠤᠢ ᠨᠡᠷᠡᠲᠦ ᠪᠦᠬᠡᠴᠦᠳ ᠢ ᠬᠠᠶᠠᠵᠤ ᠲᠡᠰ ᠲᠡᠭᠡᠨ ᠲᠡᠷᠢᠭᠦᠯᠡᠪᠡ᠃ ᠡᠨᠡ ᠤᠷᠤᠯᠳᠤᠭᠠᠨ ᠳᠤ ᠯᠤᠷᠤᠢ᠂ ᠱᠢ ᠸᠧᠢ ᠬᠠᠢ ᠬᠤᠶᠠᠷ ᠢ ︽ᠤᠯᠤᠰ ᠤᠨ ᠠᠪᠤᠷᠭᠤ ᠪᠦᠬᠡᠴᠢᠨ︾᠎ ᠢᠶᠠᠷ ᠴᠤᠯᠠᠯᠠᠵᠤ᠂ ᠪᠠᠷᠢᠯᠳᠤᠭᠠᠨ ᠤ ᠶᠠᠪᠤᠴᠠ ᠶᠢ ᠺᠢᠨᠣ᠋ ᠹᠢᠯᠢᠮ ᠦᠢᠯᠡᠳᠴᠦ ᠪᠠᠷᠠᠭᠤᠨ ᠦᠵᠦᠮᠦᠴᠢᠨ ᠬᠤᠰᠢᠭᠤᠨ ᠳᠤ ᠠᠪᠴᠢᠷᠠᠨ ᠦᠵᠡᠬᠦᠯᠪᠡ᠃     ᠠᠪᠤᠷᠭᠤ ᠯᠤᠷᠤᠢ ᠦᠪᠡᠷᠲᠡᠭᠡᠨ ᠵᠠᠰᠠᠬᠤ ᠤᠷᠤᠨ ᠤ ᠲᠦᠪ ᠬᠦᠬᠡᠬᠤᠳᠠ ᠳᠤ ᠪᠤᠯᠤᠭᠰᠠᠨ ᠪᠦᠬᠦ ᠤᠷᠤᠨ ᠤ ᠪᠦᠬᠡ ᠶᠢᠨ ᠤᠷᠤᠯᠳᠤᠭᠠᠨ ᠳᠤ 1957—1960 ᠤᠨ ᠪᠤᠯᠲᠠᠯ᠎ᠠ ᠵᠠᠯᠭᠠᠭ᠎ᠠ ᠪᠠᠷ ᠳᠦᠷᠪᠡᠨ ᠵᠢᠯ ᠲᠡᠷᠢᠭᠦᠯᠡᠭᠰᠡᠨ ᠪᠦᠬᠡᠳ 1957 ᠤᠨ ᠤ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 10 ᠵᠢᠯ ᠤᠨ ᠤᠢ ᠶᠢᠨ ᠨᠠᠶᠢᠷ ᠲᠤ ᠲᠡᠰ ᠲᠡᠭᠡᠨ ᠵᠤᠭᠰᠤᠭ᠎ᠠ ᠪᠠᠷ ᠢᠶᠠᠨ ᠪᠠᠷᠢᠯᠳᠤᠵᠤ ᠨᠢᠭᠡ ᠴᠦ ᠰᠢᠷᠤᠶᠢᠳᠠᠭᠰᠠᠨ ᠦᠭᠡᠢ ᠲᠡᠷᠢᠭᠦᠯᠡᠭᠰᠡᠨ  ᠭᠡᠳᠡᠭ᠃ 1958 ᠤᠨ ᠤ ᠪᠠᠷᠠᠭᠤᠨ ᠦᠵᠦᠮᠦᠴᠢᠨ ᠬᠤᠰᠢᠭᠤᠨ ᠤ ᠶᠡᠭᠡ ᠨᠠᠶᠢᠷ ᠤᠨ 512 ᠪᠦᠬᠡ ᠲᠠᠢ ᠨᠠᠶᠢᠷ ᠲᠤ ᠤᠪᠤᠭᠠᠳᠤ ᠶᠢᠨ ᠷᠠᠰᠢᠰᠧᠪᠵᠢᠨ᠂ ᠬᠦᠷᠢᠶ᠎ᠡ ᠳᠠᠮᠴᠤᠢ᠂ ᠵᠢᠷ ᠤᠨ ᠭᠤᠤᠯ ᠤᠨ ᠶᠤᠨᠳᠤᠨ ᠢ ᠬᠠᠶᠠᠵᠤ ᠲᠡᠷᠢᠭᠦᠯᠡᠪᠡ᠃ ᠶᠡᠭᠡ ᠪᠠᠭ᠎ᠠ ᠨᠠᠶᠢᠷ ᠢᠶᠠᠷ 45 ᠤᠲᠠᠭ᠎ᠠ ᠲᠡᠷᠢᠬᠦᠯᠡᠭᠰᠡᠨ ᠭᠡᠲᠡᠭ᠃ 1996 ᠤᠨ ᠳᠤ ᠰᠢᠪᠠᠭᠤᠲᠤ ᠬᠠᠶᠢᠷᠬᠠᠨ ᠤ ᠡᠩᠭᠡᠷ ᠲᠤ ᠨᠠᠰᠤ ᠪᠠᠷᠠᠪᠠ᠃ ᠲᠡᠬᠦᠨ ᠢ ᠬᠠᠭᠠᠯᠭ᠎ᠠ ᠰᠦᠮ᠎ᠡ ᠶᠢᠨ ᠶᠡᠭᠡ ᠪᠦᠬᠡ ᠤᠯᠠᠭᠠᠨ ᠤ ᠵᠢᠭᠡᠨᠡᠷ ᠭᠡᠳᠡᠭ᠃     ᠳᠦᠷᠪᠡᠳᠦᠬᠡᠷ ᠦᠶ᠎ᠡ᠂ ᠤᠯᠤᠰ ᠤᠨ ᠠᠪᠤᠷᠭᠤ ᠪᠠᠭ᠎ᠠ ᠪᠦᠬᠡ᠂ 1967 ᠤᠨ ᠳᠤ ᠪᠠᠷᠠᠭᠤᠨ ᠦᠵᠦᠮᠦᠴᠢᠨ ᠬᠤᠰᠢᠭᠤᠨ ᠤ ᠤᠤᠯ ᠤᠨ ᠪᠠᠶ᠋ᠬᠠᠠᠭᠤᠯᠠ ᠲᠠᠯᠠᠪᠠᠢ᠂ ᠤᠳᠤ ᠶᠢᠨ ᠵᠢᠷ ᠤᠨ ᠭᠤᠤᠯ ᠤᠨ ᠤᠯᠠᠭᠠᠨ ᠨᠠᠭᠤᠷ ᠤᠨ ᠰᠠᠮᠪᠤᠤ ᠶᠢᠨ ᠬᠦᠪᠡᠭᠦᠨ ᠪᠤᠯᠤᠨ ᠵᠠᠶᠠᠭᠠᠪᠠ᠃ ᠤᠯᠠᠨ ᠮᠡᠭᠡ ᠶᠢ ᠤᠯᠠᠷᠢᠭᠤᠯᠤᠨ ᠬᠢᠵᠦ ᠪᠠᠶᠢᠭᠠᠳ ᠲᠠᠭᠠᠷᠠᠭᠰᠠᠨ ᠪᠦᠬᠡ ᠪᠠᠨ ᠮᠠᠰᠢ ᠬᠤᠷᠲᠤᠨ ᠬᠠᠶᠠᠲᠠᠭ ᠤᠴᠢᠷ ᠠᠴᠠ ᠠᠷᠠᠳ ᠲᠦᠮᠡᠨ ᠨᠢ ᠲᠡᠬᠦᠨ ᠳᠤ ︽ᠴᠠᠬᠢᠯᠭᠠᠨ ᠪᠦᠬᠡ︾ ᠭᠡᠲᠡᠭ ᠰᠠᠶᠢᠬᠠᠨ ᠠᠯᠲᠠᠷ ᠤᠯᠭᠤᠪᠠ᠃ 512 ᠪᠦᠬᠡ ᠲᠠᠢ ᠨᠠᠶᠢᠷ ᠲᠤ 5 ᠤᠳᠠᠭ᠎ᠠ ᠲᠡᠷᠢᠭᠦᠯᠡᠵᠦ᠂ 256 ᠪᠦᠬᠡ ᠎ ᠲᠠᠢ ᠨᠠᠶᠢᠷ ᠲᠤ10 ᠭᠠᠷᠤᠢ ᠤᠲᠠᠭ᠎ᠠ ᠲᠡᠷᠢᠬᠦᠯᠡᠪᠡ᠃ ᠲᠤᠮᠲᠠᠲᠤ ᠮᠠᠶ᠋ᠢᠭ ᠤᠨ ᠪᠦᠬᠡ ᠪᠠᠷ ᠪᠦᠬᠦ ᠤᠯᠤᠰ ᠤᠨ ᠲᠡᠮᠡᠴᠡᠬᠡᠨ ᠠᠴᠠ ᠨᠠᠶᠢᠳ᠋ᠨ 7 ᠠᠯᠲᠠᠨ ᠮᠧᠲᠠᠯ᠂ 5 ᠮᠦᠡᠭᠬᠦᠨ ᠮᠧᠲᠠᠯ ᠲᠤᠰᠪᠠ᠃     ᠲᠠᠪᠤᠳᠤᠭᠠᠷ ᠦᠶ᠎ᠡ᠂ ᠤᠯᠤᠰ ᠤᠨ ᠠᠪᠤᠷᠭᠤ ᠴᠠᠭᠠᠨᠵᠠᠭᠠᠨ᠂ 1986 ᠤᠨ ᠳᠤ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠸᠠ ᠰᠤᠮᠤᠨ ᠤ ᠤᠯᠠᠭᠠᠨᠳᠤᠭ ᠭᠠᠴᠠᠭᠠᠨ ᠤ ᠪᠠᠯᠨᠤᠳ ᠤᠪᠤᠭᠲᠤ ᠤᠷᠲᠤ ᠶᠢᠨ ᠲᠡᠮᠦᠷᠪᠠᠭᠠᠲᠤᠷ ᠤᠨ ᠤᠳᠬᠤᠨ ᠬᠦᠪᠡᠭᠦᠨ ᠪᠤᠯᠤᠨ  ᠵᠠᠶᠠᠭᠠᠪᠠ᠃ ᠰᠢᠯᠢ ᠶᠢᠨ ᠭᠤᠤᠯ ᠠᠶᠢᠮᠠᠭ ᠤᠨ ᠴᠤᠯᠡ ᠤᠯᠭᠤᠬᠤ ᠨᠠᠶᠢᠷ ᠲᠤ ᠭᠤᠷᠪᠠ ᠤᠲᠠᠭ᠎ᠠ ᠲᠡᠷᠢᠬᠦᠯᠡᠪᠡ᠃ ᠡᠵᠡᠨ ᠴᠢᠩᠭᠢᠰ ᠤᠨ ᠴᠠᠭᠠᠨ ᠰᠦᠷᠦᠭ ᠤᠨ ᠲᠠᠬᠢᠯᠭ᠎ᠠ ᠲᠠᠶᠢᠯᠭ᠎ᠠ ᠶᠢᠨ 512 ᠪᠦᠬᠡ ᠲᠠᠢ ᠨᠠᠶᠢᠷ ᠲᠤ ᠬᠤᠶᠠᠷ ᠤᠲᠠᠭ᠎ᠠ ᠲᠡᠷᠢᠭᠦᠯᠡᠨ ᠶᠢᠰᠦᠨ ᠴᠠᠭᠠᠨ ᠮᠤᠷᠢ᠂ ᠶᠢᠰᠦᠨ ᠰᠢᠷᠭ᠎ᠠ ᠮᠤᠷᠢ ᠬᠦᠳᠦᠯᠪᠡ᠃ ᠲᠦᠷᠪᠡᠲᠤᠭᠡᠷ ᠤᠲᠠᠭᠠᠨ ᠤ ︽ᠠᠯᠲᠠᠨ ᠪᠦᠰᠡ︾᠎ ᠶᠢᠨ ᠲᠡᠮᠡᠴᠡᠬᠡᠨ ᠳᠤ ᠲᠡᠷᠢᠬᠦᠯᠡᠵᠤ ᠂ ᠠᠩᠬᠳᠠᠭᠴᠢ ᠤᠳᠠᠭᠠᠨ ᠤ ᠦᠪᠦᠷ ᠮᠤᠩᠭᠤᠯ ᠳᠠᠬᠢ ᠠᠯᠳᠠᠨ ᠪᠦᠰᠡ ᠶᠢᠨ ᠡᠵᠡᠨ ᠢᠶᠠᠷ ᠲᠤᠲᠤᠷᠠᠪᠠ᠃ 2017 ᠤᠨ ᠳᠤ ᠬᠦᠯᠦᠨ ᠪᠤᠶᠢᠷ ᠬᠤᠲᠠ ᠳᠤ ᠶᠠᠪᠤᠭᠲᠠᠭᠰᠠᠨ ᠰᠠᠷ᠎ᠠ ᠰᠢᠨ᠎ᠡ ᠶᠢᠨ ᠪᠠᠶᠠᠷ ᠢ ᠪᠡᠯᠭᠡᠯᠡᠬᠦ ᠲᠠᠪᠤᠨ ᠮᠠᠯᠵᠢᠬᠤ ᠬᠤᠰᠢᠭᠤᠨ ᠤ 5 ᠤᠳᠠᠭ᠎ᠠ ᠶᠢᠨ ᠨᠠᠶᠢᠷ ᠲᠤ 4 ᠤᠳᠠᠭ᠎ᠠ ᠲᠡᠷᠢᠬᠦᠯᠡᠪᠡ᠃ 2018 ᠤᠨ ᠠᠴᠠ 2019 ᠤᠨ ᠬᠦᠷᠲᠡᠯᠡᠬᠢ ᠰᠢᠯᠢ ᠶᠢᠨ ᠭᠤᠤᠯ ᠠᠶᠢᠮᠠᠭ ᠤᠨ ᠮᠤᠩᠭᠤᠯ ᠪᠦᠬᠡ ᠶᠢᠨ ᠴᠦᠷᠭᠡᠯᠡᠭᠡ ᠪᠠᠷᠢᠯᠳᠤᠭᠠᠨ ᠤ 12 ᠲᠠᠯᠠᠪᠠᠢ ᠪᠠᠷᠢᠯᠲᠤᠭᠠᠨ ᠳᠤ 5 ᠤᠳᠠᠭ᠎ᠠ ᠲᠡᠷᠢᠬᠦᠯᠡᠵᠤ᠂ ᠤᠨ ᠤ ᠮᠠᠩᠯᠠᠢ ᠪᠠᠷ ᠲᠤᠲᠤᠷᠠᠪᠠ᠃ 1024 ᠪᠦᠬᠡ ᠲᠠᠢ ᠨᠠᠶᠢᠷ ᠎ ᠲᠤ 1 ᠤᠳᠠᠭ᠎ᠠ ᠲᠡᠷᠢᠬᠦᠯᠡᠵᠤ᠂ 1 ᠤᠳᠠᠭ᠎ᠠ ᠲᠡᠳ᠋ᠯᠡᠨ᠂ 512 ᠪᠦᠬᠡ ᠲᠠᠢ ᠨᠠᠶᠢᠷ ᠲᠤ 6 ᠤᠳᠠᠭ᠎ᠠ ᠲᠡᠷᠢᠬᠦᠯᠡᠵᠤ᠂ ᠶᠡᠭᠡ ᠪᠠᠭ᠎ᠠ ᠨᠠᠶᠢᠷ ᠨᠠᠭᠠᠳᠤᠮ ᠢᠶᠠᠷ 300  ᠰᠢᠬᠠᠮ ᠲᠡᠷᠢᠭᠦᠯᠡᠪᠡ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号