ᠡᠶᠢᠮᠦ ᠨᠢᠭᠡᠨ ᠪᠦᠬᠡᠴᠢᠨ ᠭᠡᠷ ᠪᠦᠯᠢ ᠲᠠᠢ ᠳᠠᠨᠢᠯᠴᠠᠨ᠎ᠠ ᠤᠤ
ᠨᠡᠶᠢᠲᠡᠯᠡᠭᠰᠡᠨ ᠴᠠᠭ᠄
2020/4/17
    ᠮᠤᠩᠭᠤᠯ ᠪᠦᠬᠡ ᠶᠢᠨ ᠲᠤᠷᠭᠠᠨ ᠨᠤᠭᠤᠭᠠᠨ ᠲᠡᠪᠵᠢᠶᠠᠨ ᠳᠤ ᠢᠲᠠ ᠦᠵᠠᠨ ᠪᠠᠷᠢᠯᠲᠤᠵᠦ ᠶᠠᠪᠤᠬᠤ ᠳᠠᠭᠠᠨ ᠪᠡᠶ᠎ᠡ ᠪᠡᠶ᠎ᠡ ᠪᠠᠨ ᠬᠠᠷᠠᠵᠤ ᠲᠠᠨᠢᠯᠴᠠᠨ᠂ ᠠᠶᠢᠯ ᠪᠦᠯᠢ ᠪᠤᠯᠵᠤ ᠲᠤᠷᠠᠲᠠᠢ ᠪᠠᠭ᠋ᠠᠲᠠᠢ ᠪᠦᠬᠡ ᠶᠢᠨ ᠦᠢᠯᠡᠰ ᠲᠡᠭᠡᠨ ᠬᠠᠮᠲᠤ ᠪᠠᠷ ᠵᠢᠳᠬᠦᠵᠤ ᠴᠢᠷᠮᠠᠶᠢᠵᠤ ᠶᠠᠪᠤᠭ᠎ᠠ ᠨᠢᠭᠡᠨ ᠬᠤᠤᠰ ᠪᠤᠯ ᠪᠦᠬᠡᠴᠢᠨ ᠲᠠᠸᠠᠰᠠᠮᠪᠤᠤ ᠪᠤᠯᠤᠨ ᠤᠶᠤᠡᠴᠡᠴᠡᠭ ᠪᠤᠯᠤᠨ᠎ᠠ᠃     ᠪᠠᠷᠠᠭᠤᠨ ᠦᠵᠤᠮᠤᠴᠢᠨ ᠬᠤᠰᠢᠭᠤᠨ ᠤ ᠭᠤᠷᠤᠬᠠᠨ ᠪᠠᠯᠭᠠᠰᠤᠨ ᠤ ᠲᠤᠯᠭ᠎ᠠ ᠭᠠᠴᠠᠭ᠎ᠠ ᠪᠠᠷ ᠨᠤᠲᠤᠭᠲᠠᠢ᠂ ᠰᠢᠯᠢ ᠶᠢᠨ ᠭᠤᠤᠯ ᠠᠶᠢᠮᠠᠭ ᠤᠨ ᠮᠤᠩᠭᠤᠯ ᠪᠦᠬᠡ ᠶᠢᠨ ᠬᠠᠷᠴᠠᠭᠠᠢ ᠴᠤᠯᠠᠲᠠᠨ᠂ ᠲᠤᠮᠲᠠᠲᠤ ᠮᠠᠶ᠋ᠢᠭ ᠤᠨ ᠪᠦᠬᠡ ᠶᠢᠨ ᠤᠯᠤᠰ ᠤᠨ ᠠᠪᠤᠷᠭᠤ ᠲᠠᠸᠠᠰᠠᠮᠪᠤᠤ ᠪᠤᠯ ᠰᠢᠨ᠎ᠠ ᠪᠠᠷ ᠴᠤᠯᠭᠤᠷᠠᠵᠤ ᠪᠠᠶᠢᠭ᠎ᠠ ᠵᠠᠯᠠᠭᠤ ᠬᠦᠴᠤᠲᠠᠨ ᠤ ᠨᠢᠭᠡ᠃ ᠲᠠᠸᠠᠰᠠᠮᠪᠤᠤ ᠶᠢᠨ ᠭᠡᠷᠬᠡᠢ ᠤᠶᠤᠡᠴᠡᠴᠡᠭ ᠴᠤ ᠵᠢᠤᠲᠤᠤ ᠪᠦᠬᠡ᠂ ᠮᠤᠩᠭᠤᠯ ᠪᠦᠬᠡ ᠪᠠᠷ ᠰᠠᠶᠢᠨ ᠪᠠᠷᠢᠯᠲᠤᠲᠠᠭ ᠲᠤᠮᠲᠠᠲᠤ ᠮᠠᠶ᠋ᠢᠭ ᠤᠨ ᠪᠦᠬᠡ ᠶᠢᠨ ᠤᠯᠤᠰ ᠤᠨ ᠠᠪᠤᠷᠭᠤ ᠪᠢᠯᠡ᠃ ᠤᠶᠤᠡᠴᠡᠴᠡᠭ ᠪᠤᠯ ᠠᠪᠠᠭ᠎ᠠ ᠬᠤᠰᠢᠭᠤᠨ ᠤ ᠬᠤᠨᠭ᠍ᠭᠤᠷᠭᠤᠤᠯ ᠪᠠᠯᠭᠠᠰᠤᠨ ᠤ ᠰᠠᠷᠠᠭᠤᠯᠲᠤᠶᠠᠭ᠎ᠠ ᠭᠠᠴᠠᠭ᠎ᠠ ᠪᠠᠷ ᠨᠤᠲᠤᠭᠲᠠᠢ᠃ ᠠᠪᠤ ᠠᠯᠲᠠᠠᠲᠤᠶᠠᠭ᠎ᠠ ᠨᠢ ᠨᠤᠲᠤᠭ ᠤᠰᠤᠨ ᠳᠠᠭᠠᠨ ᠠᠯᠲᠠᠷᠲᠠᠢ ᠵᠠᠩᠬᠢᠶᠠᠲᠤ ᠪᠦᠬᠡ᠃ ᠪᠠᠭ᠎ᠠ ᠠᠴᠠ ᠪᠠᠨ ᠠᠪᠤ ᠶᠢᠨ ᠢᠶᠠᠨ ᠨᠦᠯᠤᠭᠡ ᠶᠢ ᠬᠦᠷᠲᠡᠭᠰᠡᠨ ᠤᠶᠤᠡᠴᠡᠴᠡᠭ ᠪᠦᠬᠡ ᠪᠠᠷᠢᠯᠲᠤᠬᠤ ᠮᠠᠰᠢ ᠲᠤᠷᠠᠲᠠᠢ ᠪᠠᠶᠢᠵᠤ᠂ 2007 ᠤᠨ ᠳᠤ ᠬᠦᠬᠡᠬᠤᠲᠠ ᠳᠤ ᠤᠴᠢᠵᠤ ᠵᠢᠤᠲᠤᠤ ᠪᠦᠬᠡ ᠪᠤᠯᠪᠠᠰᠤᠷᠠᠵᠡᠢ᠃     ᠲᠠᠸᠠᠰᠠᠮᠪᠤᠤ ᠤᠶᠤᠡᠴᠡᠴᠡᠭ ᠬᠤᠶᠠᠭᠤᠯᠠ 2014 ᠤᠨ ᠳᠤ ᠠᠶᠢᠯ ᠪᠦᠯᠢ ᠪᠤᠯᠵᠤ᠂ ᠨᠠᠶᠢᠷ ᠨᠠᠭᠠᠲᠤᠮ ᠤᠷᠤᠯᠲᠤᠭᠠᠨ ᠲᠡᠮᠡᠴᠡᠬᠡᠨ ᠢᠶᠠᠷ ᠬᠠᠮᠲᠤ ᠶᠠᠪᠤᠵᠤ᠂ ᠬᠠᠷᠢᠯᠴᠠᠨ ᠵᠢᠭᠠᠵᠤ ᠵᠦᠪᠯᠡᠨ ᠪᠠᠭ᠎ᠠ ᠦᠭᠡᠢ ᠠᠮᠵᠢᠯᠲᠠ ᠶᠢ ᠡᠬᠦᠳᠴᠡᠢ᠃ 2014 ᠤᠨ ᠳᠤ ᠰᠦᠨᠢᠳ ᠪᠠᠷᠠᠭᠤᠨ ᠬᠤᠰᠢᠭᠤᠨ ᠳᠤ ᠪᠤᠯᠤᠭᠰᠠᠨ ᠬᠡᠤᠬᠡᠳ ᠤᠨ ᠦᠷᠪᠤᠭᠡᠨ ᠨᠠᠶᠢᠷ ᠲᠤ ᠡᠷᠡᠭᠲᠡᠢ ᠡᠮᠡᠭᠲᠡᠢ ᠮᠤᠩᠭᠤᠯ ᠪᠦᠬᠡ ᠶᠢᠨ ᠪᠠᠷᠢᠯᠲᠤᠭᠠᠨ ᠳᠤ ᠬᠤᠶᠠᠭᠤᠯᠠ ᠪᠠᠨ ᠲᠡᠷᠢᠬᠦᠯᠡᠭᠰᠡᠨ ᠮᠠᠷᠲᠠᠭᠲᠠᠰᠢ ᠦᠭᠡᠢ ᠰᠠᠶᠢᠬᠠᠨ ᠲᠤᠷᠠᠰᠤᠮᠵᠢ ᠲᠠᠢ᠃ ᠮᠦᠡᠴᠤ ᠨᠢᠳᠦᠨᠦᠨ ᠵᠸᠡᠭᠵᠸᠤ ᠬᠤᠲᠠ ᠳᠤ ᠶᠠᠪᠤᠭᠲᠠᠭᠰᠠᠨ ᠠᠷᠪᠠᠨ ᠨᠢᠬᠡᠲᠤᠭᠡᠷ ᠬᠤᠭᠤᠴᠠᠭᠠᠨ ᠤ ᠪᠦᠬᠦ ᠤᠯᠤᠰ ᠤᠨ ᠴᠦᠬᠡᠨ ᠲᠤᠭᠠᠲᠤ ᠦᠡᠲᠤᠰᠤᠲᠠᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠢᠶᠠᠷ ᠲᠠᠸᠠᠰᠠᠮᠪᠤᠤ ᠬᠦᠷᠡᠯ ᠮᠧᠲᠠᠯ ᠲᠤᠰᠴᠤ᠂ ᠤᠶᠤᠡᠴᠡᠴᠡᠭ ᠮᠦᠡᠭᠬᠦᠨ ᠮᠧᠲᠠᠯ ᠲᠤᠰᠴᠡᠢ᠃     ᠲᠠᠸᠠᠰᠠᠮᠪᠤᠤ ᠤᠲᠤ ᠪᠤᠯᠲᠠᠯ᠎ᠠ 512 ᠪᠦᠬᠡ ᠲᠠᠢ ᠨᠠᠶᠢᠷ ᠲᠤ ᠬᠤᠶᠠᠷ ᠤᠲᠠᠭ᠎ᠠ ᠲᠡᠭᠡᠷ᠎ᠡ ᠨᠠᠢᠮᠠ ᠳᠤ ᠲᠡᠪᠢᠵᠤ᠂ 256 ᠪᠦᠬᠡ ᠲᠠᠢ ᠨᠠᠶᠢᠷ ᠲᠤ ᠬᠤᠶᠠᠷ ᠤᠲᠠᠭ᠎ᠠ ᠲᠡᠷᠢᠬᠦᠯᠡᠨ᠂ ᠶᠡᠭᠡ ᠪᠠᠭ᠎ᠠ ᠨᠠᠶᠢᠷ ᠨᠠᠭᠠᠲᠤᠮ ᠢᠶᠠᠷ 80 ᠭᠠᠷᠤᠢ ᠤᠲᠠᠭ᠎ᠠ ᠲᠡᠷᠢᠬᠦᠯᠡᠵᠤ ᠪᠤᠢ᠃ 2009 ᠤᠨ ᠳᠤ ᠲᠤᠮᠲᠠᠲᠤ ᠮᠠᠶ᠋ᠢᠭ ᠤᠨ ᠪᠦᠬᠡ ᠶᠢᠨ ᠤᠯᠤᠰ ᠤᠨ ᠠᠪᠤᠷᠭᠤ ᠴᠤᠯᠡ ᠬᠠᠮᠠᠭᠠᠯᠠᠨ᠂ 2017 ᠤᠨ ᠳᠤ ᠰᠢᠯᠢ ᠶᠢᠨ ᠭᠤᠤᠯ ᠠᠶᠢᠮᠠᠭ ᠤᠨ ᠮᠤᠩᠭᠤᠯ ᠪᠦᠬᠡ ᠶᠢᠨ ᠬᠠᠷᠴᠠᠭᠠᠢ ᠴᠤᠯᠡ ᠬᠠᠮᠠᠭᠠᠯᠠᠵᠥ ᠪᠢᠯᠠ᠃     ᠤᠶᠤᠡᠴᠡᠴᠡᠭ ᠤᠲᠤ ᠪᠤᠯᠲᠠᠯ᠎ᠠ ᠶᠡᠭᠡ ᠪᠠᠭ᠎ᠠ ᠮᠤᠩᠭᠤᠯ ᠨᠠᠶᠢᠷ ᠨᠠᠭᠠᠲᠤᠮ ᠢᠶᠠᠷ 30 ᠭᠠᠷᠤᠢ ᠤᠲᠠᠭ᠎ᠠ ᠲᠡᠷᠢᠬᠦᠯᠡᠵᠤ ᠪᠤᠢ᠃ 2013 ᠤᠨ ᠳᠤ ᠬᠦᠬᠡᠬᠤᠲᠠ ᠳᠤ ᠶᠠᠪᠤᠭᠲᠠᠭᠰᠠᠨ ᠲᠤᠮᠲᠠᠲᠤ ᠮᠠᠶ᠋ᠢᠭ ᠤᠨ ᠪᠦᠬᠡ ᠶᠢᠨ ᠠᠪᠤᠷᠭᠤ ᠰᠢᠯᠭᠠᠷᠠᠭᠤᠯᠬᠤ ᠤᠷᠤᠯᠲᠤᠭᠠᠨ ᠳᠤ ᠲᠡᠷᠢᠬᠦᠯᠡᠵᠤ ᠠᠯᠲᠠᠨ ᠮᠧᠲᠠᠯ ᠲᠤᠰᠴᠤ᠂ 2013 ᠤᠨ ᠳᠤ ᠬᠠᠶᠢᠨᠠᠨ ᠮᠤᠵᠢ ᠳᠤ ᠶᠠᠪᠤᠭᠲᠠᠭᠰᠠᠨ ᠪᠦᠬᠦ ᠤᠯᠤᠰ ᠤᠨ ᠵᠢᠤᠲᠤᠤ ᠪᠦᠬᠡ ᠶᠢᠨ ᠵᠠᠯᠠᠭᠤᠴᠤᠳ ᠤᠨ ᠠᠪᠤᠷᠭᠤ ᠰᠢᠯᠭᠠᠷᠠᠭᠤᠯᠬᠤ ᠤᠷᠤᠯᠲᠤᠭᠠᠨ ᠳᠤ ᠲᠡᠳ᠋ᠯᠡᠵᠤ ᠮᠦᠡᠭᠬᠦᠨ ᠮᠧᠲᠠᠯ ᠲᠤᠰᠴᠤ᠂ 2013 ᠤᠨ ᠳᠤ ᠱᠠᠨ ᠰᠢ ᠮᠤᠵᠢ ᠶᠢᠨ ᠰᠢᠡᠵᠸᠤ ᠬᠤᠲᠠ ᠳᠤ ᠶᠠᠪᠤᠭᠲᠠᠭᠰᠠᠨ ᠪᠦᠬᠦ ᠤᠯᠤᠰ ᠤᠨ ᠵᠢᠤᠲᠤᠤ ᠪᠦᠬᠡ ᠶᠢᠨ ᠤᠷᠤᠯᠲᠤᠭᠠᠨ ᠳᠤ ᠬᠦᠷᠡᠯ ᠮᠧᠲᠠᠯ ᠲᠤᠰᠣᠬᠰᠠᠨ ᠪᠠᠶᠢᠯ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号