ᠰᠢᠯᠢ ᠶᠢᠨ ᠬᠤᠲᠠ ᠶᠢᠨ ᠰᠢᠯᠢ ᠶᠢᠨ ᠭᠤᠤᠯ ᠰᠤᠶᠤᠯ ᠤᠨ ᠦᠪ ᠤᠨ ᠬᠦᠷᠢᠶᠡᠯᠡᠩ ᠳᠤ ᠪᠠᠶᠢᠷᠢᠯᠠᠭᠰᠠᠨ | ᠰᠢᠯᠢ ᠶᠢᠨ ᠭᠤᠤᠯ ᠠᠶᠢᠮᠠᠭ ᠤᠨ ᠰᠤᠶᠤᠯ ᠲᠠᠮᠢᠷ ᠵᠢᠭᠤᠯᠴᠢᠯᠠᠯ ᠷᠠᠳᠢᠤ᠋ ᠲᠧᠯᠸᠢᠰ ᠤᠨ ᠲᠤᠪᠴᠢᠶᠠᠨ ᠳᠤ | ᠬᠠᠷᠢᠶᠠᠯᠠᠭᠲᠠᠬᠤ᠂ ᠨᠠᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠶᠢᠯᠡᠰ ᠤᠨ ᠨᠢᠭᠡᠴᠡ ᠪᠤᠯᠬᠤ ᠰᠢᠯᠢ ᠶᠢᠨ | ᠭᠤᠤᠯ ᠠᠶᠢᠮᠠᠭ ᠤᠨ ᠮᠦᠽᠧᠢ ᠶᠢ 2004 ᠤᠨ ᠳᠤ ᠡᠬᠢᠯᠡᠨ ᠪᠠᠶᠢᠭᠤᠯᠵᠤ᠂2009 ᠤᠨ ᠤ ᠨᠠᠢᠮᠠᠲᠤᠭᠠᠷ | ᠰᠠᠷ᠎ᠠ ᠠᠴᠠ ᠤᠯᠠᠨ ᠨᠠᠶᠢᠲᠡ ᠳᠤ ᠲᠥᠯᠥᠪᠤᠷᠢ ᠦᠭᠡᠢ ᠨᠡᠭᠡᠭᠡᠭᠰᠡᠨ ᠶᠤᠮ᠃ ᠲᠤᠰ ᠮᠦᠽᠧᠢ ᠨᠢ ᠲᠡᠤᠬᠡᠨ | ᠲᠤᠷᠠᠰᠬᠠᠯᠲᠤ ᠵᠤᠶᠢᠯᠡᠰ ᠢ ᠡᠯᠰᠡᠨ ᠴᠤᠭᠯᠠᠭᠤᠯᠬᠤ᠂ ᠬᠦᠮᠤᠷᠭᠡ ᠳᠤ ᠤᠷᠤᠭᠤᠯᠤᠨ ᠭᠠᠷᠭᠠᠬᠤ᠂ ᠲᠡᠯᠭᠡᠨ ᠦᠵᠡᠭᠦᠯᠬᠦ | ᠂ ᠬᠠᠮᠠᠭᠠᠯᠠᠬᠤ᠂ ᠰᠡᠯᠪᠢᠨ ᠰᠡᠷᠭᠦᠭᠡᠬᠦ᠂ ᠮᠡᠳᠡᠭᠡ ᠵᠠᠩᠭᠢ ᠶᠢ ᠴᠤᠭᠯᠠᠭᠤᠯᠬᠤ ᠪᠠ ᠰᠤᠲᠤᠯᠬᠤ ᠵᠢᠴᠢ ᠲᠡᠤᠬᠡᠨ | ᠲᠤᠷᠠᠰᠬᠠᠯᠲᠤ ᠵᠤᠶᠢᠯᠡᠰ ᠤᠨ ᠬᠠᠮᠢᠶ᠎ᠠ ᠪᠦᠬᠦᠢ ᠮᠠᠲ᠋ᠧᠷᠢᠶᠠᠯ ᠢ ᠲᠠᠩᠰᠠᠯᠠᠨ ᠲᠡᠮᠳᠡᠭᠯᠡᠬᠦ᠂ ᠨᠡᠶᠢᠭᠡᠮ ᠤᠨ ᠰᠤᠷᠭᠠᠨ | ᠬᠦᠮᠤᠵᠢᠯ᠂ ᠲᠡᠯᠭᠡᠨ ᠦᠵᠡᠭᠦᠯᠤᠯᠭᠡ ᠶᠢᠨ ᠲᠠᠩᠬᠢᠮ ᠢ ᠬᠠᠮᠠᠭᠠᠯᠠᠨ ᠬᠠᠮᠢᠶᠠᠷᠬᠤ ᠠᠵᠢᠯ ᠢ ᠭᠤᠤᠯᠯᠠᠨ | ᠬᠠᠷᠢᠭᠤᠴᠠᠬᠤ ᠶᠢᠨ ᠲᠠᠭᠠᠤ ᠬᠤᠷᠢᠶᠠᠨ ᠬᠠᠳᠠᠭᠠᠯᠠᠬᠤ᠂ ᠲᠡᠯᠭᠡᠨ ᠦᠵᠡᠭᠦᠯᠬᠦ᠂ ᠰᠤᠲᠤᠯᠬᠤ᠂ ᠬᠠᠭᠤᠴᠢ ᠰᠤᠲᠤᠯᠤᠯ᠂ | ᠨᠠᠶᠢᠲᠡ ᠶᠢᠨ ᠰᠤᠷᠭᠠᠨ ᠣᠷᠢᠨᠣᠬᠦ᠋ᠮᠤᠵᠢᠯ᠂ ᠰᠤᠶᠤᠯ ᠤᠨ ᠰᠤᠯᠢᠯᠴᠠᠭ᠎ᠠ ᠶᠢ ᠨᠢᠭᠡᠳᠬᠡᠭᠰᠡᠨ ᠶᠡᠷᠥᠩᠬᠡᠶᠢᠯᠡᠭᠰᠡᠨ | ᠴᠢᠨᠠᠷᠲᠠᠢ ᠮᠦᠽᠧᠢ ᠪᠤᠯᠤᠨ᠎ᠠ᠃ | ᠮᠦᠽᠧᠢ ᠶᠢᠨ ᠶᠡᠷᠤᠩᠬᠡᠢ ᠲᠠᠯᠠᠪᠠᠢ 2.1 ᠲᠦᠮᠡᠨ ᠬᠠᠪᠲᠠᠭᠠᠢ ᠲᠦᠷᠪᠡᠯᠵᠢᠨ ᠮᠧᠲᠷ᠂ ᠲᠡᠯᠭᠡᠨ ᠦᠵᠡᠭᠦᠯᠤᠯᠭᠡ | ᠶᠢᠨ ᠲᠠᠩᠬᠢᠮ ᠤᠨ ᠲᠠᠯᠠᠪᠠᠢ 1.2 ᠲᠦᠮᠠᠨ ᠬᠠᠪᠲᠠᠭᠠᠢ ᠲᠦᠷᠪᠡᠯᠵᠢᠨ ᠮᠧᠲᠷ᠂ ᠬᠦᠮᠦᠷᠭᠡ ᠶᠢᠨ ᠲᠠᠯᠠᠪᠠᠢ 2000 | ᠬᠠᠪᠲᠠᠭᠠᠢ ᠲᠦᠷᠪᠡᠯᠵᠢᠨ ᠮᠧᠲᠷ᠂1000 ᠰᠢᠬᠠᠮ ᠲᠡᠤᠬᠡᠨ ᠲᠤᠷᠠᠰᠬᠠᠯᠲᠤ ᠵᠤᠶᠢᠯᠡᠰ ᠢ ᠬᠠᠮᠠᠭᠠᠯᠠᠨ ᠬᠠᠳᠠᠭᠠᠯᠠᠵᠤ᠂ | ᠵᠢᠯ ᠤᠨ ᠲᠤᠮᠲᠠᠴᠢ ᠲᠤᠭᠤᠷᠢᠨ ᠵᠤᠭᠠᠴᠠᠭᠴᠢᠳ45 ᠲᠦᠮᠨ ᠶᠢ ᠲᠠᠪᠠᠵᠤ ᠪᠤᠢ᠃ ᠮᠦᠽᠧᠢ ᠨᠢ 13 ᠲᠡᠯᠭᠡᠨ | ᠦᠵᠡᠭᠦᠯᠤᠯᠭᠡ ᠶᠢᠨ ᠲᠠᠩᠬᠢᠮ ᠲᠠᠢ᠂ ᠲᠡᠯᠭᠡᠨ ᠦᠵᠡᠭᠦᠯᠦᠯᠭᠡ ᠪᠠᠨ ᠤᠨᠴᠠᠯᠢᠭᠲᠤ ᠦᠵᠡᠭᠦᠯᠦᠯᠭᠡ᠂ ᠪᠠᠶᠢᠩᠭᠤ ᠶᠢᠨ | ᠦᠵᠡᠭᠦᠯᠦᠯᠭᠡ ᠪᠠ ᠲᠦᠷ ᠴᠠᠭ ᠤᠨ ᠦᠵᠡᠭᠦᠯᠦᠯᠭᠡ ᠭᠡᠵᠤ ᠠᠩᠭᠢᠯᠠᠨ᠂《 ᠤᠮᠠᠷᠠᠲᠤ ᠸᠧᠢ ᠤᠯᠤᠰ ᠤᠨ | ᠦᠶ᠎ᠡ ᠶᠢᠨ ᠢᠵᠠᠭᠤᠷᠲᠠᠨ ᠤ ᠤᠩᠭᠤᠨ ᠤ ᠦᠵᠡᠭᠦᠯᠦᠯᠭᠡ》᠂《 ᠮᠤᠩᠭᠤᠯ ᠬᠠᠭᠠᠨᠲᠤ ᠤᠯᠤᠰ》᠂《 ᠲᠠᠯ᠎ᠠ | ᠨᠤᠲᠤᠭ ᠤᠨ ᠲᠠᠩᠰᠤᠭ ᠠᠶᠠᠯᠭᠤ》᠂《 ᠰᠢᠯᠢ ᠶᠢᠨ ᠭᠤᠤᠯ ᠤᠨ ᠨᠡᠪᠲᠡᠷᠬᠡᠢ ᠲᠡᠤᠬᠡ》 ᠵᠢᠴᠢ ᠲᠦᠷ ᠴᠠᠭ ᠤᠨ | ᠦᠵᠡᠭᠦᠯᠤᠯᠭᠡ ᠪᠠᠷ ᠪᠦᠷᠢᠯᠳᠤᠵᠠᠢ᠃ ᠮᠦᠽᠧᠢ ᠶᠢᠨ ᠪᠦᠬᠦ ᠠᠵᠢᠯᠲᠠᠨ 25 ᠬᠦᠮᠤᠨ᠂ ᠡᠭᠦᠨ ᠳᠤ ᠤᠷᠤᠨ ᠲᠤᠭ᠎ᠠ | ᠪᠦᠬᠦᠢ ᠠᠵᠢᠯᠲᠠᠨ7 ᠬᠦᠮᠤᠨ᠂ ᠤᠷᠤᠨ ᠲᠤᠭᠠᠨ ᠤ ᠪᠤᠰᠤ ᠠᠵᠢᠯᠲᠠᠨ 17 ᠬᠦᠮᠤᠨ᠂ ᠣᠷᠢᠨ ᠠᠪᠴᠢᠷᠠᠭᠰᠠᠨ | ᠴᠢᠳᠠᠪᠤᠷᠢᠲᠠᠨ1 ᠬᠦᠮᠤᠨ ᠪᠤᠢ᠃ ᠪᠠᠶᠢᠭᠤᠯᠭ᠎ᠠ ᠨᠢᠭᠡᠴᠡᠳᠤ 10 ᠭᠡᠯᠲᠡᠰ ᠲᠤᠬᠢᠷᠠᠭᠤᠯᠤᠨ᠂ ᠲᠤᠰ ᠪᠦᠷᠢ | ᠶᠡᠷᠥᠩᠬᠡᠶᠢᠯᠡᠭᠰᠡᠨ ᠠᠯᠪᠠᠨ ᠭᠡᠷ᠂ ᠡᠳ᠋ ᠤᠨ ᠶᠠᠪᠤᠲᠠᠯ᠂ ᠲᠡᠯᠭᠡᠨ ᠦᠵᠡᠭᠦᠯᠤᠯᠭᠡ ᠪᠠ ᠮᠡᠳᠡᠭᠡ ᠵᠠᠩᠭᠢ᠂ ᠨᠡᠶᠢᠭᠡᠮ ᠤᠨ | ᠰᠤᠷᠭᠠᠨ ᠬᠦᠮᠤᠵᠢᠯ᠂ ᠰᠤᠳᠤᠯᠤᠨ ᠰᠢᠨᠵᠢᠬᠦ᠂ ᠲᠡᠤᠬᠡᠨ ᠲᠤᠷᠠᠰᠬᠠᠯᠲᠤ ᠵᠤᠶᠢᠯᠡᠰ ᠢ ᠬᠤᠷᠢᠶᠠᠨ ᠬᠠᠳᠠᠭᠠᠯᠠᠬᠤ᠂ | ᠡᠯᠰᠡᠨ ᠴᠤᠭᠯᠠᠭᠤᠯᠬᠤ᠂ ᠲᠡᠤᠬᠡᠨ ᠲᠤᠷᠠᠰᠬᠠᠯᠲᠤ ᠵᠤᠶᠢᠯᠡᠰ ᠢ ᠬᠠᠮᠠᠭᠠᠯᠠᠬᠤ ᠪᠠ ᠰᠡᠯᠪᠢᠨ ᠰᠡᠷᠭᠦᠭᠡᠬᠦ᠂ ᠰᠤᠶᠤᠯ ᠤᠨ | ᠡᠭᠦᠲᠤᠨ ᠪᠦᠲᠤᠭᠡᠯᠲᠡ ᠶᠢᠨ ᠤᠶᠢᠯᠡᠳᠬᠦᠨ᠂ ᠠᠮᠤᠷ ᠲᠦᠪᠰᠢᠨ ᠢ ᠪᠠᠲᠤᠯᠠᠬᠤ ᠵᠡᠷᠭᠡ ᠭᠡᠯᠲᠡᠰ ᠨᠢ ᠠᠵᠢᠯ ᠤᠨ | ᠬᠡᠷᠡᠭᠴᠡᠭᠡᠨ ᠤ ᠲᠤᠭᠤᠷᠢᠨ ᠳᠤ ᠠᠵᠢᠯ ᠢᠶᠠᠨ ᠶᠠᠪᠤᠭᠳᠠᠭᠤᠯᠵᠤ ᠪᠠᠶᠢᠨ᠎ᠠ᠃ | ᠰᠢᠯᠢ ᠶᠢᠨ ᠭᠤᠤᠯ ᠠᠶᠢᠮᠠᠭ ᠤᠨ ᠮᠦᠽᠧᠢ ᠨᠢ ᠴᠢᠳᠠᠪᠤᠷᠢᠲᠠᠨ ᠢᠶᠠᠷ ᠮᠦᠽᠧᠢ ᠪᠠᠨ ᠴᠤᠭᠴᠠᠯᠠᠵᠤ᠂ ᠰᠢᠨᠵᠢᠯᠡᠭᠦ | ᠤᠬᠠᠭᠠᠨᠴᠢ ᠪᠠᠷ ᠮᠦᠽᠧᠢ ᠪᠠᠨ ᠬᠦᠭᠵᠢᠭᠦᠯᠬᠦ ᠶᠢ ᠵᠤᠷᠢᠨ᠂ ᠨᠡᠶᠢᠭᠡᠮ ᠤᠨ ᠡᠯ᠎ᠡ ᠡᠲᠡᠭᠡᠳ ᠲᠤ | ᠬᠠᠨᠲᠤᠨ《5·18》 ᠲᠡᠯᠡᠬᠡᠢ ᠶᠢᠨ ᠮᠦᠽᠧᠢ ᠶᠢᠨ ᠡᠲᠤᠷ᠂ ᠰᠤᠶᠤᠯ ᠪᠠ ᠪᠠᠶᠢᠭᠠᠯᠢ ᠶᠢᠨ ᠦᠪ ᠤᠨ ᠡᠲᠤᠷ᠂ | ᠲᠠᠯ᠎ᠠ ᠨᠤᠲᠤᠭ ᠤᠨ ᠰᠤᠶᠤᠯ ᠤᠨ ᠦᠪ ᠤᠨ ᠡᠲᠤᠷ ᠵᠡᠷᠭᠡ ᠭᠤᠤᠯ ᠰᠡᠲᠤᠪᠲᠤ ᠰᠤᠶᠤᠯ ᠤᠨ ᠤᠬᠠᠭᠤᠯᠭ᠎ᠠ ᠶᠢᠨ | ᠠᠵᠢᠯᠯᠠᠭ᠎ᠠ ᠪᠠ ᠲᠦᠷ ᠴᠠᠭ ᠤᠨ ᠦᠵᠡᠭᠦᠯᠤᠯᠭᠡ ᠶᠢ ᠦᠷᠨᠢᠭᠦᠯᠤᠨ᠂ ᠦᠵᠡᠭᠦᠯᠤᠯᠭᠡ ᠪᠠᠷ ᠲᠠᠮᠵᠢᠨ ᠤᠯᠠᠨ ᠨᠠᠶᠢᠲᠡ | ᠲᠠᠢ ᠰᠣᠯᠢᠯᠴᠠᠭ᠎ᠠ ᠪᠠᠨ ᠴᠢᠩᠭᠠᠳᠬᠠᠬᠤ ᠶᠢᠨ ᠲᠠᠭᠠᠤ《 ᠰᠢᠯᠢ ᠶᠢᠨ ᠭᠤᠤᠯ ᠰᠤᠶᠤᠯ ᠲᠡᠤᠬᠡ ᠶᠢᠨ ᠰᠤᠷᠤᠯᠴᠠᠭᠠᠨ ᠤ | ᠲᠠᠪᠴᠠᠩ》᠂《 ᠪᠢᠴᠢᠬᠠᠨ ᠲᠠᠶᠢᠯᠪᠤᠷᠢᠯᠠᠭᠴᠢ》 ᠵᠡᠷᠭᠡ ᠨᠡᠶᠢᠭᠡᠮ ᠤᠨ ᠰᠤᠷᠭᠠᠨ ᠬᠦᠮᠤᠵᠢᠯ ᠤᠨ ᠠᠵᠢᠯᠯᠠᠭ᠎ᠠ ᠶᠢ | ᠦᠷᠨᠢᠭᠦᠯᠵᠤ᠂ ᠰᠤᠷᠭᠠᠭᠤᠯᠢ᠂ ᠴᠡᠷᠢᠭ ᠤᠨ ᠲᠤᠭᠤᠷᠢᠭ᠂ ᠠᠵᠤ ᠠᠬᠤᠶᠢᠯᠠᠯ᠂ ᠨᠡᠶᠢᠭᠡᠮ ᠲᠤᠭᠤᠷᠢᠭ ᠲᠤ | ᠭᠦᠨᠵᠡᠭᠡᠶᠢᠷᠡᠨ ᠰᠢᠯᠢ ᠶᠢᠨ ᠭᠤᠤᠯ ᠠᠶᠢᠮᠠᠭ ᠤᠨ ᠮᠦᠽᠧᠢ ᠶᠢᠨ ᠤᠶᠤᠨ ᠤ ᠪᠤᠯᠪᠠᠰᠤᠨ ᠤ ᠪᠠᠶᠢᠭᠤᠯᠤᠯᠲᠠ ᠪᠠ | ᠰᠢᠨᠵᠢᠯᠡᠭᠦ ᠤᠬᠠᠭᠠᠨ ᠰᠤᠷᠭᠠᠨ ᠬᠦᠮᠤᠵᠢᠯ ᠤᠨ ᠪᠠᠬᠢᠯᠡᠯᠲᠡ ᠳᠠᠬᠢ ᠨᠡᠶᠢᠲᠠ ᠶᠢᠨ ᠰᠤᠶᠤᠯ ᠤᠨ ᠤᠶᠢᠯᠡᠴᠢᠯᠡᠭᠡᠨ ᠤ | ᠴᠢᠳᠠᠮᠵᠢ ᠶᠢ ᠪᠠᠳᠠᠷᠠᠭᠤᠯᠤᠨ᠂ ᠮᠠᠨ ᠤ ᠠᠶᠢᠮᠠᠭ ᠤᠨ ᠰᠤᠶᠤᠯ ︵ ᠲᠡᠤᠬᠡᠨ ᠲᠤᠷᠠᠰᠬᠠᠯᠲᠤ ᠵᠤᠶᠢᠯᠡᠰ︶ ᠤᠨ | ᠤᠶᠢᠯᠡᠰ ᠤᠨ ᠴᠡᠴᠡᠭᠯᠡᠯᠲᠡ ᠪᠠ ᠠᠵᠤ ᠠᠬᠤᠢ ᠨᠡᠶᠢᠭᠡᠮ ᠤᠨ ᠬᠦᠭᠵᠢᠯᠲᠠ ᠳᠤ ᠢᠳᠡᠪᠬᠢ ᠤᠶᠢᠯᠠᠲᠤᠯ ᠦᠵᠡᠭᠦᠯᠵᠠᠢ᠃ | | | | | | | | | | | | | | | | | | | | |