ᠪᠦᠭᠡ ᠭᠡᠵᠤ ᠮᠦᠨ ᠴᠤ ᠤᠬᠠᠭᠠᠨ ᠤ ᠳᠠᠮᠢᠷ ᠪᠤᠶᠤ
ᠨᠡᠶᠢᠲᠡᠯᠡᠭᠰᠡᠨ ᠴᠠᠭ᠄
2020/3/26
    ᠮᠤᠩᠭᠤᠯ ᠪᠦᠭᠡ ᠨᠢ ᠵᠦᠪᠭᠡᠨ ᠭᠦᠴᠦ ᠴᠢᠳᠡᠯ ᠤᠨ ᠮᠦᠷᠦ᠋ᠢᠴᠡᠭᠡᠨ ᠳᠡᠳᠤᠢ ᠯᠡ ᠪᠢᠰᠢ᠂ ᠮᠦᠨ ᠴᠤ ᠤᠶᠤᠨ ᠤᠬᠠᠭᠠᠨ ᠤ ᠰᠢᠯᠭᠠᠯᠳᠠ  ᠪᠣᠯᠬᠤ ᠶᠣᠰᠣᠲᠠᠢ᠃ ᠶᠠᠮᠠᠷ ᠪᠦᠭᠡ ᠶᠢ ᠶᠠᠭᠠᠭᠢᠵᠤ ᠬᠠᠶᠠᠨ᠎ᠠ᠂ ᠶᠠᠮᠠᠷ ᠮᠡᠭᠡ ᠶᠢ ᠶᠠᠭᠠᠭᠢᠵᠤ ᠬᠠᠷᠢᠭᠤᠯᠤᠨ᠎ᠠ᠂ ᠶᠠᠮᠠᠷ ᠭᠦᠮᠦᠨ ᠳᠤ ᠶᠠᠮᠠᠷ ᠮᠡᠭᠡ ᠮᠡᠷᠭᠡᠵᠢᠯ ᠢ ᠭᠡᠷᠡᠭᠯᠡᠨ᠎ᠡ ᠪᠤᠢ ᠭᠡᠳᠡᠭ ᠢ ᠪᠦᠷ ᠦᠪᠡᠷ ᠤᠨ ᠤᠶᠤᠨ ᠤᠬᠠᠭᠠᠨ ᠳᠠᠭᠠᠨ ᠲᠦᠰᠦᠭᠡᠯᠡᠨ ᠪᠤᠳᠤᠬᠤ ᠭᠡᠷᠡᠭᠳᠡᠢ᠂ ᠡᠨᠡ ᠪᠦᠭᠦᠨ ᠢ ᠪᠤᠳᠤᠵᠤ ᠤᠯᠤᠬᠰᠠᠨ ᠪᠦᠭᠡ ᠨᠦᠭᠦᠭᠡ ᠡᠳᠡᠭᠡᠳ ᠢᠶᠠᠨ ᠢᠯᠠᠬᠤ ᠪᠤᠯᠤᠮᠵᠢ ᠪᠠᠷ ᠶᠡᠭᠡ ᠪᠠᠶᠢᠳᠠᠭ᠃     ᠤᠤᠯ ᠳᠠᠭᠠᠨ ᠪᠦᠭᠡ ᠪᠤᠯᠪᠠᠰᠤᠷᠠᠬᠤ ᠳᠤ ᠪᠦᠭᠡ ᠶᠢᠨ ᠰᠤᠷᠭᠠᠬᠴᠢ ᠪᠠᠭᠰᠢ ᠠᠴᠠ ᠱᠠᠪᠢ ᠨᠠᠷ ᠢᠶᠠᠨ ︽ᠨᠢᠭᠡ ᠮᠡᠭᠡᠨ ᠳᠤ ᠨᠢᠭᠡ ᠯᠡ ᠤᠳᠠᠭ᠎ᠠ ᠤᠢᠢᠴᠢᠬᠤ ᠠᠴᠠ ᠪᠢᠰᠢ ᠬᠤᠶᠠᠷ ᠤᠢᠢᠴᠢᠵᠤ ᠪᠤᠯᠬᠤ ᠦᠭᠡᠢ︾ ᠭᠡᠮᠡᠨ ᠬᠠᠳᠠᠭᠤ ᠴᠢᠩᠭ᠎ᠠ ᠱᠠᠭᠠᠷᠳᠠᠳᠠᠭ ᠨᠢ ᠪᠦᠭᠡ ᠪᠠᠷᠢᠯᠳᠤᠬᠤ ᠳᠤ ᠢᠯᠡᠭᠦᠭᠡᠨ ᠳᠠᠷᠢᠭᠢ ᠳᠤᠯᠤᠭᠠᠢ ᠪᠠᠨ ᠭᠦᠳᠡᠯᠭᠡᠵᠤ᠂ ᠤᠶᠤᠨ ᠤᠬᠠᠭᠠᠨ ᠳᠠᠭᠠᠨ ᠲᠦᠰᠢᠭᠯᠡᠭᠦ ᠭᠡᠷᠡᠭᠳᠠᠢ ᠭᠡᠰᠡᠨ ᠢ ᠬᠠᠷᠠᠭᠤᠯᠵᠤ ᠪᠠᠶᠢᠭ᠎ᠠ ᠶᠤᠮ᠃ ᠳᠡᠶᠢᠮᠤ ᠪᠠᠷ ᠢᠶᠠᠨ ᠳᠡᠷᠡ ᠦᠶ᠎ᠡ ᠶᠢᠨ ᠪᠦᠭᠡᠴᠢᠳ ᠨᠢᠭᠡ ᠨᠢᠭᠡᠨ ᠤ ᠪᠠᠨ ᠮᠡᠭᠡ ᠮᠡᠷᠭᠡᠵᠢᠯ ᠢ ᠰᠠᠶᠢᠳᠤᠷ ᠰᠤᠳᠤᠯᠵᠤ᠂ ᠶᠠᠭᠠᠭᠢᠪᠠᠯ ᠳᠡᠷᠡ ᠮᠡᠭᠡᠨ ᠳᠤᠨᠢ ᠤᠢᠢᠴᠢᠬᠤ ᠦᠭᠡᠢ ᠪᠠᠶᠢᠵᠤ ᠴᠢᠳᠠᠬᠤ ᠪᠤᠢ ᠭᠡᠮᠡᠨ ᠨᠠᠷᠢᠪᠴᠢᠯᠡᠨ ᠰᠤᠳᠤᠯᠵᠤ ᠪᠠᠶᠢᠳᠠᠭ ᠪᠤᠯᠬᠤᠷ ᠮᠡᠭᠡ ᠮᠡᠷᠭᠡᠵᠢᠯ ᠢ ᠬᠠᠷᠢᠭᠤᠯᠬᠤ ᠳᠠᠭᠠᠨ ᠰᠠᠶᠢᠨ᠂ ᠤᠯᠠᠨ ᠵᠦᠢᠯ ᠤᠨ ᠮᠡᠭᠡ ᠮᠡᠷᠭᠡᠵᠢᠯ ᠢ ᠤᠯᠠᠷᠢᠭᠤᠯᠤᠨ ᠭᠡᠷᠡᠭᠯᠡᠭᠦ ᠳᠡᠭᠡᠨ ᠴᠢᠳᠠᠮᠠᠭᠠᠢ ᠪᠠᠶᠢᠳᠠᠭ᠃ ᠭᠡᠳᠡᠯ᠎ᠡ ᠤᠳᠤ ᠶᠢᠨ ᠵᠠᠯᠠᠭᠤ ᠪᠦᠭᠡᠴᠢᠳ ᠤᠨ ᠪᠠᠷᠢᠯᠳᠤᠭᠠᠨ ᠢ ᠨᠠᠷᠢᠪᠴᠢᠯᠡᠨ ᠦᠵᠡᠪᠡᠯ᠂ ᠪᠦᠭᠡ ᠶᠢᠨ ᠮᠡᠭᠡ ᠮᠡᠷᠭᠡᠵᠢᠯ ᠢ ᠰᠤᠳᠤᠯᠬᠤ ᠳᠠᠯ᠎ᠠ ᠪᠠᠷ ᠭᠦᠷᠦᠯᠴᠡᠭᠦ ᠦᠭᠡᠢ ᠪᠠᠶᠢᠵᠤ᠂ ᠪᠦᠭᠡ ᠪᠠᠷᠢᠯᠳᠤᠬᠤ ᠳᠤ ᠳᠠᠷᠢᠭᠢ ᠳᠤᠯᠤᠭᠠᠢ ᠪᠠᠨ ᠭᠦᠳᠡᠯᠭᠡᠭᠦ ᠳᠠᠯ᠎ᠠ ᠪᠠᠷ ᠭᠦᠷᠦᠯᠴᠡᠭᠦ ᠦᠭᠡᠢ ᠪᠠᠶᠢᠨ᠎ᠠ᠃ ᠳᠡᠶᠢᠮᠤ ᠠᠴᠠ ᠨᠢᠭᠡ ᠮᠡᠭᠡᠨ ᠳᠤ ᠬᠤᠶᠠᠷ ᠪᠢᠳᠡᠭᠡᠢ ᠭᠡᠯᠡ᠂ ᠠᠷᠪᠠ ᠤᠳᠠᠭ᠎ᠠ ᠴᠤ ᠤᠢᠢᠴᠢᠬᠤ ᠦᠵᠡᠭᠳᠡᠯ ᠭᠠᠷᠴᠤ ᠪᠠᠶᠢᠭ᠎ᠠ ᠪᠦᠭᠡᠳ ᠵᠠᠷᠢᠮ ᠵᠠᠯᠠᠭᠤ ᠪᠦᠭᠡᠴᠢᠳ ᠶᠠᠮᠠᠷ ᠭᠦᠮᠦᠨ ᠳᠤ ᠴᠤ ᠦᠪᠡᠷ ᠤᠨ ᠰᠤᠷᠮᠠᠭᠠᠢ ᠮᠡᠭᠡ ᠮᠡᠷᠭᠡᠵᠢᠯ ᠢᠶᠠᠨ ᠭᠢᠭᠦ ᠭᠡᠳ ᠯᠡ ᠴᠢᠷᠮᠠᠶᠢᠵᠤ᠂ ᠨᠦᠭᠦᠭᠡ ᠡᠳᠡᠭᠡᠳ ᠨᠢ ᠳᠡᠭᠦᠨ ᠤ ᠤᠩᠭᠤᠨ ᠮᠡᠷᠭᠡᠵᠢᠯ ᠢ ᠬᠠᠷᠢᠭᠤᠯᠬᠤ ᠠᠷᠭ᠎ᠠ ᠳᠡᠮ ᠢ ᠨᠢᠭᠡᠨᠳᠡ ᠤᠯᠴᠢᠬᠠᠬᠰᠠᠨ ᠪᠠᠶᠢᠳᠠᠯ᠎ᠠ ᠮᠦᠨ ᠯᠡ ᠤᠩᠭᠤᠨ ᠡᠷᠳᠡᠮ ᠢᠶᠠᠨ ᠭᠢᠭᠦ ᠭᠡᠳ ᠵᠢᠳᠭᠦᠭᠰᠡᠭᠡᠷ ᠪᠠᠶᠢᠭᠠᠳ ᠤᠨᠠᠵᠤ ᠦᠭᠳᠡᠭ᠃ ᠨᠢᠭᠡ ᠮᠡᠭᠡᠨ ᠳᠤ ᠤᠯᠠᠨ ᠤᠳᠠᠭ᠎ᠠ ᠤᠢᠢᠴᠢᠬᠤ ᠪᠤᠯᠤᠬᠰᠠᠨ ᠵᠢᠴᠢ ᠪᠠᠷᠢᠯᠳᠤᠭᠠᠨ ᠤ ᠪᠠᠶᠢᠳᠠᠯ ᠢᠶᠠᠨ ᠦᠵᠡᠵᠤ ᠪᠠᠶᠢᠭᠠᠳ ᠶᠠᠮᠠᠷ ᠮᠡᠭᠡ ᠭᠢᠪᠡᠯ ᠬᠠᠶᠠᠵᠤ ᠳᠡᠶᠢᠯᠭᠦ ᠭᠡᠳᠡᠭ ᠢ ᠪᠤᠳᠤᠯᠭᠢᠯᠠᠬᠤ ᠦᠭᠡᠢ᠂ ᠶᠠᠮᠠᠷ ᠭᠦᠮᠦᠨ ᠳᠤ ᠴᠤ ᠦᠪᠡᠷ ᠤᠨ ᠰᠤᠷᠮᠠᠭᠠᠢ ᠮᠡᠭᠡ ᠪᠠᠨ ᠭᠢᠭᠦ ᠭᠡᠳ ᠰᠤᠬᠤᠷ ᠪᠠᠯᠠᠢ ᠪᠠᠷ ᠵᠢᠳᠭᠦᠭᠦ ᠵᠡᠷᠭᠡ ᠨᠢ ᠪᠦᠭᠡᠴᠢᠳ ᠪᠠᠷᠢᠯᠳᠤᠭᠠᠨ ᠤ ᠳᠤᠮᠳᠠ ᠳᠡᠷᠢᠭᠢ ᠳᠤᠯᠤᠭᠠᠢ ᠪᠠᠨ ᠭᠦᠳᠡᠯᠭᠡᠭᠦ ᠪᠠᠷ ᠭᠦᠷᠦᠯᠴᠡᠭᠦ ᠦᠭᠡᠢ ᠪᠠᠶᠢᠭ᠎ᠠ ᠭᠡᠳᠡᠭ ᠢ ᠬᠠᠷᠠᠭᠤᠯᠵᠤ ᠪᠠᠶᠢᠭ᠎ᠠ ᠶᠤᠮ᠃     ᠪᠦᠭᠡ ᠪᠠᠷᠢᠯᠳᠤᠭᠠᠨ ᠭᠦᠮᠦᠨ ᠤ ᠭᠦᠴᠦ ᠴᠢᠳᠠᠯ ᠤᠶᠤᠨ ᠤᠬᠠᠭᠠᠨ ᠢ ᠵᠡᠷᠭᠡ ᠳᠤᠨᠢ ᠰᠢᠯᠭᠠᠳᠠᠭ᠃ ᠳᠡᠶᠢᠮᠤ ᠠᠴᠠ ᠪᠦᠭᠡ ᠪᠠᠷᠢᠯᠳᠤᠭᠠᠨ ᠳᠤ ᠰᠢᠮᠳᠠᠵᠤ ᠶᠠᠪᠤᠭ᠎ᠠ ᠵᠠᠯᠠᠭᠤᠴᠤᠳ ᠮᠢᠨᠢ ᠪᠦᠭᠡ ᠶᠢᠨ ᠰᠤᠷᠢᠭ᠎ᠠ ᠭᠢᠭᠦ ᠳᠡᠭᠡᠨ ᠳᠠᠷᠢᠭᠢ ᠳᠤᠯᠤᠭᠠᠢ ᠪᠠᠨ ᠢᠯᠡᠭᠦᠭᠡᠨ ᠭᠦᠳᠡᠯᠭᠡᠵᠤ᠂ ᠪᠦᠭᠡ ᠶᠢᠨ ᠮᠡᠭᠡ ᠮᠡᠷᠭᠡᠵᠢᠯ ᠤᠨ ᠳᠠᠯ᠎ᠠ ᠪᠠᠷ ᠢᠯᠡᠭᠦᠭᠡᠨ ᠰᠤᠳᠤᠯᠵᠤ ᠪᠠᠶᠢᠪᠠᠯ ᠠᠮᠵᠢᠯᠳᠠ ᠳᠤ ᠭᠦᠷᠭᠦ ᠳᠤ ᠨᠡᠩ ᠤᠢᠢᠷᠠᠬᠠᠨ ᠶᠤᠮ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号