ᠰᠢᠯᠢ ᠶᠢᠨ ᠭᠤᠣᠯ ᠤᠨ ᠲᠠᠯ᠎ᠠ ᠨᠣᠳᠤᠭ ᠢ ᠠᠵᠢᠬᠤᠶ᠎ᠠ  —  ᠰᠢᠷᠡᠭᠡᠳᠣ ᠠᠭᠤᠯᠠ
ᠨᠡᠶᠢᠲᠡᠯᠡᠭᠰᠡᠨ ᠴᠠᠭ᠄
2020/3/17
     ᠰᠢᠯᠢ ᠶᠢᠨ ᠬᠤᠳᠠ ᠠᠴᠠ ᠪᠠᠷᠠᠭᠤᠨ ᠡᠮᠦᠨᠡᠰᠢ ᠭᠤᠴᠢᠨ ᠺᠢᠯᠣᠮᠧᠲᠷ ᠵᠠᠶᠢᠲᠠᠢ ᠭᠠᠵᠠᠷ ᠠᠯᠤᠰ ᠢ ᠪᠠᠷᠠᠯᠠᠬᠤᠶ᠎ᠠ᠂   ᠬᠢᠲᠤᠭ᠎ᠠ ᠪᠠᠷ ᠵᠦᠰᠦᠭᠰᠡᠨ ᠮᠡᠲᠦ ᠳᠡᠭᠰᠢᠬᠡᠨ ᠣᠷᠣᠢ ᠲᠠᠢ ᠠᠷᠪᠠᠭᠠᠳ ᠰᠠᠣᠷᠢ ᠠᠭᠤᠯᠠ ᠦᠷᠭᠡᠨ ᠠᠭᠤᠳᠠᠮ ᠲᠠᠯ᠎ᠠ ᠨᠣᠳᠤᠭ ᠤᠨ ᠦᠷᠦᠴᠡᠨ ᠳᠤ ᠵᠢᠭᠳᠡᠷᠡᠨ ᠪᠠᠶᠢᠷᠢᠯᠠᠵᠣ᠂ ᠪᠠᠶᠢᠭᠠᠯᠢ ᠶᠢᠨ ᠭᠠᠶᠢᠬᠠᠮᠰᠢᠭᠳᠣ ᠦᠵᠡᠮᠵᠢ ᠶᠢ  ᠢᠯᠡᠷᠡᠭᠦᠯᠵᠣ ᠪᠠᠶᠢᠳᠠᠭ  ᠃ ᠭᠠᠵᠠᠷ ᠰᠢᠨᠵᠢᠯᠡᠭᠡᠨ ᠤ ᠰᠢᠯᠭᠠᠨ ᠨᠤᠲᠠᠯᠠᠯᠲᠠ ᠪᠠᠷ᠂  ᠡᠨᠡᠬᠦ ᠰᠢᠷᠡᠭᠡᠳᠣ ᠠᠭᠤᠯᠠ ᠨᠢ ᠲᠦᠭ ᠲᠦᠮᠡᠨ ᠵᠢᠯ ᠤᠨ ᠡᠮᠦᠨᠡᠬᠢ ᠭᠠᠯᠲᠤ ᠠᠭᠤᠯᠠᠨ ᠤ ᠰᠦᠷᠴᠢᠯᠳᠡ ᠪᠠᠷ ᠪᠦᠲᠦᠭᠰᠡᠨ ᠣᠨᠴᠠᠭᠠᠢ ᠪᠠᠶᠢᠭᠠᠯᠢ ᠶᠢᠨ ᠦᠵᠡᠮᠵᠢ ᠪᠠᠶᠢᠵᠣ ᠂  ︽ᠬᠠᠶᠢᠯᠤᠮᠠᠯ ᠴᠢᠯᠠᠭᠤᠯᠢᠭ ᠤᠨ ᠳᠡᠨᠵᠢ ᠭᠠᠵᠠᠷ︾  ᠭᠡᠵᠣ ᠨᠡᠷᠡᠯᠡᠳᠡᠭ᠂ ᠡᠨᠡ ᠪᠣᠯ ᠳᠠᠷᠤᠶ ᠰᠢᠯᠢ ᠶᠢᠨ ᠬᠤᠳᠠ ᠶᠢᠨ ᠰᠢᠷᠡᠭᠡᠳᠣ ᠠᠭᠤᠯᠠᠨ ᠤ ᠦᠵᠡᠮᠵᠢ᠂ ᠪᠠᠰᠠ ᠴᠤ ᠭᠠᠯᠲᠤ ᠠᠭᠤᠯᠠ ᠶᠢᠨ ᠴᠢᠯᠠᠭᠤᠯᠢᠭ ᠤᠨ ᠭᠠᠵᠠᠷ ᠰᠢᠨᠵᠢᠯᠡᠭᠡᠨ ᠤ ᠴᠡᠴᠡᠷᠯᠢᠭ ᠪᠣᠯᠤᠨ᠎ᠠ᠃     ᠰᠢᠷᠡᠭᠡᠳᠣ ᠠᠭᠤᠯᠠ ᠶᠢᠨ ᠬᠤᠶᠢᠲᠤ ᠬᠡᠰᠡᠭ ᠲᠤ ᠶᠡᠭᠡ ᠬᠡᠪᠴᠢᠶᠡᠨ ᠤ ᠤᠯᠠᠭᠠᠨ ᠬᠦᠷᠡᠩ ᠥᠩᠭᠡᠲᠦ ᠤᠷᠭᠤᠮᠠᠯ ᠤᠨ ᠬᠤᠴᠢᠯᠭ᠎ᠠ ᠢᠯᠡᠷᠡᠵᠦ᠂ ᠨᠡᠷᠡᠨ ᠤ ᠭᠡᠷᠡᠯ ᠳᠣᠤᠷ᠎ᠠ ᠰᠣᠯᠣᠩᠭᠠᠷᠠᠨ᠂ ᠨᠣᠮᠢᠨ ᠨᠣᠭᠤᠭᠠᠨ ᠲᠠᠯ᠎ᠠ ᠨᠤᠲᠤᠭ ᠤᠨ ᠴᠢᠮᠡᠭᠯᠡᠯ  ᠪᠣᠯᠵᠣ ᠣᠨᠴᠠᠭᠠᠶ ᠦᠵᠡᠰᠬᠦᠯᠡᠩᠲᠠᠢ ᠬᠠᠷᠠᠭᠳᠠᠵᠣ᠂  ᠡᠨᠡᠬᠦ ︽ ᠣᠯᠠᠪᠣᠷ ᠲᠠᠯ᠎ᠠ ᠨᠤᠲᠤᠭ︾ ᠨᠢ  ᠵᠣᠭᠠᠴᠠᠭᠴᠢᠳ ᠤᠨ ᠠᠩᠬᠠᠷᠣᠯ ᠰᠣᠨᠢᠷᠬᠠᠯ ᠢ ᠲᠠᠳᠠᠵᠣ᠂  ᠵᠠᠯᠭ᠎ᠠ ᠵᠠᠯᠭ᠎ᠠ ᠪᠠᠷ ᠲᠡᠷᠭᠡᠨ ᠠᠴᠠ ᠪᠠᠨ ᠪᠠᠭᠤᠵᠤ ᠰᠣᠨᠢᠷᠬᠠᠨ ᠰᠡᠭᠦᠳᠡᠷ ᠲᠠᠲᠠᠵᠤ ᠳᠤᠷᠠᠰᠬᠠᠯ ᠦᠯᠡᠳᠡᠭᠡᠵᠡᠭᠡᠨ᠎ᠡ᠃   ᠰᠢᠯᠢ ᠶᠢᠨ ᠬᠤᠳᠠ ᠶᠢᠨ ᠣᠢ ᠰᠢᠭᠤᠢ ᠶᠢᠨ ᠲᠣᠪᠴᠢᠶ᠎ᠠ ᠶᠢᠨ ᠠᠵᠢᠯᠲᠠᠨ ᠤ ᠲᠠᠨᠢᠯᠴᠠᠭᠤᠯᠤᠭᠰᠠᠨ ᠢᠶᠠᠷ᠂  ᠡᠨᠡᠬᠦ ᠬᠦᠷᠡᠩ ᠣᠯᠠᠭᠠᠨ ᠤᠷᠭᠤᠮᠠᠯ ᠨᠢ ᠨᠢᠭᠡ ᠨᠠᠰᠤᠲᠤ ᠡᠪᠡᠰᠦᠯᠢᠭ ᠤᠷᠭᠤᠮᠠᠯ ᠪᠠᠶᠢᠵᠣ᠂ ᠪᠠᠰᠠ ᠰᠢᠷ᠎ᠠ  ᠰᠠᠬᠠᠯᠳᠣ ᠡᠪᠡᠰᠣ ᠭᠡᠳᠡᠭ᠃ ᠵᠢᠯ ᠪᠦᠷᠢ ᠶᠢᠨ ᠶᠢᠰᠦᠨ ᠰᠠᠷ᠎ᠠ ᠳᠤ ᠠᠭᠠᠵᠢᠮ ᠢᠶᠠᠷ ᠨᠣᠭᠤᠭᠠᠨ ᠠᠴᠠ ᠤᠯᠠᠭᠠᠨ ᠪᠣᠯᠵᠤ ᠬᠤᠪᠢᠷᠠᠳᠠᠭ᠃      ᠡᠨᠡᠬᠦ ᠪᠠᠶᠢᠭᠠᠯᠢ ᠶᠢᠨ ᠬᠢᠵᠠᠭᠠᠷ ᠦᠭᠡᠢ ᠰᠠᠶᠢᠬᠠᠨ ᠭᠤᠶᠢᠳᠠ ᠦᠵᠡᠮᠵᠢ ᠪᠦᠷᠢᠳᠣᠭ᠍ᠰᠡᠨ ᠰᠢᠷᠡᠭᠡᠳᠣ ᠠᠭᠤᠯᠡ  ᠠᠴᠠ ᠲᠠᠯ᠎ᠠ ᠨᠤᠲᠤᠭ ᠤᠨ ᠭᠠᠶᠢᠬᠠᠮᠰᠢᠭᠲᠤ ᠦᠵᠡᠮᠵᠢ ᠶᠢ ᠦᠩᠭᠡᠶᠢᠨ ᠬᠠᠷᠠᠬᠤ ᠳᠤ ᠵᠢᠷᠭᠠᠬᠤ ᠨᠡᠷᠡᠨ ᠤ ᠤᠯᠠᠪᠤᠷ ᠲᠤᠶᠠᠭ᠎ᠠ ᠠᠭᠤᠯᠠᠨ ᠰᠦᠷᠦᠭ ᠢ ᠷᠣᠮᠠᠨᠲ᠋ᠢᠭ ᠡᠩᠭᠡᠰᠬᠡ ᠪᠠᠷ ᠪᠤᠳᠤᠭᠯᠠᠵᠤ᠂ ᠲᠡᠭᠦᠨ ᠤ ᠨᠠᠮ ᠰᠡᠯᠡᠭᠦᠨ ᠣᠷᠴᠢᠨ ᠨᠢ ᠬᠦᠮᠦᠰ ᠤᠨ ᠰᠡᠳᠬᠢᠯ ᠢ  ᠲᠣᠭᠳᠣᠯᠠᠭᠤᠯᠣᠮ᠎ᠠ ᠬᠠᠷᠠᠭᠳᠠᠭᠤᠯᠤᠨ᠎ᠠ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号