ᠪᠦᠯᠢᠶᠡᠨ ᠰᠦᠮ᠎ᠡ
ᠨᠡᠶᠢᠲᠡᠯᠡᠭᠰᠡᠨ ᠴᠠᠭ᠄
2020/12/31
    ᠤᠯᠠᠭᠠᠢ ᠨᠡᠭᠡᠭᠡᠯᠲᠡ ᠶᠢᠨ ᠣᠷᠣᠨ ᠤ ᠪᠦᠯᠢᠶᠡᠨ ᠤᠨᠳᠤᠷᠤᠯᠲᠤ ᠰᠦᠮ᠎ᠡ ᠷᠠᠰᠢᠶᠠᠨ ᠪᠤᠯᠠᠭ ᠤᠨ ᠡᠬᠢᠨ ᠳᠤ ᠪᠠᠶᠢᠷᠢᠰᠢᠭᠰᠠᠨ ᠢᠶᠠᠷ ᠢᠶᠠᠨ ︽ᠪᠦᠯᠢᠶᠡᠨ ᠰᠦᠮ᠎ᠡ︾ ᠬᠡᠮᠡᠵᠦ᠂ ᠪᠠᠰᠠ ︽ᠪᠣᠭᠳᠠ ᠳᠠᠭᠠᠨ ᠵᠠᠯᠪᠠᠷᠢᠭᠴᠢ ᠰᠦᠮ᠎ᠡ︾ ᠭᠡᠳᠡᠭ᠃ ᠡᠩᠬᠡ ᠠᠮᠤᠭᠤᠯᠠᠩ ᠤᠨ ᠠᠷᠪᠠᠨ ᠨᠢᠭᠡᠳᠦᠭᠡᠷ ᠣᠨ ︵1672︶᠎ ᠤ ᠬᠠᠷ᠎ᠠ ᠬᠤᠯᠤᠭᠠᠨ᠎ᠠ ᠵᠢᠯ ᠤᠨ ᠪᠠᠷᠤᠭ ᠢᠶᠠᠷ᠂ ᠦᠵᠦᠮᠦᠴᠢᠨ ᠪᠠᠶᠢᠯᠡ ᠶᠢᠨ ᠬᠤᠰᠢᠭᠤᠨ ᠤ ᠠᠺᠠ ᠶᠢᠨ ᠰᠣᠮᠣᠨ ᠤ ᠬᠠᠪᠠᠭᠴᠢᠨ ᠣᠪᠣᠭᠲᠤ ᠳᠠᠰᠢᠮ ᠤᠨ ᠬᠢᠶ᠎ᠡ ᠶᠢᠨ ᠲᠠᠪᠤᠳᠤᠭᠠᠷ ᠬᠦᠪᠡᠭᠦᠨ ᠰᠸᠧᠩ ᠳ᠋ᠧᠩ ᠬᠦᠷ ︵ᠪᠠᠶᠠᠨᠬᠤᠱᠣ ᠴᠦ ᠭᠡᠳᠡᠭ︶᠎ ᠤᠨ ᠡᠩᠭᠡᠷ ᠬᠤᠷᠠᠯ ᠰᠢᠲᠦᠭᠡᠨ ᠪᠠᠶᠢᠭᠤᠯᠪᠠ᠃ ᠵᠢᠷᠠᠨ ᠪᠣᠯᠣᠭᠠᠳ ᠬᠤᠶᠢᠰᠢ ᠨᠡᠭᠦᠵᠦ ᠪᠠᠶ᠋ᠬᠠᠷᠬᠡᠲᠦ ᠣᠪᠣᠭᠠᠨ ᠤ ᠡᠩᠭᠡᠷ᠂ ᠪᠦᠯᠢᠶᠡᠨ ᠤᠨᠳᠤᠷᠤᠯᠲᠤ ᠷᠠᠰᠢᠶᠠᠨ ᠪᠤᠯᠠᠭ ᠤᠨ ᠡᠬᠢᠨ ᠳᠤ ᠰᠦᠮ᠎ᠡ ᠪᠠᠷᠢᠵᠤ ᠦᠵᠦᠮᠦᠴᠢᠨ ᠤ ᠵᠡᠭᠦᠨ ᠵᠠᠰᠠᠭ ᠸᠠᠩᠴᠤᠭ ᠪᠠᠶᠢᠯᠡ ᠨᠣᠶᠠᠨ ᠤ ᠦᠷᠦᠰᠢᠶᠡᠯ ᠢᠶᠠᠷ ᠰᠦᠮ᠎ᠡ ᠰᠢᠲᠦᠭᠡᠨ ᠪᠣᠯᠪᠠ᠃ 2010᠎ ᠳᠤ ᠰᠢᠨᠡᠳᠬᠡᠨ ᠵᠠᠰᠠᠪᠠ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号