ᠦᠨᠳᠦᠰᠦᠳᠡᠨ ᠤ ᠤᠨᠴᠠᠯᠢᠬᠳᠦ ᠵᠠᠪᠰᠠᠷᠯᠠᠭ᠎ᠠ ᠶᠢᠨ ᠲᠠᠮᠢᠷ ᠠᠴᠠ ᠰᠡᠳᠬᠢᠭᠳᠡᠭᠰᠡᠨ ᠨᠢ
ᠨᠡᠶᠢᠲᠡᠯᠡᠭᠰᠡᠨ ᠴᠠᠭ᠄
2020/11/30
    ᠤᠢᠢᠷ᠎ᠠ ᠳᠤ ᠰᠦᠯᠵᠢᠶᠡᠨ ᠳᠤ ᠤᠯᠠᠨ ᠠᠶᠢᠮᠠᠭ ᠬᠤᠳᠠ ᠶᠢᠨ ᠮᠤᠩᠭᠤᠯ ᠦᠨᠳᠦᠰᠦᠳᠡᠨ ᠤ ᠰᠤᠷᠭᠠᠭᠤᠯᠢ ᠨᠤᠭᠤᠳ ᠵᠠᠪᠰᠠᠷᠯᠠᠭ᠎ᠠ ᠶᠢᠨ ᠲᠠᠮᠢᠷ ᠲᠡᠭᠡᠷ᠎ᠠ ᠪᠠᠨ ᠦᠨᠳᠦᠰᠦᠳᠡᠨ ᠤ ᠤᠨᠴᠠᠯᠢᠬᠳᠦ ᠪᠦᠵᠢᠭ ᠪᠦᠵᠢᠭᠯᠡᠵᠦ ᠪᠠᠶᠢᠭ᠎ᠠ ᠤᠬᠤᠷ ᠰᠢᠩᠭᠡᠭᠡᠯᠳᠡ ᠶᠢ ᠬᠠᠷᠠᠵᠦ ᠶᠡᠭᠡ ᠰᠠᠶᠢᠬᠠᠨ ᠰᠠᠨᠠᠭᠳᠠᠭᠰᠠᠨ ᠶᠤᠮ᠃ ᠪᠤᠭᠤᠳᠦ ᠬᠤᠳᠠ ᠶᠢᠨ ᠮᠤᠩᠭᠤᠯ ᠦᠨᠳᠦᠰᠦᠳᠡᠨ ᠤ ᠰᠤᠷᠭᠠᠭᠤᠯᠢ ᠲᠦᠷᠪᠡᠳ ᠶᠠᠰᠤᠳᠠᠨ ᠤ ᠤᠨᠴᠠᠯᠢᠭ ᠰᠢᠨᠵᠢ ᠶᠢ ᠬᠠᠷᠠᠭᠤᠯᠤᠭᠰᠠᠨ ︽ᠲᠦᠷᠪᠡᠳ ᠤᠶᠠᠩᠭ᠎ᠠ︾ ᠭᠡᠮᠡᠭᠦ ᠮᠤᠩᠭᠤᠯ ᠪᠦᠵᠢᠭ ᠢ ᠵᠤᠬᠢᠶᠠᠵᠦ ᠪᠦᠵᠢᠭᠯᠡᠨ᠂ ᠭᠦᠯᠦᠨ ᠪᠤᠶᠢᠷ ᠬᠤᠳᠠ ᠶᠢᠨ ᠬᠠᠭᠤᠴᠢᠨ ᠪᠠᠷᠭᠤ ᠬᠤᠰᠢᠭᠤᠨ ᠤ ᠦᠨᠳᠦᠰᠦᠳᠡᠨ ᠤ ᠲᠤᠮᠳᠠᠳᠤ ᠰᠤᠷᠭᠠᠭᠤᠯᠢ ᠨᠢ ᠪᠦᠭᠡ ᠶᠢᠨ ᠲᠠᠪᠢᠯᠭᠡ ᠶᠢᠨ ᠭᠦᠳᠡᠯᠭᠡᠭᠡᠨ ᠪᠤᠯᠤᠨ ᠪᠡᠶᠡᠯᠡᠭᠡ ᠪᠦᠵᠢᠭ ᠤᠨ ᠤᠨᠴᠠᠯᠢᠬ ᠢ ᠢᠯᠡᠷᠡᠭᠦᠯᠦᠭᠰᠡᠨ ᠵᠠᠪᠰᠠᠷᠯᠠᠭ᠎ᠠ ᠶᠢᠨ ᠲᠠᠮᠢᠷ ᠬᠢᠵᠦ ᠪᠠᠶᠢᠭᠰᠠᠨ ᠪᠤᠯ ᠮᠠᠨ ᠤ ᠰᠢᠯᠢ ᠶᠢᠨ ᠬᠤᠳᠠ ᠶᠢᠨ ᠮᠤᠩᠭᠤᠯ ᠦᠨᠳᠦᠰᠦᠳᠡᠨ ᠤ ᠬᠤᠶᠠᠳᠤᠭᠠᠷ ᠪᠠᠭ᠎ᠠ ᠰᠤᠷᠭᠠᠭᠤᠯᠢ ᠨᠢ ᠠᠳᠤᠭᠤᠳᠤ ᠨᠤᠳᠤᠭ ᠤᠨ ᠤᠨᠴᠠᠯᠢᠭ ᠰᠢᠨᠵᠢ ᠶᠢ ᠬᠠᠷᠠᠭᠤᠯᠤᠭᠰᠠᠨ ᠮᠤᠷᠢᠨ ᠪᠦᠵᠢᠭ ᠵᠤᠬᠢᠶᠠᠨ ᠪᠦᠵᠢᠭᠯᠡᠭᠦ ᠪᠤᠯᠤᠭᠰᠠᠨ ᠪᠠᠶᠢᠨ᠎ᠠ ᠁     ᠤᠷᠤᠨ ᠨᠤᠳᠤᠭ ᠤᠨ ᠤᠨᠴᠠᠯᠢᠭᠳᠤ ᠵᠠᠪᠰᠠᠷᠯᠠᠭ᠎ᠠ ᠶᠢᠨ ᠳᠠᠮᠢᠷ ᠤᠯᠠᠨ ᠰᠦᠯᠵᠢᠶᠡᠨ ᠠᠨᠳᠠ ᠨᠤᠭᠤᠳ ᠤᠨ ᠠᠩᠬᠠᠷᠤᠯ ᠳᠤ ᠭᠦᠷᠴᠦ ᠪᠠᠭ᠋ᠠᠷᠬᠠᠯ ᠢ ᠲᠠᠳᠠᠭᠰᠠᠨ ᠪᠠᠶᠢᠯ᠎ᠠ᠃ ᠡᠨᠡ ᠮᠡᠳᠦ ᠪᠠᠷ ᠤᠯᠠᠨ ᠰᠠᠶᠢᠬᠠᠨ ᠦᠨᠳᠦᠰᠦᠳᠡᠨ ᠤ ᠤᠨᠴᠠᠯᠢᠬᠳᠦ ᠪᠦᠵᠢᠭ ᠨᠢ ᠭᠠᠵᠠᠷ ᠭᠠᠵᠠᠷ ᠤᠨ ᠬᠢᠴᠢᠶᠠᠯ ᠤᠨ ᠵᠠᠪᠰᠠᠷᠯᠠᠭ᠎ᠠ ᠶᠢᠨ ᠲᠠᠮᠢᠷ ᠲᠡᠭᠡᠷ᠎ᠠ ᠰᠤᠷᠤᠭᠴᠢᠳ ᠤᠨ ᠷᠠᠳᠢᠤ᠋ ᠲᠠᠮᠢᠷ ᠪᠤᠯᠤᠨ ᠪᠦᠵᠢᠭᠯᠡᠭᠳᠡᠵᠦ ᠪᠠᠶᠢᠬᠤ ᠨᠢ ᠨᠢᠭᠡ ᠲᠠᠯ᠎ᠠ ᠪᠠᠷ ᠰᠤᠷᠤᠭᠴᠢᠳ ᠤᠨ ᠬᠢᠴᠢᠶᠠᠯ ᠰᠤᠷᠤᠯᠭ᠎ᠠ ᠶᠢᠨ ᠶᠠᠳᠠᠷᠠᠭ᠎ᠠ ᠴᠢᠯᠡᠭᠡ ᠶᠢ ᠲᠠᠶᠢᠯᠵᠦ ᠲᠡᠶᠢᠯᠭᠦ ᠪᠠᠷ ᠪᠠᠷᠠᠬᠤ ᠦᠭᠡᠢ ᠨᠦᠭᠦᠭᠡ ᠲᠠᠯ᠎ᠠ ᠪᠠᠷ ᠦᠨᠳᠦᠰᠦᠳᠡᠨ ᠤ ᠪᠦᠵᠢᠭ ᠤᠨ ᠭᠦᠭᠵᠢᠯᠳᠡ ᠶᠢ ᠵᠤᠬᠢᠬᠤ ᠭᠡᠮᠵᠢᠶ᠎ᠠ ᠪᠠᠷ ᠤᠯᠠᠮᠵᠢᠯᠠᠨ ᠵᠠᠯᠭᠠᠮᠵᠢᠯᠠᠵᠦ ᠪᠠᠶᠢᠳᠠᠭ ᠭᠡᠮᠡᠨ ᠦᠪᠡᠷ ᠤᠨ ᠬᠤᠪᠢ ᠳᠤ ᠪᠠᠨ ᠪᠤᠳᠤᠯ᠎ᠠ᠃     ᠡᠳᠡᠭᠡᠷ ᠬᠢᠴᠢᠶᠠᠯ ᠤᠨ ᠵᠠᠪᠰᠠᠷᠯᠠᠭ᠎ᠠ ᠶᠢᠨ ᠲᠠᠮᠢᠷ ᠤᠨ ᠴᠠᠭ ᠢᠶᠠᠷ ᠪᠦᠵᠢᠭᠯᠡᠳᠡᠭ ᠪᠦᠵᠢᠭ ᠨᠢ ᠪᠢᠳᠡᠨ ᠤ ᠤᠢᠢᠯᠠᠭᠠᠯᠳᠠ ᠳᠠᠬᠢ ᠪᠦᠵᠢᠭ ᠲᠠᠢ ᠬᠠᠷᠢᠴᠠᠭᠤᠯᠪᠠᠯ ᠮᠡᠷᠭᠡᠵᠢᠯ ᠤᠨ ᠬᠢᠷᠢ ᠲᠦᠪᠰᠢᠨ ᠤ ᠱᠠᠭᠠᠷᠳᠠᠯᠭ᠎ᠠ ᠦᠭᠡᠢ᠂ ᠭᠦᠳᠡᠯᠦᠯ ᠪᠠᠷᠢᠯ ᠨᠢ ᠲᠦᠭᠦᠮ ᠪᠠᠶᠢᠵᠦ᠂ ᠰᠤᠷᠤᠭᠴᠢᠳ ᠢ ᠬᠢᠴᠢᠶᠠᠯ ᠤᠨ ᠵᠠᠪᠰᠠᠷᠯᠠᠭ᠎ᠠ ᠳᠤ ᠢᠯᠡᠭᠦᠭᠡᠨ ᠭᠦᠳᠡᠯᠭᠡᠭᠡᠨ ᠬᠢᠯᠭᠡᠭᠦ ᠶᠢ ᠵᠤᠷᠢᠵᠦ᠂ ᠲᠡᠳᠡᠨ ᠤ ᠪᠡᠶ᠎ᠠ ᠰᠡᠳᠬᠢᠴᠠ ᠶᠢᠨ ᠦᠰᠦᠨ ᠪᠤᠶᠢᠵᠢᠯᠳᠠ ᠠᠴᠠ ᠭᠠᠷᠳᠠᠭᠰᠠᠨ ᠪᠠᠶᠢᠳᠠᠭ᠃ ᠬᠢᠴᠢᠶᠠᠯ ᠤᠨ ᠵᠠᠪᠰᠠᠷᠯᠠᠭ᠎ᠠ ᠶᠢᠨ ᠲᠠᠮᠢᠷ ᠲᠤ ᠵᠤᠷᠢᠭᠤᠯᠤᠭᠰᠠᠨ ᠡᠳᠡᠭᠡᠷ ᠦᠨᠳᠦᠰᠦᠳᠡᠨ ᠤ ᠪᠦᠵᠢᠭ ᠤᠳ ᠢ ᠵᠤᠬᠢᠶᠠᠭᠰᠠᠨ ᠪᠠᠭᠰᠢ ᠨᠠᠷ ᠴᠦ ᠰᠤᠷᠤᠭᠴᠢᠳ ᠤᠨ ᠮᠦᠷᠦ ᠲᠠᠯᠤᠨ ᠤ ᠭᠦᠳᠡᠯᠭᠡᠭᠡᠨ᠂ ᠤᠴᠦ᠋ᠢᠵᠦ ᠰᠠᠭᠤᠬᠤ ᠦᠰᠦᠷᠴᠦ ᠲᠡᠭᠳᠡᠭᠦ ᠭᠦᠳᠡᠯᠭᠡᠭᠡᠨ᠂ ᠴᠡᠭᠡᠵᠢ ᠲᠡᠨᠢᠢᠯᠭᠡᠭᠦ ᠭᠦᠳᠡᠯᠭᠡᠭᠡᠨ ᠵᠡᠷᠭᠡ ᠤᠯᠠᠨ ᠭᠦᠳᠡᠯᠭᠡᠭᠡᠨ ᠨᠦᠭᠦᠳ ᠢ ᠪᠦᠵᠢᠭ ᠲᠤ ᠪᠠᠨ ᠤᠷᠤᠭᠤᠯᠵᠦ᠂ ᠰᠤᠷᠤᠭᠴᠢᠳ ᠤᠨ ᠨᠠᠰᠤᠨ ᠳᠤ ᠲᠤᠬᠢᠷᠠᠭᠰᠠᠨ ᠭᠦᠳᠡᠯᠭᠡᠭᠡᠨ ᠢ ᠰᠤᠩᠭᠤᠭᠰᠠᠨ ᠪᠠ ᠰᠤᠷᠤᠭᠴᠢᠳ ᠤᠨ ᠶᠠᠳᠠᠷᠠᠭ᠎ᠠ ᠴᠢᠯᠡᠭᠡ ᠶᠢ ᠲᠠᠶᠢᠯᠬᠤ ᠪᠠᠷ ᠤᠷᠢᠳᠠᠯ ᠪᠤᠯᠭᠠᠭᠰᠠᠨ ᠪᠠᠶᠢᠳᠠᠭ᠃ ᠡᠳᠡᠭᠡᠷ ᠪᠦᠵᠢᠭ ᠨᠢ ᠦᠵᠡᠭᠦ ᠳᠤ ᠪᠦᠵᠢᠭ ᠤᠨ ᠠᠶ᠎ᠠ ᠲᠡᠭᠡᠷ᠎ᠠ ᠪᠦᠵᠢᠭᠯᠡᠵᠦ ᠪᠠᠶᠢᠪᠠᠴᠤ ᠭᠦᠳᠡᠯᠭᠡᠭᠡᠨ ᠨᠢ ᠵᠠᠪᠰᠠᠷᠯᠠᠭ᠎ᠠ ᠶᠢᠨ ᠲᠠᠮᠢᠷ ᠲᠠᠢ ᠠᠳᠠᠯᠢ ᠠᠮᠠᠷᠬᠠᠨ ᠮᠦᠷᠳᠡᠭᠡᠨ ᠰᠤᠷᠤᠭᠴᠢᠳ ᠤᠨ ᠲᠤᠷ᠎ᠠ ᠪᠠᠬ᠎ᠠ ᠶᠢ ᠲᠠᠳᠠᠵᠦ ᠲᠡᠶᠢᠯᠳᠡᠭ ᠪᠠᠶᠢᠨ᠎ᠠ᠃     ᠦᠡᠭᠭᠡᠷᠡᠭᠰᠡᠨ ᠳᠤ ᠰᠤᠷᠤᠭᠴᠢᠳ ᠵᠠᠪᠰᠠᠷᠯᠠᠭ᠎ᠠ ᠶᠢᠨ ᠲᠠᠮᠢᠷ ᠢᠶᠠᠷ ᠨᠢᠭᠡ᠂ ᠬᠤᠶᠠᠷ᠂ ᠭᠤᠷᠪᠠ ᠁ ᠭᠡᠮᠡᠨ ᠲᠤᠭᠠᠯᠠᠭᠰᠠᠨ ᠲᠤᠭ᠎ᠠ ᠲᠡᠭᠡᠷ᠎ᠠ ᠲᠠᠮᠢᠷ ᠤᠨ ᠭᠦᠳᠡᠯᠭᠡᠭᠡᠨ ᠬᠢᠳᠡᠭ ᠪᠠᠶᠢᠭᠰᠠᠨ ᠪᠤᠯ᠂ ᠰᠡᠭᠦᠯᠴᠢ ᠶᠢᠨ ᠦᠶ᠎ᠠ ᠳᠤ ᠴᠤᠭᠯᠢᠭ ᠰᠠᠶᠢᠬᠠᠨ ᠵᠠᠪᠰᠠᠷᠯᠠᠭ᠎ᠠ ᠶᠢᠨ ᠲᠠᠮᠢᠷ ᠤᠨ ᠠᠶ᠎ᠠ ᠲᠡᠭᠡᠷ᠎ᠠ ᠲᠠᠮᠢᠷ ᠭᠢᠵᠦ ᠬᠤᠶᠠᠷ ᠴᠠᠭ ᠤᠨ ᠬᠢᠴᠢᠶᠠᠯ ᠤᠨ ᠴᠠᠭ ᠤᠨ ᠶᠠᠳᠠᠷᠠᠭ᠎ᠠ ᠴᠢᠯᠡᠭᠡ ᠪᠠᠨ ᠲᠠᠶᠢᠯᠳᠠᠭ ᠶᠤᠮ᠃ ᠤᠳᠤ ᠨᠡᠩ ᠢᠯᠡᠭᠦᠦ ᠦᠨᠳᠦᠰᠦᠳᠡᠨ ᠤ ᠤᠨᠴᠠᠯᠢᠭ ᠰᠢᠨᠵᠢ ᠶᠢ ᠬᠠᠷᠠᠭᠤᠯᠤᠭᠰᠠᠨ ᠪᠦᠵᠢᠭ ᠢᠶᠠᠷ ᠵᠠᠪᠰᠠᠷᠯᠠᠭ᠎ᠠ ᠶᠢᠨ ᠲᠠᠮᠢᠷ ᠢ ᠤᠷᠤᠯᠠᠭᠤᠯᠬᠤ ᠪᠤᠯᠤᠭᠰᠠᠨ ᠨᠢ ᠰᠤᠷᠤᠭᠴᠢᠳ ᠤᠨ ᠦᠰᠦᠨ ᠪᠤᠶᠢᠵᠢᠯᠳᠠ ᠳᠤ ᠲᠤᠰᠠᠳᠠᠢ ᠪᠠᠷ ᠪᠠᠷᠠᠬᠤ ᠦᠭᠡᠢ ᠦᠨᠳᠦᠰᠦᠳᠡᠨ ᠤ ᠪᠠᠨ ᠤᠷᠠᠯᠢᠭ ᠰᠤᠶᠤᠯ ᠤᠨ ᠭᠦᠭᠵᠢᠯᠳᠡ ᠶᠢ ᠠᠬᠢᠭᠤᠯᠵᠦ ᠴᠢᠳᠠᠬᠤ ᠪᠤᠯᠤᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号