ᠦᠵᠦᠮᠦᠴᠢᠨ ᠨᠤᠲᠤᠭ ᠤᠨ ᠪᠦᠬᠡᠴᠢᠨ ᠤᠶᠠᠭᠠᠴᠢᠨ ᠤᠷᠭᠠᠴᠢᠨ
ᠨᠡᠶᠢᠲᠡᠯᠡᠭᠰᠡᠨ ᠴᠠᠭ᠄
2020/11/3
    ᠴᠤᠯᠮᠤᠡ 1960 ᠤᠨ ᠳᠤ ᠵᠡᠬᠦᠨ ᠦᠵᠦᠮᠦᠴᠢᠨ ᠬᠤᠰᠢᠭᠤᠨ ᠤ ᠰᠠᠮᠠᠢ ᠰᠤᠮᠤᠨ ᠤ ᠵᠢᠷᠡᠡᠪᠤᠯᠠᠭ ᠭᠠᠴᠠᠭ᠎ᠠ ᠶᠢᠨ ᠮᠠᠯᠴᠢᠡ ᠰᠢᠷᠠᠨᠤᠳ ᠤᠪᠤᠭ ᠲᠠᠢ ᠭᠠᠷᠤᠳᠢᠪᠠᠭᠠᠳᠤᠷ᠂ ᠲᠤᠩᠭᠠᠯᠠᠭ ᠤᠨ ᠭᠤᠷᠪᠠᠲᠤᠭᠠᠷ ᠬᠡᠤᠬᠡᠳ ᠨᠢ ᠪᠤᠯᠵᠤ ᠵᠠᠶᠠᠭᠠᠵᠠᠢ᠃     ᠭᠠᠷᠤᠲᠢᠪᠠᠭᠠᠲᠤᠷ ᠭᠤᠸᠠᠢ ᠰᠠᠶᠢᠡ ᠪᠠᠷᠢᠯᠲᠤᠵᠤ᠂ ᠮᠤᠷᠢ ᠰᠠᠶᠢᠬᠠᠡ ᠤᠶᠡᠵᠤ ᠪᠠᠶᠢᠭᠰᠠᠡ ᠢ ᠨᠤᠲᠤᠭ ᠤᠰᠤᠡ ᠤ ᠬᠢᠨ ᠰᠠᠶᠢᠨ ᠮᠡᠲᠡᠲᠡᠭ᠃ ᠴᠤᠯᠮᠤᠡ ᠤ ᠠᠪᠤ ᠭᠠᠷᠤᠲᠢᠪᠠᠭᠠᠲᠤᠷ ᠭᠤᠸᠠᠢ ᠤᠤᠯ ᠤᠨ ᠪᠠᠶᠠᠠᠬᠦ᠋ᠬᠡᠪᠤᠷ ᠰᠤᠮᠤᠨ ᠤ ᠵᠢᠷᠠᠨᠪᠤᠯᠠᠭ ᠭᠠᠴᠠᠭᠠᠨ ᠤ ᠦᠡᠭᠲᠤ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠪᠠᠷᠢᠯᠲᠤᠨ ᠳᠡᠷᠢᠭᠦᠯᠡᠵᠦ ᠂ ᠰᠢᠨ᠎ᠡ ᠰᠦᠮ᠎ᠡ ᠶᠢᠨ ᠨᠠᠷᠢᠨ ᠴᠠᠭᠠᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠡᠳ᠋ᠯᠡᠵᠦ᠂ ᠮᠦᠨ ᠳᠤᠰ ᠤᠪᠤᠭᠠᠨ ᠤ ᠲᠠᠬᠢᠯᠭ᠎ᠠ ᠶᠢᠨ ᠨᠠᠶᠢᠷ ᠲᠤ ᠬᠤᠯᠠ ᠮᠤᠷᠢ ᠨᠢ ᠲᠡᠷᠢᠬᠦᠯᠡᠵᠤ ᠪᠠᠶᠢᠭᠰᠠᠨ ᠰᠠᠶᠢᠬᠠᠨ ᠲᠤᠷᠠᠰᠤᠮᠵᠢᠲᠠᠢ᠃      ᠴᠤᠯᠮᠤᠨ ᠴᠤ ᠠᠪᠤ ᠶᠢᠨ ᠢᠶᠠᠨ ᠤᠷ᠎ᠡ ᠠᠪᠢᠶᠠᠰ ᠢ ᠦᠪᠯᠡᠭᠰᠡᠨ ᠤᠲᠤᠮ ᠵᠠᠯᠭᠠᠭᠰᠠᠨ ᠰᠠᠶᠢᠨ ᠪᠦᠬᠡ ᠮᠦᠷᠲᠡᠭᠡᠡ ᠰᠠᠶᠢᠨ ᠤᠶᠠᠭᠠᠴᠢ ᠶᠤᠮ᠃ ᠲᠡᠷᠡ 1979 ᠤᠨ ᠳᠤ ᠵᠡᠬᠦᠨ ᠦᠵᠦᠮᠦᠴᠢᠨ ᠬᠤᠰᠢᠭᠤᠨ ᠤ ᠪᠦᠬᠡ ᠶᠢᠨ ᠪᠤᠯᠪᠠᠰᠤᠷᠠᠯ ᠳᠤ ᠰᠠᠭᠤᠵᠤ ᠠᠪᠤᠷᠭᠤ ᠰᠤᠳᠨᠠᠮ᠂ ᠮᠠᠨᠳᠤᠯ᠎ᠠ ᠵᠡᠷᠬᠡ ᠪᠠᠭᠰᠢ ᠠᠴᠠ ᠮᠡᠭᠡ ᠮᠡᠷᠭᠡᠵᠢᠯ ᠰᠤᠷᠴᠡᠢ᠃     ᠴᠤᠯᠮᠤᠨ ᠤ ᠪᠦᠬᠡ ᠪᠠᠷᠢᠯᠲᠤᠭᠰᠠᠨ ᠠᠮᠵᠢᠯᠲᠠ ᠠᠴᠠ ᠲᠤᠷᠠᠳᠪᠠᠯ᠂ 1979 ᠤᠨ ᠳᠤ ᠵᠡᠬᠦᠨ ᠦᠵᠦᠮᠦᠴᠢᠨ ᠬᠤᠰᠢᠭᠤᠨ ᠤ ᠤᠤᠯ ᠤᠨ ᠳᠤᠮᠳᠠᠭᠤᠪᠢ ᠰᠤᠮᠤᠨ ᠤ ᠡᠩᠭᠡᠵᠢᠷᠭᠠᠯᠠᠩ ᠭᠠᠴᠠᠭᠠᠨ ᠤ ᠨᠠᠶᠢᠷ ᠲᠤ ᠳᠡᠭᠡᠳᠤ ᠨᠠᠢᠮᠠ ᠳᠤ ᠲᠡᠪᠢᠵᠤ᠂ ᠰᠢᠯᠢ ᠶᠢᠨ ᠭᠤᠤᠯ ᠠᠶᠢᠮᠠᠭ ᠤᠨ ᠵᠠᠯᠠᠭᠤᠴᠤᠳ ᠤᠨ ᠤᠷᠤᠯᠳᠤᠭᠠᠨ ᠳᠤ ᠳᠤᠮᠳᠠᠳᠤ ᠮᠠᠶ᠋ᠢᠭ ᠤᠨ ᠪᠦᠬᠡ ᠶᠢᠨ ᠳᠡᠳ᠋ ᠬᠦᠨᠳᠦ ᠳᠡᠰ ᠲᠤ ᠲᠡᠷᠢᠬᠦᠯᠡᠵᠦ ︽ᠵᠤᠯᠵᠠᠭᠠᠨ ᠪᠦᠷᠭᠦᠳ︾ ᠢᠶᠠᠷ ᠴᠤᠯᠠᠯᠠᠭᠳᠠᠵᠠᠢ᠃ ᠮᠦᠨ ᠲᠤᠰ ᠵᠢᠯ ᠵᠡᠬᠦᠨ ᠦᠵᠦᠮᠦᠴᠢᠨ ᠬᠤᠰᠢᠭᠤᠨ ᠤ ᠤᠤᠯ ᠤᠨ ᠤᠩᠭᠤᠨ ᠰᠤᠮᠤᠨ ᠤ ᠬᠦᠭᠵᠢᠯᠳᠤ ᠭᠠᠴᠠᠭᠠᠨ ᠤ ᠨᠠᠶᠢᠷ ᠲᠤ ᠳᠡᠭᠡᠳᠤ ᠳᠦᠷᠪᠡ ᠳᠤ ᠲᠡᠪᠢᠵᠤ᠂ ᠳᠠᠭᠤᠳᠤᠨᠠᠭᠤᠷ ᠰᠤᠮᠤᠨ ᠤ 256 ᠪᠦᠬᠡ ᠲᠠᠢ ᠨᠠᠶᠢᠷ ᠲᠤ ᠠᠯᠳᠠᠨᠬᠢᠯᠢ ᠶᠢᠨ ᠴᠦᠢᠰᠦ᠋ᠷᠦᠩ ᠵᠡᠷᠭᠡ ᠪᠦᠬᠡᠴᠢᠳ ᠢ ᠬᠠᠶᠠᠵᠦ 32 ᠲᠤ ᠤᠷᠤᠵᠡᠢ᠃ ᠤᠤᠯ ᠤᠨ ᠪᠠᠶᠠᠠᠬᠦ᠋ᠬᠡᠪᠤᠷ ᠰᠤᠮᠤᠨ ᠤ 256 ᠪᠦᠬᠡ ᠲᠠᠢ ᠨᠠᠶᠢᠷ ᠲᠤ ᠡᠷᠢᠶᠡᠨᠭᠤᠪᠢ ᠶᠢᠨ ᠭᠤᠨᠴᠤᠭᠵᠠᠪ᠂ ᠮᠠᠨᠳᠤᠬᠤᠪᠤᠯᠠᠭ ᠤᠨ ᠪᠠᠶᠠᠷ ᠵᠡᠷᠭᠡ ᠪᠦᠬᠡᠴᠢᠳ ᠢ ᠬᠠᠶᠠᠵᠦ ᠮᠠᠨᠳᠤᠬᠤᠪᠤᠯᠠᠭ ᠤᠨ ᠰᠡᠷᠡᠩᠳᠤᠩᠷᠤᠪ ᠲᠤ ᠤᠶᠢᠴᠢᠵᠠᠢ᠃ ᠰᠠᠮᠠᠢ ᠰᠤᠮᠤᠨ ᠤ 256 ᠪᠦᠬᠡ ᠲᠠᠢ ᠨᠠᠶᠢᠷ ᠲᠤ ᠠᠯᠳᠠᠨᠬᠢᠯᠢ ᠶᠢᠨ ᠮᠢ᠊ · ᠭᠧᠩᠳᠡᠨ ᠵᠡᠷᠬᠡ ᠪᠦᠬᠡᠴᠤᠳ ᠢ ᠬᠠᠶᠠᠵᠦ 16 ᠳᠤ ᠲᠡᠪᠢᠪᠡ᠃ ᠰᠢᠯᠢ ᠶᠢᠨ ᠭᠤᠤᠯ ᠠᠶᠢᠮᠠᠭ ᠤᠨ ᠰᠢᠯᠢᠳᠡᠭ 128 ᠪᠦᠬᠡ ᠶᠢᠨ ᠪᠠᠷᠢᠯᠲᠤᠭᠠᠨ ᠳᠤ 16 ᠳᠤ ᠲᠡᠪᠢᠪᠠ᠃ 1980 ᠤᠨ ᠳᠤ ᠤᠤᠯ ᠤᠨ ᠪᠠᠶᠠᠠᠬᠦ᠋ᠬᠡᠪᠤᠷ ᠰᠤᠮᠤᠨ ᠤ ᠵᠠᠯᠠᠭᠤᠴᠤᠳ ᠤᠨ ᠨᠠᠶᠢᠷ ᠲᠤ ᠳᠡᠭᠡᠳᠤ ᠨᠠᠢᠮᠠ ᠳᠤ ᠰᠢᠷᠤᠪ ᠲᠤ ᠪᠠᠭᠤᠵᠦ ᠦᠭᠪᠡ᠃ ᠠᠪᠠᠭ᠎ᠠ ᠬᠤᠰᠢᠭᠤᠨ ᠤ ᠶᠡᠬᠡᠭᠤᠤᠯ ᠰᠤᠮᠤᠨ ᠤ ᠨᠠᠶᠢᠷ ᠲᠤ ᠠᠪᠠᠭ᠎ᠠ ᠬᠤᠰᠢᠭᠤᠨ ᠤ ᠤ · ᠳᠠᠮᠳᠢᠨ᠂ ᠰᠤ · ᠳᠠᠮᠳᠢᠨ ᠵᠡᠷᠭᠡ ᠲᠦᠷᠪᠡᠨ ᠳᠠᠮᠳᠢᠨ ᠢ ᠬᠠᠶᠠᠵᠦ 16 ᠳᠤ ᠲᠡᠪᠢᠪᠠ᠃ 1981 ᠤᠨ ᠳᠤ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠭᠤᠤᠯ ᠰᠤᠮᠤᠨ ᠤ 256 ᠪᠦᠬᠡ ᠲᠠᠢ ᠨᠠᠶᠢᠷ ᠲᠤ 16 ᠳᠤ ᠲᠡᠪᠢᠵᠤ᠂ ᠵᠡᠬᠦᠨ ᠦᠵᠦᠮᠦᠴᠢᠨ ᠬᠤᠰᠢᠭᠤᠨ ᠤ ᠠᠷᠠᠳ ᠤᠨ ᠶᠡᠭᠡ ᠨᠠᠶᠢᠷ ᠤᠨ 512 ᠪᠦᠬᠡ ᠶᠢᠨ ᠪᠠᠷᠢᠯᠲᠤᠭᠠᠨ ᠳᠤ ᠪᠠᠷᠠᠭᠤᠨ ᠦᠵᠦᠮᠦᠴᠢᠨ ᠤ ᠦᠯᠵᠡᠶᠢᠪᠠᠶᠠᠷ ᠵᠡᠷᠭᠡ ᠪᠦᠭᠡᠴᠢᠳ ᠢ ᠬᠠᠶᠠᠵᠦ 16 ᠳᠤ ᠲᠡᠪᠢᠪᠡ᠃ ᠮᠦᠨ ᠳᠤᠰ ᠵᠢᠯ ᠤᠤᠯ ᠤᠨ ᠪᠠᠶᠠᠠᠬᠦ᠋ᠬᠡᠪᠤᠷ ᠰᠤᠮᠤᠨ ᠤ ᠵᠢᠷᠠᠨᠪᠤᠯᠠᠭ ᠭᠠᠴᠠᠭᠠᠨ ᠤ 256 ᠪᠦᠬᠡ ᠲᠠᠢ ᠨᠠᠶᠢᠷ ᠲᠤ ᠠ᠊ · ᠵᠢᠷᠭᠠᠯ ᠳᠤ ᠪᠠᠭᠤᠵᠦ ᠳᠡᠭᠡᠳᠤ ᠲᠦᠷᠪᠡ ᠳᠤ ᠲᠡᠪᠢᠪᠠ᠃ 1982 ᠤᠨ ᠳᠤ ᠤᠤᠯ ᠤᠨ ᠪᠤᠯᠠᠭ ᠰᠤᠮᠤᠨ ᠤ 128 ᠪᠦᠬᠡ ᠲᠠᠢ ᠨᠠᠶᠢᠷ ᠲᠤ ᠳᠠᠮᠪᠠ᠂ ᠪᠦᠬᠡᠪᠠᠭᠠᠳᠤᠷ᠂ ᠪᠤᠶᠠᠨᠳᠤ ᠵᠡᠷᠭᠡ ᠪᠦᠬᠡᠴᠢᠳ ᠢ ᠬᠠᠶᠠᠵᠦ ᠳᠡᠳ᠋ᠯᠡᠪᠡ᠃ ᠰᠢᠯᠢ ᠶᠢᠨ ᠭᠤᠤᠯ ᠠᠶᠢᠮᠠᠭ ᠤᠨ 1024 ᠪᠦᠬᠡ ᠲᠠᠢ ᠨᠠᠶᠢᠷ ᠲᠤ ᠪᠠᠷᠠᠭᠤᠨ ᠦᠵᠦᠮᠦᠴᠢᠨ ᠬᠤᠰᠢᠭᠤᠨ ᠤ ᠬᠡᠦᠬᠡᠨᠪᠤᠷᠤ ᠵᠡᠷᠬᠡ ᠪᠦᠬᠡᠴᠢᠳ ᠢ ᠬᠠᠶᠠᠵᠦ 64 ᠳᠤ ᠲᠡᠪᠢᠪᠠ᠃1984 ᠤᠨ ᠳᠤ ᠵᠡᠬᠦᠨ ᠦᠵᠦᠮᠦᠴᠢᠨ ᠬᠤᠰᠢᠭᠤᠨ ᠤ ᠡᠳ᠋ ᠪᠤᠳᠠᠰ ᠤᠨ ᠰᠤᠯᠢᠯᠴᠠᠭᠠᠨ ᠤ ᠨᠠᠶᠢᠷ ᠤᠨ 256 ᠪᠦᠬᠡ ᠶᠢᠨ ᠪᠠᠷᠢᠯᠲᠤᠭᠠᠨ ᠳᠤ 8 ᠳᠤ ᠲᠡᠪᠢᠵᠤ᠂ ᠨᠢᠭᠡᠴᠢ ᠶᠢᠨ ᠤᠷᠤᠯᠳᠤᠭᠠᠨ ᠳᠤ ᠲᠡᠷᠢᠬᠦᠯᠡᠪᠠ᠃ ᠡᠬᠦᠨ ᠠᠴᠠ ᠭᠠᠲᠠᠨ᠎ᠠ ᠨᠤᠲᠤᠭ ᠤᠰᠤᠨ ᠤ ᠪᠠᠨ ᠤᠪᠤᠭᠠᠨ ᠤ ᠨᠠᠶᠢᠷ᠂ ᠨᠠᠰᠤᠳᠠᠨ ᠤ ᠨᠠᠶᠢᠷ ᠤᠳ ᠢᠶᠠᠷ ᠤᠯᠠᠨ ᠤᠳᠠᠭ᠎ᠠ ᠳᠡᠭᠡᠳᠤ ᠳᠦᠷᠪᠡ᠂ ᠲᠡᠭᠡᠷ᠎ᠡ ᠨᠠᠢᠮᠠ ᠪᠠᠷ ᠰᠠᠶᠢᠨ ᠪᠠᠷᠢᠯᠲᠤᠵᠤ ᠶᠡᠪᠤᠭᠰᠠᠡ ᠪᠢᠯᠡ᠃ ᠴᠤᠯᠮᠤᠡ ᠤ ᠬᠤᠷᠲᠤᠯᠠᠭᠤᠯᠤᠭᠰᠠᠨ ᠮᠤᠷᠢᠳ ᠤᠨ ᠠᠮᠵᠢᠯᠲᠠ ᠠᠴᠠ ᠲᠤᠷᠠᠳᠪᠠᠯ᠂ ᠤᠯᠠᠭᠠᠨ ᠮᠤᠷᠢ ᠨᠢ 1986 ᠤᠨ ᠳᠤ ᠵᠡᠬᠦᠨ ᠦᠵᠦᠮᠦᠴᠢᠨ ᠬᠤᠰᠢᠭᠤᠨ ᠤ ᠨᠠᠷᠢᠨ ᠬᠠᠨ ᠤᠪᠤᠭ᠎ᠠ ᠪᠤᠯᠤᠨ ᠬᠦᠬᠡᠪᠤᠷ ᠤᠪᠤᠭᠠᠨ ᠤ ᠲᠠᠬᠢᠯᠭ᠎ᠠ ᠶᠢᠨ ᠨᠠᠶᠢᠷ ᠤᠨ ᠮᠤᠷᠢᠨ ᠤ ᠤᠷᠤᠯᠲᠤᠭᠠᠨ ᠳᠤ ᠲᠡᠳ᠋ᠯᠡᠪᠡ︔ 1987 ᠤᠨ ᠳᠤ ᠤᠤᠯ ᠤᠨ ᠡᠷᠢᠶᠡᠨᠭᠤᠪᠢ ᠰᠤᠮᠤᠨ ᠤ ᠨᠠᠶᠢᠷ ᠲᠤ ᠵᠢᠷᠭᠤᠲᠤᠭᠠᠷ ᠲᠤ ᠬᠤᠷᠲᠤᠯᠠᠪᠠ︔ 1987 ᠤᠨ ᠳᠤ ᠵᠡᠬᠦᠨ ᠦᠵᠦᠮᠦᠴᠢᠨ ᠬᠤᠰᠢᠭᠤᠨ ᠤ ᠬᠦᠬᠡᠪᠤᠷ ᠤᠪᠤᠭ᠎ᠠ ᠪᠤᠯᠤᠨ ᠦᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠤᠨ ᠮᠤᠷᠢᠨ ᠤ ᠤᠷᠤᠯᠲᠤᠭᠠᠨ ᠳᠤ ᠲᠡᠳ᠋ᠯᠡᠪᠡ︔ 1988 ᠤᠨ ᠳᠤ ᠵᠡᠬᠦᠨ ᠦᠵᠦᠮᠦᠴᠢᠨ ᠬᠤᠰᠢᠭᠤᠨ ᠤ ᠮᠠᠯᠴᠢᠳ ᠤᠨ ᠠᠩᠬᠠᠳᠠᠭᠴᠢ ᠤᠳᠠᠭᠠᠨ ᠤ 512 ᠪᠦᠬᠡ ᠲᠠᠢ ᠨᠠᠶᠢᠷ ᠤᠨ ᠮᠤᠷᠢᠨ ᠤ ᠤᠷᠤᠯᠲᠤᠭᠠᠨ ᠳᠤ ᠲᠡᠷᠢᠬᠦᠯᠡᠨ᠂ ᠬᠦᠬᠡᠪᠤᠷ ᠤᠪᠤᠭᠠᠨ ᠤ ᠲᠠᠬᠢᠯᠭ᠎ᠠ ᠶᠢᠨ ᠨᠠᠶᠢᠷ ᠲᠤ ᠭᠤᠷᠪᠠᠳᠤᠭᠠᠷ ᠲᠤ ᠬᠤᠷᠲᠤᠯᠠᠪᠠ︔ 1989 ᠤᠨ ᠳᠤ ᠦᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠭᠤᠷᠪᠠᠲᠤᠭᠠᠷ ᠲᠤ ᠬᠤᠷᠲᠤᠯᠠᠪᠠ︔ 1990 ᠤᠨ ᠳᠤ ᠰᠢᠯᠢ ᠶᠢᠨ ᠭᠤᠤᠯ ᠠᠶᠢᠮᠠᠭ ᠤᠨ 1024 ᠪᠦᠬᠡ ᠲᠠᠢ ᠨᠠᠶᠢᠷ ᠤᠨ ᠮᠤᠷᠢᠨ ᠤ ᠤᠷᠤᠯᠲᠤᠭᠠᠨ ᠳᠤ ᠬᠤᠷᠢᠨ ᠲᠤᠯᠤᠲᠤᠭᠠᠷ ᠲᠤ ᠬᠤᠷᠲᠤᠯᠠᠨ᠂ ᠥᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠦᠷᠪᠡᠲᠤᠭᠡᠷ ᠲᠤ ᠬᠤᠷᠲᠤᠯᠠᠪᠠ︔ 1991 ᠤᠨ ᠳᠤ ᠵᠡᠬᠦᠨ ᠦᠵᠦᠮᠦᠴᠢᠨ ᠬᠤᠰᠢᠭᠤᠨ ᠤ ᠬᠦᠬᠡᠪᠤᠷ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠤᠯᠤᠲᠤᠭᠠᠷ ᠲᠤ᠂ ᠥᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠦᠷᠪᠡᠲᠤᠭᠡᠷ ᠲᠤ ᠬᠤᠷᠲᠤᠯᠠᠪᠠ︔ 1992 ᠤᠨ ᠳᠤ ᠵᠡᠬᠦᠨ ᠦᠵᠦᠮᠦᠴᠢᠨ ᠬᠤᠰᠢᠭᠤᠨ ᠤ ᠬᠦᠬᠡᠪᠤᠷ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠠᠪᠤᠲᠤᠭᠠᠷ ᠲᠤ᠂ ᠥᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠦᠷᠪᠡᠲᠤᠭᠡᠷ ᠲᠤ ᠬᠤᠷᠲᠤᠯᠠᠪᠠ︔ 1994 ᠤᠨ ᠳᠤ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠵᠢᠷᠭᠤᠲᠤᠭᠠᠷ ᠲᠤ᠂ ᠵᠢᠷᠠᠨᠪᠤᠯᠠᠭ ᠭᠠᠴᠠᠭᠠᠨ ᠤ ᠲᠦᠮᠡᠨᠭᠡᠷᠡᠯ ᠨᠠᠰᠤᠳᠠᠨ ᠤ ᠨᠠᠰᠤᠨ ᠪᠠᠶᠠᠷ ᠤᠨ ᠨᠠᠶᠢᠷ ᠲᠤ ᠭᠤᠷᠪᠠᠲᠤᠭᠠᠷ ᠲᠤ ᠬᠤᠷᠲᠤᠯᠠᠪᠠ︔ 1995 ᠤᠨ ᠳᠤ ᠤᠤᠯ ᠤᠨ ᠪᠠᠶᠠᠠᠬᠦ᠋ᠬᠡᠪᠤᠷ ᠰᠤᠮᠤᠨ ᠤ 512 ᠪᠦᠬᠡ ᠲᠠᠢ ᠠᠷᠠᠳ ᠤᠨ ᠶᠡᠭᠡ ᠨᠠᠶᠢᠷ ᠲᠤ ᠲᠡᠷᠢᠬᠦᠯᠡᠪᠡ᠃ ᠬᠦᠷᠡᠩ ᠮᠤᠷᠢ ᠨᠢ 1995 ᠤᠠ ᠳᠤ ᠤᠤᠯ ᠤᠨ ᠪᠠᠶᠠᠠᠬᠦ᠋ᠬᠡᠪᠤᠷ ᠰᠤᠮᠤᠨ ᠤ 512 ᠪᠦᠬᠡ ᠲᠠᠢ ᠠᠷᠠᠳ ᠤᠨ ᠶᠡᠭᠡ ᠨᠠᠶᠢᠷ ᠤᠨ ᠲᠠᠭ᠎ᠠ ᠶᠢᠨ ᠤᠷᠤᠯᠲᠤᠭᠠᠡ ᠳᠤ ᠲᠦᠷᠪᠡᠲᠤᠭᠡᠷ ᠲᠤ ᠬᠤᠷᠲᠤᠯᠠᠪᠠ︔ 2000 ᠤᠨ ᠳᠤ ᠥᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠭᠤᠷᠪᠠᠲᠤᠭᠠᠷ ᠲᠤ ᠬᠤᠷᠲᠤᠯᠠᠪᠠ᠃ ᠬᠠᠯᠲᠡᠷ ᠮᠤᠷᠢ ᠨᠢ 2007 ᠤᠨ ᠳᠤ ᠤᠤᠯ ᠤᠨ ᠡᠷᠢᠶᠡᠨᠭᠤᠪᠢ ᠰᠤᠮᠤᠨ ᠤ ᠬᠠᠷᠠᠭᠤᠯ ᠤᠪᠤᠭᠠᠨ ᠤ ᠲᠠᠬᠢᠯᠭ᠎ᠠ ᠶᠢᠨ ᠨᠠᠶᠢᠷ ᠲᠤ ᠳᠡᠳ᠋ᠯᠡᠵᠦ᠂ ᠵᠡᠬᠦᠨ ᠦᠵᠤᠮᠤᠴᠢᠨ ᠬᠤᠰᠢᠭᠤᠨ ᠤ ᠰᠢᠨ᠎ᠡ ᠤᠨ ᠢᠶᠠᠨ ᠤᠭᠳᠤᠬᠤ ᠮᠤᠷᠢᠨ ᠤ ᠤᠷᠤᠯᠳᠤᠭᠠᠨ ᠳᠤ ᠭᠤᠷᠪᠠᠲᠤᠭᠠᠷ ᠲᠤ᠂ ᠤᠤᠯ ᠤᠨ ᠪᠠᠶᠠᠠᠬᠦ᠋ᠬᠡᠪᠤᠷ ᠰᠤᠮᠤᠨ ᠤ ᠳᠤᠪᠤᠭᠵᠠᠪ ᠨᠠᠰᠤᠳᠠᠨ ᠤ ᠨᠠᠰᠤᠨ ᠪᠠᠶᠠᠷ ᠤᠨ ᠨᠠᠶᠢᠷ ᠲᠤ ᠲᠤᠯᠤᠲᠤᠭᠠᠷ ᠲᠤ᠂ ᠲᠦᠭᠦᠷᠡᠩᠵᠠᠭᠠᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠨᠠᠢᠮᠠᠲᠤᠭᠠᠷ ᠲᠤ᠂ ᠲᠠᠭᠤᠲᠤᠨᠠᠭᠤᠷ ᠪᠠᠯᠭᠠᠰᠤᠨ ᠤ ᠰᠠᠭᠯᠠᠢ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠦᠷᠪᠡᠲᠤᠭᠡᠷ ᠲᠤ᠂ ᠤᠤᠯ ᠤᠨ ᠡᠷᠢᠶᠡᠨᠭᠤᠪᠢ ᠶᠢᠨ ᠶᠡᠭᠡᠨ᠋ᠠᠭᠤᠯᠠ ᠤᠪᠤᠭᠠᠨ ᠤ ᠲᠠᠬᠢᠯᠭ᠎ᠠ ᠶᠢᠨ ᠨᠠᠶᠢᠷ ᠲᠤ ᠨᠠᠢᠮᠠᠲᠤᠭᠠᠷ ᠲᠤ᠂ ᠲᠠᠭᠤᠲᠤᠨᠠᠭᠤᠷ ᠪᠠᠯᠭᠠᠰᠤᠨ ᠤ ᠨᠢᠭᠡ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠵᠢᠷᠭᠤᠲᠤᠭᠠᠷ ᠲᠤ ᠬᠤᠷᠲᠤᠯᠠᠵᠤ ᠪᠠᠶᠢᠪᠡ᠃ ᠭᠡᠭᠡᠷ ᠮᠤᠷᠢ ᠨᠢ ᠲᠠᠭᠤᠲᠤᠨᠠᠭᠤᠷ ᠪᠠᠯᠭᠠᠰᠤᠨ ᠤ ᠵᠢᠰᠡ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠠᠪᠤᠲᠤᠭᠠᠷ ᠲᠤ᠂ ᠤᠤᠯ ᠤᠨ ᠪᠠᠶᠠᠠᠬᠦ᠋ᠬᠡᠪᠤᠷ ᠰᠤᠮᠤᠨ ᠤ ᠵᠢᠷᠠᠨᠪᠤᠯᠠᠭ ᠭᠠᠴᠠᠭᠠᠨ ᠤ ᠳᠤᠩᠷᠤᠪ ᠨᠠᠰᠤᠳᠠᠨ ᠤ ᠨᠠᠶᠢᠷ ᠲᠤ ᠨᠠᠢᠮᠠᠲᠤᠭᠠᠷ ᠲᠤ᠂ ᠬᠦᠷᠢᠶᠡᠳᠤᠨᠠᠭᠤᠷ ᠰᠤᠮᠤᠨ ᠤ ᠨᠢᠭᠡ ᠨᠠᠰᠤᠳᠠᠨ ᠤ ᠨᠠᠰᠤᠨ ᠪᠠᠶᠠᠷ ᠤᠨ ᠨᠠᠶᠢᠷ ᠲᠤ ᠲᠤᠯᠤᠲᠤᠭᠠᠷ ᠲᠤ᠂ ᠮᠠᠨᠳᠤᠬᠤᠪᠤᠯᠠᠭ ᠪᠠᠯᠭᠠᠰᠤᠨ ᠤ ᠨᠢᠭᠡ ᠨᠠᠰᠤᠳᠠᠨ ᠤ ᠨᠠᠰᠤᠨ ᠪᠠᠶᠠᠷ ᠤᠨ ᠨᠠᠶᠢᠷ ᠲᠤ ᠵᠢᠷᠭᠤᠲᠤᠭᠠᠷ ᠲᠤ ᠬᠤᠷᠲᠤᠯᠠᠪᠠ᠃ ᠬᠠᠯᠲᠡᠷ ᠦᠷᠢᠶ᠎ᠡ ᠨᠢ 2019 ᠤᠠ ᠳᠤ ᠵᠡᠬᠦᠨ ᠦᠵᠤᠮᠤᠴᠢᠨ ᠬᠤᠰᠢᠭᠤᠨ ᠤ ᠦᠡᠭᠲᠦ ᠶᠢᠨ ᠤᠪᠤᠭᠠᠡ ᠤ ᠲᠠᠬᠢᠯᠭ᠎ᠠ ᠶᠢᠨ ᠨᠠᠶᠢᠷ ᠲᠤ ᠲᠤᠯᠤᠲᠤᠭᠠᠷ ᠲᠤ᠂ ᠰᠡᠷᠲᠡᠡ ᠤᠪᠤᠭᠠᠡ ᠤ ᠲᠠᠬᠢᠯᠭ᠎ᠠ ᠶᠢᠨ ᠨᠠᠶᠢᠷ ᠲᠤ ᠠᠷᠪᠠᠲᠤᠭᠠᠷ ᠲᠤ ᠬᠤᠷᠲᠤᠯᠠᠪᠠ᠃ ᠭᠡᠭᠡᠷ ᠰᠢᠳᠦᠯᠡᠩ ᠦᠷᠢᠶ᠎ᠡ ᠨᠢ 2019 ᠤᠨ ᠳᠤ ᠦᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠤᠯᠤᠲᠤᠭᠠᠷ ᠲᠤ ᠬᠤᠷᠲᠤᠯᠠᠪᠠ︔ 2020 ᠤᠨ ᠳᠤ ᠡᠵᠢᠨᠠᠭᠤᠷ ᠪᠠᠯᠭᠠᠰᠤᠨ ᠤ ᠨᠠᠶᠢᠷ ᠲᠤ ᠠᠷᠪᠠᠲᠤᠭᠠᠷ ᠲᠤ ᠬᠤᠷᠲᠤᠯᠠᠪᠠ︔ 2014 ᠤᠨ ᠠᠴᠠ ᠭᠤᠷᠪᠠᠨ ᠬᠦᠷᠡᠩ ᠲᠠᠭ᠎ᠠ᠂ ᠬᠡᠬᠡᠷ ᠲᠠᠭ᠎ᠠ ᠵᠡᠷᠭᠡ ᠬᠡᠲᠤᠨ ᠲᠠᠭ᠎ᠠ ᠤᠶᠠᠵᠤ ᠬᠤᠷᠲᠤᠯᠠᠭᠤᠯᠪᠠ︔ 2014 ᠤᠨ ᠳᠤ ᠶᠡᠭᠡ ᠬᠦᠷᠡᠩ ᠳᠠᠭ᠎ᠠ ᠨᠢ ᠦᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠨᠠᠢᠮᠠᠲᠤᠭᠠᠷ ᠲᠤ ᠬᠤᠷᠲᠤᠯᠠᠪᠠ︔ 2015 ᠤᠨ ᠳᠤ ᠲᠤᠮᠲᠠ ᠬᠦᠷᠡᠩ ᠳᠠᠭ᠎ᠠ ᠨᠢ ᠰᠢᠨ᠎ᠡ ᠰᠦᠮ᠎ᠡ ᠶᠢᠨ ᠲᠠᠯᠠᠯᠭᠠᠨ ᠨᠠᠶᠢᠷ ᠲᠤ ᠲᠤᠯᠤᠲᠤᠭᠠᠷ ᠲᠤ ᠬᠤᠷᠲᠤᠯᠠᠪᠠ︔ 2016 ᠤᠨ ᠳᠤ ᠪᠠᠭ᠎ᠠ ᠬᠦᠷᠡᠩ ᠳᠠᠭ᠎ᠠ ᠨᠢ ᠰᠢᠨ᠎ᠡ ᠰᠦᠮ᠎ᠡ ᠶᠢᠨ ᠲᠠᠯᠠᠯᠭᠠᠨ ᠨᠠᠶᠢᠷ ᠲᠤ ᠵᠢᠷᠭᠤᠲᠤᠭᠠᠷ ᠲᠤ᠂ ᠭᠡᠭᠡᠷ ᠳᠠᠭ᠎ᠠ ᠨᠢ ᠨᠠᠢᠮᠠᠲᠤᠭᠠᠷ ᠲᠤ ᠬᠤᠷᠲᠤᠯᠠᠪᠠ᠃     ᠴᠤᠯᠮᠤᠡ ᠰᠠᠶᠢᠨ ᠪᠦᠬᠡ ᠰᠠᠶᠢᠨ ᠤᠶᠠᠭᠠᠴᠢ ᠮᠦᠷᠲᠡᠭᠡᠨ ᠰᠠᠶᠢᠨ ᠤᠷᠭᠠᠴᠢᠨ ᠶᠤᠮ᠃ ᠲᠡᠷᠡ ᠨᠤᠲᠤᠭ ᠤᠰᠤᠡ ᠤ ᠪᠠᠨ ᠰᠠᠶᠢᠡ ᠲᠠᠭᠠᠷᠢᠲᠠᠭ 60 ᠭᠠᠷᠤᠢ ᠠᠵᠢᠷᠭ᠎ᠠ ᠶᠢ ᠬᠠᠶᠠᠵᠡᠢ᠃ 2018 ᠤᠨ ᠳᠤ 59 ᠨᠠᠰᠤᠨ ᠳᠤ ᠪᠠᠨ ᠰᠤ · ᠵᠢᠷᠭᠠᠯ ᠤᠨ ᠰᠠᠶᠢᠨ ᠲᠠᠭᠠᠷᠢᠲᠠᠭ ᠬᠠᠷ᠎ᠠ ᠠᠵᠢᠷᠭ᠎ᠠ᠂ ᠦᠪᠡᠷ ᠤᠨ ᠭᠡᠭᠡᠷ ᠵᠡᠷᠬᠡ ᠭᠤᠷᠪᠠᠨ ᠠᠵᠢᠷᠭ᠎ᠠ ᠶᠢ ᠤᠷᠭᠠᠯᠠᠨ ᠬᠠᠶᠠᠵᠠᠢ᠃ 2019 ᠤᠨ ᠳᠤ ᠵᠢᠷᠠᠨ ᠨᠠᠰᠤᠨ ᠳᠤ ᠪᠠᠨ ᠬᠤᠳᠠᠯᠠᠳᠡᠭᠦᠰ ᠤᠨ ᠰᠠᠶᠢᠨ ᠲᠠᠭᠠᠷᠢᠲᠠᠭ ᠰᠢᠷᠭ᠎ᠠ ᠠᠵᠢᠷᠭ᠎ᠠ ᠶᠢ ᠤᠷᠭᠠᠯᠠᠨ ᠬᠠᠶᠠᠵᠤ ᠵᠠᠯᠠᠭᠤᠴᠤᠳ ᠤᠨ ᠠᠳᠠᠭ᠎ᠠ ᠶᠢ ᠬᠦᠷᠭᠡᠵᠤ ᠶᠠᠪᠤᠭᠰᠠᠡ ᠶᠤᠮ᠃ ᠡᠨᠡ ᠵᠢᠯ ᠨᠤᠲᠤᠭ ᠤᠨ ᠬᠢᠨᠢ ᠳᠡᠬᠦᠤ ᠨᠠᠷ ᠠᠵᠢᠷᠭ᠎ᠠ ᠤᠷᠭᠠᠯᠠᠬᠤ ᠳᠤ ᠪᠠᠨ ᠴᠤᠯᠮᠤᠡ ᠭᠤᠸᠡᠢ ᠶᠢᠨ ᠬᠡᠬᠡᠷ ᠠᠵᠢᠷᠭ᠎ᠠ ᠪᠤᠯᠤᠡ ᠬᠤᠸᠡ ᠠᠵᠢᠷᠭᠠᠡ ᠳᠤ ᠤᠷᠭ᠎ᠠ ᠠᠯᠳᠠᠭᠠᠳ ᠪᠠᠶᠢᠬᠤ ᠦᠶ᠎ᠡ ᠳᠤ᠂ ᠵᠢᠷᠠ ᠬᠦᠷᠦᠭᠰᠡᠨ ᠴᠤᠯᠮᠤᠡ ᠭᠤᠸᠡᠢ ᠤᠷᠭ᠎ᠠ ᠰᠢᠬᠦᠷᠴᠤ ᠬᠤᠶᠡᠷ ᠠᠵᠢᠷᠭ᠎ᠠ ᠪᠠᠨ ᠴᠤᠪᠤᠭᠤᠯᠵᠤ ᠬᠠᠶᠠᠭᠠᠳ᠂ ᠬᠡᠤᠬᠡᠳ ᠲᠡᠬᠦᠤ ᠨᠠᠷ ᠲᠤ ᠪᠠᠨ ᠤᠷᠭᠠᠴᠢᠨ ᠬᠦᠮᠦᠡ ᠤ ᠤᠷ᠎ᠡ ᠤᠬᠠᠭᠠᠡ ᠤᠷᠡᠡ ᠲᠡᠮ ᠶᠠᠮᠡᠷᠬᠠᠡ ᠪᠠᠶᠢᠳᠠᠭ ᠭᠡᠲᠡᠭ ᠢ ᠭᠠᠶᠢᠬᠠᠭᠤᠯᠵᠤ ᠪᠢᠯᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号