ᠴᠤᠯᠮᠤᠡ 1960 ᠤᠨ ᠳᠤ ᠵᠡᠬᠦᠨ ᠦᠵᠦᠮᠦᠴᠢᠨ ᠬᠤᠰᠢᠭᠤᠨ ᠤ ᠰᠠᠮᠠᠢ ᠰᠤᠮᠤᠨ ᠤ ᠵᠢᠷᠡᠡᠪᠤᠯᠠᠭ | ᠭᠠᠴᠠᠭ᠎ᠠ ᠶᠢᠨ ᠮᠠᠯᠴᠢᠡ ᠰᠢᠷᠠᠨᠤᠳ ᠤᠪᠤᠭ ᠲᠠᠢ ᠭᠠᠷᠤᠳᠢᠪᠠᠭᠠᠳᠤᠷ᠂ ᠲᠤᠩᠭᠠᠯᠠᠭ ᠤᠨ ᠭᠤᠷᠪᠠᠲᠤᠭᠠᠷ ᠬᠡᠤᠬᠡᠳ ᠨᠢ | ᠪᠤᠯᠵᠤ ᠵᠠᠶᠠᠭᠠᠵᠠᠢ᠃ | ᠭᠠᠷᠤᠲᠢᠪᠠᠭᠠᠲᠤᠷ ᠭᠤᠸᠠᠢ ᠰᠠᠶᠢᠡ ᠪᠠᠷᠢᠯᠲᠤᠵᠤ᠂ ᠮᠤᠷᠢ ᠰᠠᠶᠢᠬᠠᠡ ᠤᠶᠡᠵᠤ ᠪᠠᠶᠢᠭᠰᠠᠡ ᠢ ᠨᠤᠲᠤᠭ | ᠤᠰᠤᠡ ᠤ ᠬᠢᠨ ᠰᠠᠶᠢᠨ ᠮᠡᠲᠡᠲᠡᠭ᠃ ᠴᠤᠯᠮᠤᠡ ᠤ ᠠᠪᠤ ᠭᠠᠷᠤᠲᠢᠪᠠᠭᠠᠲᠤᠷ ᠭᠤᠸᠠᠢ ᠤᠤᠯ ᠤᠨ ᠪᠠᠶᠠᠠᠬᠦ᠋ᠬᠡᠪᠤᠷ | ᠰᠤᠮᠤᠨ ᠤ ᠵᠢᠷᠠᠨᠪᠤᠯᠠᠭ ᠭᠠᠴᠠᠭᠠᠨ ᠤ ᠦᠡᠭᠲᠤ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠪᠠᠷᠢᠯᠲᠤᠨ ᠳᠡᠷᠢᠭᠦᠯᠡᠵᠦ | ᠂ ᠰᠢᠨ᠎ᠡ ᠰᠦᠮ᠎ᠡ ᠶᠢᠨ ᠨᠠᠷᠢᠨ ᠴᠠᠭᠠᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠡᠳ᠋ᠯᠡᠵᠦ᠂ ᠮᠦᠨ ᠳᠤᠰ | ᠤᠪᠤᠭᠠᠨ ᠤ ᠲᠠᠬᠢᠯᠭ᠎ᠠ ᠶᠢᠨ ᠨᠠᠶᠢᠷ ᠲᠤ ᠬᠤᠯᠠ ᠮᠤᠷᠢ ᠨᠢ ᠲᠡᠷᠢᠬᠦᠯᠡᠵᠤ ᠪᠠᠶᠢᠭᠰᠠᠨ ᠰᠠᠶᠢᠬᠠᠨ ᠲᠤᠷᠠᠰᠤᠮᠵᠢᠲᠠᠢ᠃ | ᠴᠤᠯᠮᠤᠨ ᠴᠤ ᠠᠪᠤ ᠶᠢᠨ ᠢᠶᠠᠨ ᠤᠷ᠎ᠡ ᠠᠪᠢᠶᠠᠰ ᠢ ᠦᠪᠯᠡᠭᠰᠡᠨ ᠤᠲᠤᠮ ᠵᠠᠯᠭᠠᠭᠰᠠᠨ ᠰᠠᠶᠢᠨ ᠪᠦᠬᠡ | ᠮᠦᠷᠲᠡᠭᠡᠡ ᠰᠠᠶᠢᠨ ᠤᠶᠠᠭᠠᠴᠢ ᠶᠤᠮ᠃ ᠲᠡᠷᠡ 1979 ᠤᠨ ᠳᠤ ᠵᠡᠬᠦᠨ ᠦᠵᠦᠮᠦᠴᠢᠨ ᠬᠤᠰᠢᠭᠤᠨ ᠤ ᠪᠦᠬᠡ ᠶᠢᠨ | ᠪᠤᠯᠪᠠᠰᠤᠷᠠᠯ ᠳᠤ ᠰᠠᠭᠤᠵᠤ ᠠᠪᠤᠷᠭᠤ ᠰᠤᠳᠨᠠᠮ᠂ ᠮᠠᠨᠳᠤᠯ᠎ᠠ ᠵᠡᠷᠬᠡ ᠪᠠᠭᠰᠢ ᠠᠴᠠ ᠮᠡᠭᠡ ᠮᠡᠷᠭᠡᠵᠢᠯ ᠰᠤᠷᠴᠡᠢ᠃ | ᠴᠤᠯᠮᠤᠨ ᠤ ᠪᠦᠬᠡ ᠪᠠᠷᠢᠯᠲᠤᠭᠰᠠᠨ ᠠᠮᠵᠢᠯᠲᠠ ᠠᠴᠠ ᠲᠤᠷᠠᠳᠪᠠᠯ᠂ 1979 ᠤᠨ ᠳᠤ ᠵᠡᠬᠦᠨ ᠦᠵᠦᠮᠦᠴᠢᠨ | ᠬᠤᠰᠢᠭᠤᠨ ᠤ ᠤᠤᠯ ᠤᠨ ᠳᠤᠮᠳᠠᠭᠤᠪᠢ ᠰᠤᠮᠤᠨ ᠤ ᠡᠩᠭᠡᠵᠢᠷᠭᠠᠯᠠᠩ ᠭᠠᠴᠠᠭᠠᠨ ᠤ ᠨᠠᠶᠢᠷ ᠲᠤ ᠳᠡᠭᠡᠳᠤ ᠨᠠᠢᠮᠠ ᠳᠤ | ᠲᠡᠪᠢᠵᠤ᠂ ᠰᠢᠯᠢ ᠶᠢᠨ ᠭᠤᠤᠯ ᠠᠶᠢᠮᠠᠭ ᠤᠨ ᠵᠠᠯᠠᠭᠤᠴᠤᠳ ᠤᠨ ᠤᠷᠤᠯᠳᠤᠭᠠᠨ ᠳᠤ ᠳᠤᠮᠳᠠᠳᠤ ᠮᠠᠶ᠋ᠢᠭ ᠤᠨ | ᠪᠦᠬᠡ ᠶᠢᠨ ᠳᠡᠳ᠋ ᠬᠦᠨᠳᠦ ᠳᠡᠰ ᠲᠤ ᠲᠡᠷᠢᠬᠦᠯᠡᠵᠦ ︽ᠵᠤᠯᠵᠠᠭᠠᠨ ᠪᠦᠷᠭᠦᠳ︾ ᠢᠶᠠᠷ ᠴᠤᠯᠠᠯᠠᠭᠳᠠᠵᠠᠢ᠃ ᠮᠦᠨ ᠲᠤᠰ | ᠵᠢᠯ ᠵᠡᠬᠦᠨ ᠦᠵᠦᠮᠦᠴᠢᠨ ᠬᠤᠰᠢᠭᠤᠨ ᠤ ᠤᠤᠯ ᠤᠨ ᠤᠩᠭᠤᠨ ᠰᠤᠮᠤᠨ ᠤ ᠬᠦᠭᠵᠢᠯᠳᠤ ᠭᠠᠴᠠᠭᠠᠨ ᠤ ᠨᠠᠶᠢᠷ ᠲᠤ | ᠳᠡᠭᠡᠳᠤ ᠳᠦᠷᠪᠡ ᠳᠤ ᠲᠡᠪᠢᠵᠤ᠂ ᠳᠠᠭᠤᠳᠤᠨᠠᠭᠤᠷ ᠰᠤᠮᠤᠨ ᠤ 256 ᠪᠦᠬᠡ ᠲᠠᠢ ᠨᠠᠶᠢᠷ ᠲᠤ ᠠᠯᠳᠠᠨᠬᠢᠯᠢ ᠶᠢᠨ | ᠴᠦᠢᠰᠦ᠋ᠷᠦᠩ ᠵᠡᠷᠭᠡ ᠪᠦᠬᠡᠴᠢᠳ ᠢ ᠬᠠᠶᠠᠵᠦ 32 ᠲᠤ ᠤᠷᠤᠵᠡᠢ᠃ ᠤᠤᠯ ᠤᠨ ᠪᠠᠶᠠᠠᠬᠦ᠋ᠬᠡᠪᠤᠷ ᠰᠤᠮᠤᠨ ᠤ 256 | ᠪᠦᠬᠡ ᠲᠠᠢ ᠨᠠᠶᠢᠷ ᠲᠤ ᠡᠷᠢᠶᠡᠨᠭᠤᠪᠢ ᠶᠢᠨ ᠭᠤᠨᠴᠤᠭᠵᠠᠪ᠂ ᠮᠠᠨᠳᠤᠬᠤᠪᠤᠯᠠᠭ ᠤᠨ ᠪᠠᠶᠠᠷ ᠵᠡᠷᠭᠡ ᠪᠦᠬᠡᠴᠢᠳ ᠢ | ᠬᠠᠶᠠᠵᠦ ᠮᠠᠨᠳᠤᠬᠤᠪᠤᠯᠠᠭ ᠤᠨ ᠰᠡᠷᠡᠩᠳᠤᠩᠷᠤᠪ ᠲᠤ ᠤᠶᠢᠴᠢᠵᠠᠢ᠃ ᠰᠠᠮᠠᠢ ᠰᠤᠮᠤᠨ ᠤ 256 ᠪᠦᠬᠡ ᠲᠠᠢ ᠨᠠᠶᠢᠷ ᠲᠤ | ᠠᠯᠳᠠᠨᠬᠢᠯᠢ ᠶᠢᠨ ᠮᠢ᠊ · ᠭᠧᠩᠳᠡᠨ ᠵᠡᠷᠬᠡ ᠪᠦᠬᠡᠴᠤᠳ ᠢ ᠬᠠᠶᠠᠵᠦ 16 ᠳᠤ ᠲᠡᠪᠢᠪᠡ᠃ ᠰᠢᠯᠢ ᠶᠢᠨ ᠭᠤᠤᠯ | ᠠᠶᠢᠮᠠᠭ ᠤᠨ ᠰᠢᠯᠢᠳᠡᠭ 128 ᠪᠦᠬᠡ ᠶᠢᠨ ᠪᠠᠷᠢᠯᠲᠤᠭᠠᠨ ᠳᠤ 16 ᠳᠤ ᠲᠡᠪᠢᠪᠠ᠃ 1980 ᠤᠨ ᠳᠤ ᠤᠤᠯ ᠤᠨ | ᠪᠠᠶᠠᠠᠬᠦ᠋ᠬᠡᠪᠤᠷ ᠰᠤᠮᠤᠨ ᠤ ᠵᠠᠯᠠᠭᠤᠴᠤᠳ ᠤᠨ ᠨᠠᠶᠢᠷ ᠲᠤ ᠳᠡᠭᠡᠳᠤ ᠨᠠᠢᠮᠠ ᠳᠤ ᠰᠢᠷᠤᠪ ᠲᠤ ᠪᠠᠭᠤᠵᠦ ᠦᠭᠪᠡ᠃ | ᠠᠪᠠᠭ᠎ᠠ ᠬᠤᠰᠢᠭᠤᠨ ᠤ ᠶᠡᠬᠡᠭᠤᠤᠯ ᠰᠤᠮᠤᠨ ᠤ ᠨᠠᠶᠢᠷ ᠲᠤ ᠠᠪᠠᠭ᠎ᠠ ᠬᠤᠰᠢᠭᠤᠨ ᠤ ᠤ · ᠳᠠᠮᠳᠢᠨ᠂ ᠰᠤ · ᠳᠠᠮᠳᠢᠨ | ᠵᠡᠷᠭᠡ ᠲᠦᠷᠪᠡᠨ ᠳᠠᠮᠳᠢᠨ ᠢ ᠬᠠᠶᠠᠵᠦ 16 ᠳᠤ ᠲᠡᠪᠢᠪᠠ᠃ 1981 ᠤᠨ ᠳᠤ ᠪᠠᠷᠠᠭᠤᠨ ᠦᠵᠦᠮᠦᠴᠢᠨ | ᠬᠤᠰᠢᠭᠤᠨ ᠤ ᠪᠠᠶᠠᠨᠭᠤᠤᠯ ᠰᠤᠮᠤᠨ ᠤ 256 ᠪᠦᠬᠡ ᠲᠠᠢ ᠨᠠᠶᠢᠷ ᠲᠤ 16 ᠳᠤ ᠲᠡᠪᠢᠵᠤ᠂ ᠵᠡᠬᠦᠨ ᠦᠵᠦᠮᠦᠴᠢᠨ | ᠬᠤᠰᠢᠭᠤᠨ ᠤ ᠠᠷᠠᠳ ᠤᠨ ᠶᠡᠭᠡ ᠨᠠᠶᠢᠷ ᠤᠨ 512 ᠪᠦᠬᠡ ᠶᠢᠨ ᠪᠠᠷᠢᠯᠲᠤᠭᠠᠨ ᠳᠤ ᠪᠠᠷᠠᠭᠤᠨ ᠦᠵᠦᠮᠦᠴᠢᠨ ᠤ | ᠦᠯᠵᠡᠶᠢᠪᠠᠶᠠᠷ ᠵᠡᠷᠭᠡ ᠪᠦᠭᠡᠴᠢᠳ ᠢ ᠬᠠᠶᠠᠵᠦ 16 ᠳᠤ ᠲᠡᠪᠢᠪᠡ᠃ ᠮᠦᠨ ᠳᠤᠰ ᠵᠢᠯ ᠤᠤᠯ ᠤᠨ ᠪᠠᠶᠠᠠᠬᠦ᠋ᠬᠡᠪᠤᠷ | ᠰᠤᠮᠤᠨ ᠤ ᠵᠢᠷᠠᠨᠪᠤᠯᠠᠭ ᠭᠠᠴᠠᠭᠠᠨ ᠤ 256 ᠪᠦᠬᠡ ᠲᠠᠢ ᠨᠠᠶᠢᠷ ᠲᠤ ᠠ᠊ · ᠵᠢᠷᠭᠠᠯ ᠳᠤ ᠪᠠᠭᠤᠵᠦ ᠳᠡᠭᠡᠳᠤ | ᠲᠦᠷᠪᠡ ᠳᠤ ᠲᠡᠪᠢᠪᠠ᠃ 1982 ᠤᠨ ᠳᠤ ᠤᠤᠯ ᠤᠨ ᠪᠤᠯᠠᠭ ᠰᠤᠮᠤᠨ ᠤ 128 ᠪᠦᠬᠡ ᠲᠠᠢ ᠨᠠᠶᠢᠷ ᠲᠤ ᠳᠠᠮᠪᠠ᠂ | ᠪᠦᠬᠡᠪᠠᠭᠠᠳᠤᠷ᠂ ᠪᠤᠶᠠᠨᠳᠤ ᠵᠡᠷᠭᠡ ᠪᠦᠬᠡᠴᠢᠳ ᠢ ᠬᠠᠶᠠᠵᠦ ᠳᠡᠳ᠋ᠯᠡᠪᠡ᠃ ᠰᠢᠯᠢ ᠶᠢᠨ ᠭᠤᠤᠯ ᠠᠶᠢᠮᠠᠭ ᠤᠨ 1024 | ᠪᠦᠬᠡ ᠲᠠᠢ ᠨᠠᠶᠢᠷ ᠲᠤ ᠪᠠᠷᠠᠭᠤᠨ ᠦᠵᠦᠮᠦᠴᠢᠨ ᠬᠤᠰᠢᠭᠤᠨ ᠤ ᠬᠡᠦᠬᠡᠨᠪᠤᠷᠤ ᠵᠡᠷᠬᠡ ᠪᠦᠬᠡᠴᠢᠳ ᠢ ᠬᠠᠶᠠᠵᠦ 64 ᠳᠤ | ᠲᠡᠪᠢᠪᠠ᠃1984 ᠤᠨ ᠳᠤ ᠵᠡᠬᠦᠨ ᠦᠵᠦᠮᠦᠴᠢᠨ ᠬᠤᠰᠢᠭᠤᠨ ᠤ ᠡᠳ᠋ ᠪᠤᠳᠠᠰ ᠤᠨ ᠰᠤᠯᠢᠯᠴᠠᠭᠠᠨ ᠤ ᠨᠠᠶᠢᠷ ᠤᠨ | 256 ᠪᠦᠬᠡ ᠶᠢᠨ ᠪᠠᠷᠢᠯᠲᠤᠭᠠᠨ ᠳᠤ 8 ᠳᠤ ᠲᠡᠪᠢᠵᠤ᠂ ᠨᠢᠭᠡᠴᠢ ᠶᠢᠨ ᠤᠷᠤᠯᠳᠤᠭᠠᠨ ᠳᠤ ᠲᠡᠷᠢᠬᠦᠯᠡᠪᠠ᠃ | ᠡᠬᠦᠨ ᠠᠴᠠ ᠭᠠᠲᠠᠨ᠎ᠠ ᠨᠤᠲᠤᠭ ᠤᠰᠤᠨ ᠤ ᠪᠠᠨ ᠤᠪᠤᠭᠠᠨ ᠤ ᠨᠠᠶᠢᠷ᠂ ᠨᠠᠰᠤᠳᠠᠨ ᠤ ᠨᠠᠶᠢᠷ ᠤᠳ ᠢᠶᠠᠷ ᠤᠯᠠᠨ | ᠤᠳᠠᠭ᠎ᠠ ᠳᠡᠭᠡᠳᠤ ᠳᠦᠷᠪᠡ᠂ ᠲᠡᠭᠡᠷ᠎ᠡ ᠨᠠᠢᠮᠠ ᠪᠠᠷ ᠰᠠᠶᠢᠨ ᠪᠠᠷᠢᠯᠲᠤᠵᠤ ᠶᠡᠪᠤᠭᠰᠠᠡ ᠪᠢᠯᠡ᠃ ᠴᠤᠯᠮᠤᠡ ᠤ | ᠬᠤᠷᠲᠤᠯᠠᠭᠤᠯᠤᠭᠰᠠᠨ ᠮᠤᠷᠢᠳ ᠤᠨ ᠠᠮᠵᠢᠯᠲᠠ ᠠᠴᠠ ᠲᠤᠷᠠᠳᠪᠠᠯ᠂ ᠤᠯᠠᠭᠠᠨ ᠮᠤᠷᠢ ᠨᠢ 1986 ᠤᠨ ᠳᠤ ᠵᠡᠬᠦᠨ | ᠦᠵᠦᠮᠦᠴᠢᠨ ᠬᠤᠰᠢᠭᠤᠨ ᠤ ᠨᠠᠷᠢᠨ ᠬᠠᠨ ᠤᠪᠤᠭ᠎ᠠ ᠪᠤᠯᠤᠨ ᠬᠦᠬᠡᠪᠤᠷ ᠤᠪᠤᠭᠠᠨ ᠤ ᠲᠠᠬᠢᠯᠭ᠎ᠠ ᠶᠢᠨ ᠨᠠᠶᠢᠷ ᠤᠨ | ᠮᠤᠷᠢᠨ ᠤ ᠤᠷᠤᠯᠲᠤᠭᠠᠨ ᠳᠤ ᠲᠡᠳ᠋ᠯᠡᠪᠡ︔ 1987 ᠤᠨ ᠳᠤ ᠤᠤᠯ ᠤᠨ ᠡᠷᠢᠶᠡᠨᠭᠤᠪᠢ ᠰᠤᠮᠤᠨ ᠤ ᠨᠠᠶᠢᠷ ᠲᠤ | ᠵᠢᠷᠭᠤᠲᠤᠭᠠᠷ ᠲᠤ ᠬᠤᠷᠲᠤᠯᠠᠪᠠ︔ 1987 ᠤᠨ ᠳᠤ ᠵᠡᠬᠦᠨ ᠦᠵᠦᠮᠦᠴᠢᠨ ᠬᠤᠰᠢᠭᠤᠨ ᠤ ᠬᠦᠬᠡᠪᠤᠷ ᠤᠪᠤᠭ᠎ᠠ | ᠪᠤᠯᠤᠨ ᠦᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠤᠨ ᠮᠤᠷᠢᠨ ᠤ ᠤᠷᠤᠯᠲᠤᠭᠠᠨ ᠳᠤ ᠲᠡᠳ᠋ᠯᠡᠪᠡ︔ 1988 | ᠤᠨ ᠳᠤ ᠵᠡᠬᠦᠨ ᠦᠵᠦᠮᠦᠴᠢᠨ ᠬᠤᠰᠢᠭᠤᠨ ᠤ ᠮᠠᠯᠴᠢᠳ ᠤᠨ ᠠᠩᠬᠠᠳᠠᠭᠴᠢ ᠤᠳᠠᠭᠠᠨ ᠤ 512 ᠪᠦᠬᠡ ᠲᠠᠢ | ᠨᠠᠶᠢᠷ ᠤᠨ ᠮᠤᠷᠢᠨ ᠤ ᠤᠷᠤᠯᠲᠤᠭᠠᠨ ᠳᠤ ᠲᠡᠷᠢᠬᠦᠯᠡᠨ᠂ ᠬᠦᠬᠡᠪᠤᠷ ᠤᠪᠤᠭᠠᠨ ᠤ ᠲᠠᠬᠢᠯᠭ᠎ᠠ ᠶᠢᠨ ᠨᠠᠶᠢᠷ ᠲᠤ | ᠭᠤᠷᠪᠠᠳᠤᠭᠠᠷ ᠲᠤ ᠬᠤᠷᠲᠤᠯᠠᠪᠠ︔ 1989 ᠤᠨ ᠳᠤ ᠦᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ | ᠭᠤᠷᠪᠠᠲᠤᠭᠠᠷ ᠲᠤ ᠬᠤᠷᠲᠤᠯᠠᠪᠠ︔ 1990 ᠤᠨ ᠳᠤ ᠰᠢᠯᠢ ᠶᠢᠨ ᠭᠤᠤᠯ ᠠᠶᠢᠮᠠᠭ ᠤᠨ 1024 ᠪᠦᠬᠡ ᠲᠠᠢ | ᠨᠠᠶᠢᠷ ᠤᠨ ᠮᠤᠷᠢᠨ ᠤ ᠤᠷᠤᠯᠲᠤᠭᠠᠨ ᠳᠤ ᠬᠤᠷᠢᠨ ᠲᠤᠯᠤᠲᠤᠭᠠᠷ ᠲᠤ ᠬᠤᠷᠲᠤᠯᠠᠨ᠂ ᠥᠡᠭᠲᠦ ᠶᠢᠨ ᠤᠪᠤᠭᠠᠨ ᠤ | ᠲᠠᠬᠢᠯᠭ᠎ᠠ ᠶᠢᠨ ᠨᠠᠶᠢᠷ ᠲᠤ ᠲᠦᠷᠪᠡᠲᠤᠭᠡᠷ ᠲᠤ ᠬᠤᠷᠲᠤᠯᠠᠪᠠ︔ 1991 ᠤᠨ ᠳᠤ ᠵᠡᠬᠦᠨ ᠦᠵᠦᠮᠦᠴᠢᠨ | ᠬᠤᠰᠢᠭᠤᠨ ᠤ ᠬᠦᠬᠡᠪᠤᠷ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠤᠯᠤᠲᠤᠭᠠᠷ ᠲᠤ᠂ ᠥᠡᠭᠲᠦ ᠶᠢᠨ ᠤᠪᠤᠭᠠᠨ ᠤ | ᠲᠠᠬᠢᠯᠭ᠎ᠠ ᠶᠢᠨ ᠨᠠᠶᠢᠷ ᠲᠤ ᠲᠦᠷᠪᠡᠲᠤᠭᠡᠷ ᠲᠤ ᠬᠤᠷᠲᠤᠯᠠᠪᠠ︔ 1992 ᠤᠨ ᠳᠤ ᠵᠡᠬᠦᠨ ᠦᠵᠦᠮᠦᠴᠢᠨ | ᠬᠤᠰᠢᠭᠤᠨ ᠤ ᠬᠦᠬᠡᠪᠤᠷ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠠᠪᠤᠲᠤᠭᠠᠷ ᠲᠤ᠂ ᠥᠡᠭᠲᠦ ᠶᠢᠨ ᠤᠪᠤᠭᠠᠨ ᠤ | ᠲᠠᠬᠢᠯᠭ᠎ᠠ ᠶᠢᠨ ᠨᠠᠶᠢᠷ ᠲᠤ ᠲᠦᠷᠪᠡᠲᠤᠭᠡᠷ ᠲᠤ ᠬᠤᠷᠲᠤᠯᠠᠪᠠ︔ 1994 ᠤᠨ ᠳᠤ ᠨᠠᠰᠤᠲᠠᠨ ᠤ ᠨᠠᠰᠤᠨ ᠪᠠᠶᠠᠷ ᠤᠨ | ᠨᠠᠶᠢᠷ ᠲᠤ ᠵᠢᠷᠭᠤᠲᠤᠭᠠᠷ ᠲᠤ᠂ ᠵᠢᠷᠠᠨᠪᠤᠯᠠᠭ ᠭᠠᠴᠠᠭᠠᠨ ᠤ ᠲᠦᠮᠡᠨᠭᠡᠷᠡᠯ ᠨᠠᠰᠤᠳᠠᠨ ᠤ ᠨᠠᠰᠤᠨ ᠪᠠᠶᠠᠷ ᠤᠨ ᠨᠠᠶᠢᠷ ᠲᠤ | ᠭᠤᠷᠪᠠᠲᠤᠭᠠᠷ ᠲᠤ ᠬᠤᠷᠲᠤᠯᠠᠪᠠ︔ 1995 ᠤᠨ ᠳᠤ ᠤᠤᠯ ᠤᠨ ᠪᠠᠶᠠᠠᠬᠦ᠋ᠬᠡᠪᠤᠷ ᠰᠤᠮᠤᠨ ᠤ 512 ᠪᠦᠬᠡ ᠲᠠᠢ | ᠠᠷᠠᠳ ᠤᠨ ᠶᠡᠭᠡ ᠨᠠᠶᠢᠷ ᠲᠤ ᠲᠡᠷᠢᠬᠦᠯᠡᠪᠡ᠃ ᠬᠦᠷᠡᠩ ᠮᠤᠷᠢ ᠨᠢ 1995 ᠤᠠ ᠳᠤ ᠤᠤᠯ ᠤᠨ ᠪᠠᠶᠠᠠᠬᠦ᠋ᠬᠡᠪᠤᠷ | ᠰᠤᠮᠤᠨ ᠤ 512 ᠪᠦᠬᠡ ᠲᠠᠢ ᠠᠷᠠᠳ ᠤᠨ ᠶᠡᠭᠡ ᠨᠠᠶᠢᠷ ᠤᠨ ᠲᠠᠭ᠎ᠠ ᠶᠢᠨ ᠤᠷᠤᠯᠲᠤᠭᠠᠡ ᠳᠤ ᠲᠦᠷᠪᠡᠲᠤᠭᠡᠷ ᠲᠤ | ᠬᠤᠷᠲᠤᠯᠠᠪᠠ︔ 2000 ᠤᠨ ᠳᠤ ᠥᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠭᠤᠷᠪᠠᠲᠤᠭᠠᠷ ᠲᠤ | ᠬᠤᠷᠲᠤᠯᠠᠪᠠ᠃ ᠬᠠᠯᠲᠡᠷ ᠮᠤᠷᠢ ᠨᠢ 2007 ᠤᠨ ᠳᠤ ᠤᠤᠯ ᠤᠨ ᠡᠷᠢᠶᠡᠨᠭᠤᠪᠢ ᠰᠤᠮᠤᠨ ᠤ ᠬᠠᠷᠠᠭᠤᠯ ᠤᠪᠤᠭᠠᠨ ᠤ | ᠲᠠᠬᠢᠯᠭ᠎ᠠ ᠶᠢᠨ ᠨᠠᠶᠢᠷ ᠲᠤ ᠳᠡᠳ᠋ᠯᠡᠵᠦ᠂ ᠵᠡᠬᠦᠨ ᠦᠵᠤᠮᠤᠴᠢᠨ ᠬᠤᠰᠢᠭᠤᠨ ᠤ ᠰᠢᠨ᠎ᠡ ᠤᠨ ᠢᠶᠠᠨ ᠤᠭᠳᠤᠬᠤ | ᠮᠤᠷᠢᠨ ᠤ ᠤᠷᠤᠯᠳᠤᠭᠠᠨ ᠳᠤ ᠭᠤᠷᠪᠠᠲᠤᠭᠠᠷ ᠲᠤ᠂ ᠤᠤᠯ ᠤᠨ ᠪᠠᠶᠠᠠᠬᠦ᠋ᠬᠡᠪᠤᠷ ᠰᠤᠮᠤᠨ ᠤ ᠳᠤᠪᠤᠭᠵᠠᠪ ᠨᠠᠰᠤᠳᠠᠨ ᠤ | ᠨᠠᠰᠤᠨ ᠪᠠᠶᠠᠷ ᠤᠨ ᠨᠠᠶᠢᠷ ᠲᠤ ᠲᠤᠯᠤᠲᠤᠭᠠᠷ ᠲᠤ᠂ ᠲᠦᠭᠦᠷᠡᠩᠵᠠᠭᠠᠨ ᠤᠪᠤᠭᠠᠨ ᠤ ᠲᠠᠬᠢᠯᠭ᠎ᠠ ᠶᠢᠨ ᠨᠠᠶᠢᠷ ᠲᠤ | ᠨᠠᠢᠮᠠᠲᠤᠭᠠᠷ ᠲᠤ᠂ ᠲᠠᠭᠤᠲᠤᠨᠠᠭᠤᠷ ᠪᠠᠯᠭᠠᠰᠤᠨ ᠤ ᠰᠠᠭᠯᠠᠢ ᠤᠪᠤᠭᠠᠨ ᠤ ᠲᠠᠬᠢᠯᠭ᠎ᠠ ᠶᠢᠨ ᠨᠠᠶᠢᠷ ᠲᠤ | ᠲᠦᠷᠪᠡᠲᠤᠭᠡᠷ ᠲᠤ᠂ ᠤᠤᠯ ᠤᠨ ᠡᠷᠢᠶᠡᠨᠭᠤᠪᠢ ᠶᠢᠨ ᠶᠡᠭᠡᠨ᠋ᠠᠭᠤᠯᠠ ᠤᠪᠤᠭᠠᠨ ᠤ ᠲᠠᠬᠢᠯᠭ᠎ᠠ ᠶᠢᠨ ᠨᠠᠶᠢᠷ ᠲᠤ | ᠨᠠᠢᠮᠠᠲᠤᠭᠠᠷ ᠲᠤ᠂ ᠲᠠᠭᠤᠲᠤᠨᠠᠭᠤᠷ ᠪᠠᠯᠭᠠᠰᠤᠨ ᠤ ᠨᠢᠭᠡ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ | ᠵᠢᠷᠭᠤᠲᠤᠭᠠᠷ ᠲᠤ ᠬᠤᠷᠲᠤᠯᠠᠵᠤ ᠪᠠᠶᠢᠪᠡ᠃ ᠭᠡᠭᠡᠷ ᠮᠤᠷᠢ ᠨᠢ ᠲᠠᠭᠤᠲᠤᠨᠠᠭᠤᠷ ᠪᠠᠯᠭᠠᠰᠤᠨ ᠤ ᠵᠢᠰᠡ ᠶᠢᠨ ᠤᠪᠤᠭᠠᠨ ᠤ | ᠲᠠᠬᠢᠯᠭ᠎ᠠ ᠶᠢᠨ ᠨᠠᠶᠢᠷ ᠲᠤ ᠲᠠᠪᠤᠲᠤᠭᠠᠷ ᠲᠤ᠂ ᠤᠤᠯ ᠤᠨ ᠪᠠᠶᠠᠠᠬᠦ᠋ᠬᠡᠪᠤᠷ ᠰᠤᠮᠤᠨ ᠤ ᠵᠢᠷᠠᠨᠪᠤᠯᠠᠭ ᠭᠠᠴᠠᠭᠠᠨ ᠤ | ᠳᠤᠩᠷᠤᠪ ᠨᠠᠰᠤᠳᠠᠨ ᠤ ᠨᠠᠶᠢᠷ ᠲᠤ ᠨᠠᠢᠮᠠᠲᠤᠭᠠᠷ ᠲᠤ᠂ ᠬᠦᠷᠢᠶᠡᠳᠤᠨᠠᠭᠤᠷ ᠰᠤᠮᠤᠨ ᠤ ᠨᠢᠭᠡ ᠨᠠᠰᠤᠳᠠᠨ ᠤ ᠨᠠᠰᠤᠨ | ᠪᠠᠶᠠᠷ ᠤᠨ ᠨᠠᠶᠢᠷ ᠲᠤ ᠲᠤᠯᠤᠲᠤᠭᠠᠷ ᠲᠤ᠂ ᠮᠠᠨᠳᠤᠬᠤᠪᠤᠯᠠᠭ ᠪᠠᠯᠭᠠᠰᠤᠨ ᠤ ᠨᠢᠭᠡ ᠨᠠᠰᠤᠳᠠᠨ ᠤ ᠨᠠᠰᠤᠨ ᠪᠠᠶᠠᠷ ᠤᠨ | ᠨᠠᠶᠢᠷ ᠲᠤ ᠵᠢᠷᠭᠤᠲᠤᠭᠠᠷ ᠲᠤ ᠬᠤᠷᠲᠤᠯᠠᠪᠠ᠃ ᠬᠠᠯᠲᠡᠷ ᠦᠷᠢᠶ᠎ᠡ ᠨᠢ 2019 ᠤᠠ ᠳᠤ ᠵᠡᠬᠦᠨ ᠦᠵᠤᠮᠤᠴᠢᠨ | ᠬᠤᠰᠢᠭᠤᠨ ᠤ ᠦᠡᠭᠲᠦ ᠶᠢᠨ ᠤᠪᠤᠭᠠᠡ ᠤ ᠲᠠᠬᠢᠯᠭ᠎ᠠ ᠶᠢᠨ ᠨᠠᠶᠢᠷ ᠲᠤ ᠲᠤᠯᠤᠲᠤᠭᠠᠷ ᠲᠤ᠂ ᠰᠡᠷᠲᠡᠡ ᠤᠪᠤᠭᠠᠡ ᠤ | ᠲᠠᠬᠢᠯᠭ᠎ᠠ ᠶᠢᠨ ᠨᠠᠶᠢᠷ ᠲᠤ ᠠᠷᠪᠠᠲᠤᠭᠠᠷ ᠲᠤ ᠬᠤᠷᠲᠤᠯᠠᠪᠠ᠃ ᠭᠡᠭᠡᠷ ᠰᠢᠳᠦᠯᠡᠩ ᠦᠷᠢᠶ᠎ᠡ ᠨᠢ 2019 ᠤᠨ ᠳᠤ | ᠦᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠤᠯᠤᠲᠤᠭᠠᠷ ᠲᠤ ᠬᠤᠷᠲᠤᠯᠠᠪᠠ︔ 2020 ᠤᠨ ᠳᠤ | ᠡᠵᠢᠨᠠᠭᠤᠷ ᠪᠠᠯᠭᠠᠰᠤᠨ ᠤ ᠨᠠᠶᠢᠷ ᠲᠤ ᠠᠷᠪᠠᠲᠤᠭᠠᠷ ᠲᠤ ᠬᠤᠷᠲᠤᠯᠠᠪᠠ︔ 2014 ᠤᠨ ᠠᠴᠠ ᠭᠤᠷᠪᠠᠨ ᠬᠦᠷᠡᠩ | ᠲᠠᠭ᠎ᠠ᠂ ᠬᠡᠬᠡᠷ ᠲᠠᠭ᠎ᠠ ᠵᠡᠷᠭᠡ ᠬᠡᠲᠤᠨ ᠲᠠᠭ᠎ᠠ ᠤᠶᠠᠵᠤ ᠬᠤᠷᠲᠤᠯᠠᠭᠤᠯᠪᠠ︔ 2014 ᠤᠨ ᠳᠤ ᠶᠡᠭᠡ ᠬᠦᠷᠡᠩ | ᠳᠠᠭ᠎ᠠ ᠨᠢ ᠦᠡᠭᠲᠦ ᠶᠢᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠨᠠᠢᠮᠠᠲᠤᠭᠠᠷ ᠲᠤ ᠬᠤᠷᠲᠤᠯᠠᠪᠠ︔ 2015 | ᠤᠨ ᠳᠤ ᠲᠤᠮᠲᠠ ᠬᠦᠷᠡᠩ ᠳᠠᠭ᠎ᠠ ᠨᠢ ᠰᠢᠨ᠎ᠡ ᠰᠦᠮ᠎ᠡ ᠶᠢᠨ ᠲᠠᠯᠠᠯᠭᠠᠨ ᠨᠠᠶᠢᠷ ᠲᠤ ᠲᠤᠯᠤᠲᠤᠭᠠᠷ ᠲᠤ ᠬᠤᠷᠲᠤᠯᠠᠪᠠ︔ | 2016 ᠤᠨ ᠳᠤ ᠪᠠᠭ᠎ᠠ ᠬᠦᠷᠡᠩ ᠳᠠᠭ᠎ᠠ ᠨᠢ ᠰᠢᠨ᠎ᠡ ᠰᠦᠮ᠎ᠡ ᠶᠢᠨ ᠲᠠᠯᠠᠯᠭᠠᠨ ᠨᠠᠶᠢᠷ ᠲᠤ ᠵᠢᠷᠭᠤᠲᠤᠭᠠᠷ ᠲᠤ᠂ | ᠭᠡᠭᠡᠷ ᠳᠠᠭ᠎ᠠ ᠨᠢ ᠨᠠᠢᠮᠠᠲᠤᠭᠠᠷ ᠲᠤ ᠬᠤᠷᠲᠤᠯᠠᠪᠠ᠃ | ᠴᠤᠯᠮᠤᠡ ᠰᠠᠶᠢᠨ ᠪᠦᠬᠡ ᠰᠠᠶᠢᠨ ᠤᠶᠠᠭᠠᠴᠢ ᠮᠦᠷᠲᠡᠭᠡᠨ ᠰᠠᠶᠢᠨ ᠤᠷᠭᠠᠴᠢᠨ ᠶᠤᠮ᠃ ᠲᠡᠷᠡ ᠨᠤᠲᠤᠭ | ᠤᠰᠤᠡ ᠤ ᠪᠠᠨ ᠰᠠᠶᠢᠡ ᠲᠠᠭᠠᠷᠢᠲᠠᠭ 60 ᠭᠠᠷᠤᠢ ᠠᠵᠢᠷᠭ᠎ᠠ ᠶᠢ ᠬᠠᠶᠠᠵᠡᠢ᠃ 2018 ᠤᠨ ᠳᠤ 59 | ᠨᠠᠰᠤᠨ ᠳᠤ ᠪᠠᠨ ᠰᠤ · ᠵᠢᠷᠭᠠᠯ ᠤᠨ ᠰᠠᠶᠢᠨ ᠲᠠᠭᠠᠷᠢᠲᠠᠭ ᠬᠠᠷ᠎ᠠ ᠠᠵᠢᠷᠭ᠎ᠠ᠂ ᠦᠪᠡᠷ ᠤᠨ ᠭᠡᠭᠡᠷ ᠵᠡᠷᠬᠡ ᠭᠤᠷᠪᠠᠨ | ᠠᠵᠢᠷᠭ᠎ᠠ ᠶᠢ ᠤᠷᠭᠠᠯᠠᠨ ᠬᠠᠶᠠᠵᠠᠢ᠃ 2019 ᠤᠨ ᠳᠤ ᠵᠢᠷᠠᠨ ᠨᠠᠰᠤᠨ ᠳᠤ ᠪᠠᠨ ᠬᠤᠳᠠᠯᠠᠳᠡᠭᠦᠰ ᠤᠨ ᠰᠠᠶᠢᠨ | ᠲᠠᠭᠠᠷᠢᠲᠠᠭ ᠰᠢᠷᠭ᠎ᠠ ᠠᠵᠢᠷᠭ᠎ᠠ ᠶᠢ ᠤᠷᠭᠠᠯᠠᠨ ᠬᠠᠶᠠᠵᠤ ᠵᠠᠯᠠᠭᠤᠴᠤᠳ ᠤᠨ ᠠᠳᠠᠭ᠎ᠠ ᠶᠢ ᠬᠦᠷᠭᠡᠵᠤ ᠶᠠᠪᠤᠭᠰᠠᠡ ᠶᠤᠮ᠃ | ᠡᠨᠡ ᠵᠢᠯ ᠨᠤᠲᠤᠭ ᠤᠨ ᠬᠢᠨᠢ ᠳᠡᠬᠦᠤ ᠨᠠᠷ ᠠᠵᠢᠷᠭ᠎ᠠ ᠤᠷᠭᠠᠯᠠᠬᠤ ᠳᠤ ᠪᠠᠨ ᠴᠤᠯᠮᠤᠡ ᠭᠤᠸᠡᠢ ᠶᠢᠨ ᠬᠡᠬᠡᠷ ᠠᠵᠢᠷᠭ᠎ᠠ | ᠪᠤᠯᠤᠡ ᠬᠤᠸᠡ ᠠᠵᠢᠷᠭᠠᠡ ᠳᠤ ᠤᠷᠭ᠎ᠠ ᠠᠯᠳᠠᠭᠠᠳ ᠪᠠᠶᠢᠬᠤ ᠦᠶ᠎ᠡ ᠳᠤ᠂ ᠵᠢᠷᠠ ᠬᠦᠷᠦᠭᠰᠡᠨ ᠴᠤᠯᠮᠤᠡ ᠭᠤᠸᠡᠢ | ᠤᠷᠭ᠎ᠠ ᠰᠢᠬᠦᠷᠴᠤ ᠬᠤᠶᠡᠷ ᠠᠵᠢᠷᠭ᠎ᠠ ᠪᠠᠨ ᠴᠤᠪᠤᠭᠤᠯᠵᠤ ᠬᠠᠶᠠᠭᠠᠳ᠂ ᠬᠡᠤᠬᠡᠳ ᠲᠡᠬᠦᠤ ᠨᠠᠷ ᠲᠤ ᠪᠠᠨ ᠤᠷᠭᠠᠴᠢᠨ | ᠬᠦᠮᠦᠡ ᠤ ᠤᠷ᠎ᠡ ᠤᠬᠠᠭᠠᠡ ᠤᠷᠡᠡ ᠲᠡᠮ ᠶᠠᠮᠡᠷᠬᠠᠡ ᠪᠠᠶᠢᠳᠠᠭ ᠭᠡᠲᠡᠭ ᠢ ᠭᠠᠶᠢᠬᠠᠭᠤᠯᠵᠤ ᠪᠢᠯᠡ᠃ | |