ᠶᠣᠯᠣ ᠬᠠᠶᠢᠷᠬᠠᠨ ᠦᠵᠡᠮᠵᠢ ᠶᠢᠨ ᠣᠷᠣᠨ
ᠨᠡᠶᠢᠲᠡᠯᠡᠭᠰᠡᠨ ᠴᠠᠭ᠄
2020/11/26
    ᠶᠣᠯᠣ ᠬᠠᠶᠢᠷᠬᠠᠨ ᠦᠵᠡᠮᠵᠢ ᠶᠢᠨ ᠣᠷᠣᠨ ᠨᠢ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠲᠣ ᠶᠢᠨ ᠭᠤᠣᠯ ᠪᠠᠯᠭᠠᠰᠣ ᠶᠢᠨ ᠨᠣᠭᠤᠭᠠᠨᠪᠣᠯᠠᠭ ᠭᠠᠴᠠᠭᠠᠨ ᠤ ᠨᠣᠲᠤᠭ ᠲᠤ ᠪᠣᠢ᠃ ᠡᠷᠡᠰ ᠡᠭᠴᠡ ᠡᠩᠭᠡᠷ ᠲᠠᠢ ᠡᠩᠨᠡᠷᠡᠭᠰᠡᠨ ᠦᠷᠭᠡᠨ ᠬᠠᠳᠠᠨ ᠬᠢᠷ᠎ᠠ ᠲᠠᠢ ᠲᠣᠰ ᠬᠠᠶᠢᠷᠬᠠᠨ ᠳᠤ ᠣᠣᠯ ᠨᠢ ᠶᠣᠯᠣ ᠰᠢᠪᠠᠭᠤ ᠡᠭᠦᠷᠯᠡᠵᠣ ᠠᠮᠢᠳᠣᠷᠠᠳᠠᠭ ᠠᠴᠠ ᠶᠣᠯᠣ ᠬᠠᠶᠢᠷᠬᠠᠨ ᠬᠡᠮᠡᠨ ᠨᠡᠷᠡᠶᠢᠳᠣᠨ᠂ ᠪᠠᠰᠠ ᠴᠣ᠋ ︽ᠬᠠᠮ ᠬᠠᠶᠢᠷᠬᠠᠨ︾ ᠬᠡᠵᠣ ᠳᠠᠭᠤᠳᠠᠳᠠᠭ ᠴᠦ ᠪᠣᠢ᠃ ᠡᠷᠲᠡ ᠣᠷᠢᠲᠣ ᠶᠢᠨ ᠴᠠᠭ  ᠲᠤ ᠡᠵᠡᠨ  ᠴᠢᠩᠭᠢᠰ ᠬᠠᠭᠠᠨ ᠠᠵᠢᠨᠠᠢ ᠬᠦᠯᠦᠭ ᠢᠶᠠᠨ ᠡᠷᠢᠵᠤ᠂ ᠡᠨᠡᠭᠦᠷ ᠦᠡᠭᠭᠡᠷᠡᠬᠦ ᠳᠤ ᠶᠣᠯᠣ ᠬᠠᠶᠢᠷᠬᠠᠨ ᠤ ᠦᠨᠳᠣᠷ ᠰᠦᠷᠯᠢᠭ ᠪᠠᠷ᠎ᠠ ᠡᠵᠡᠨ ᠤ ᠬᠠᠷᠠᠭ᠎ᠠ ᠶᠢ ᠬᠠᠯᠬᠠᠯᠠᠭᠰᠠᠨ ᠳᠤ ᠡᠵᠡᠨ ᠴᠢᠩᠬᠢᠰ ᠬᠠᠭᠠᠨ ᠬᠢᠯᠢᠩᠨᠡᠨ ᠡᠷᠳᠡᠨᠢᠲᠣ ᠨᠣᠮᠣ ᠪᠠᠨ ᠠᠪᠴᠤ ᠶᠣᠯᠣ ᠬᠠᠶᠢᠷᠬᠠᠨ ᠤ ᠪᠠᠷᠠᠭᠤᠨ ᠮᠦᠷᠦ ᠶᠢ ᠰᠡᠲᠡ ᠬᠠᠷᠪᠣᠭᠰᠡᠨ ᠳᠤ ᠬᠠᠷᠪᠣᠭᠳᠠᠨ ᠭᠠᠷᠣᠭᠰᠡᠨ ᠴᠢᠯᠠᠭᠤ ᠨᠢ ᠪᠣᠷᠭᠠᠰᠣ ᠮᠣᠳᠣ ᠲᠠᠢ ᠨᠣᠮᠢᠨ ᠨᠣᠭᠤᠭᠠᠨ ᠵᠦᠯᠭᠡᠨ ᠳᠤ ᠪᠣᠲᠠᠷᠠᠨ ᠳᠣᠰᠴᠤ᠂ ᠬᠦᠢᠰᠣ ᠠᠳᠠᠯᠢ ᠪᠠᠶᠢᠷᠢᠯᠠᠭᠰᠡᠨ ᠢ ︽ᠬᠦᠢᠰᠣ ᠬᠠᠳᠠ︾ ᠬᠡᠮᠡᠨ ᠨᠡᠷᠡᠯᠡᠭᠰᠡᠨ ᠠᠵᠠᠢ᠃ ᠮᠦᠨᠴᠣ ᠡᠷᠳᠡ ᠣᠷᠢᠳᠣ ᠶᠢᠨ ᠴᠠᠭ ᠲᠤ ᠮᠠᠯᠴᠢᠨ ᠲᠦᠮᠡᠨ ᠣᠣᠭᠤᠬᠤ ᠣᠰᠣᠨ ᠳᠤ ᠭᠠᠴᠢᠭᠳᠠᠵᠣ᠂ ᠠᠭᠤᠯᠠ ᠶᠢᠨ ᠣᠷᠣᠢ  ᠶᠢ ᠰᠡᠯᠡᠮ᠎ᠡ ᠪᠠᠷ ᠳᠠᠰ ᠴᠠᠪᠴᠢᠬᠤ ᠳᠤ ᠠᠭᠤᠯᠠ ᠬᠤᠶᠠᠷ ᠬᠡᠰᠡᠭ ᠪᠣᠯᠣᠨ ᠬᠤᠪᠢᠶᠠᠭᠳᠠᠵᠤ᠂ ᠲᠡᠭᠦᠨ ᠤ ᠳᠣᠮᠳᠠᠭᠤᠷ ᠣᠷᠣᠰᠣᠨ ᠭᠠᠷᠣᠭᠰᠡᠨ ᠭᠤᠣᠯ ᠢ ᠪᠠᠯᠭᠠᠷ ᠭᠤᠣᠯ ᠤᠨ ᠡᠬᠢ ᠬᠡᠮᠡᠨ ᠬᠡᠯᠡᠯᠴᠡᠳᠡᠭ᠃ ᠵᠣᠨ ᠳᠠᠭᠠᠨ ᠶᠣᠯᠣ ᠬᠠᠶᠢᠷᠬᠠᠨ  ᠤ ᠪᠠᠷᠠᠭᠤᠨ ᠰᠣᠭᠤ ᠪᠠᠷ ᠠᠯᠳᠠᠩᠬᠸ᠎ᠠ ᠴᠡᠴᠡᠭ ᠦᠪᠴᠢ ᠪᠦᠷᠭᠦᠵᠣ᠂ ᠦᠡᠭᠭᠡ ᠶᠢᠨ ᠴᠡᠴᠡᠭ ᠢᠷᠠᠯᠵᠠᠨ ᠳᠡᠯᠭᠡᠷᠡᠨ᠎ᠡ᠃ ᠠᠭᠤᠯᠠ ᠶᠢᠨ ᠣᠷᠣᠢ ᠠᠴᠠ ᠪᠠᠷᠠᠭᠤᠨᠰᠢ ᠪᠠᠷᠠᠯᠠᠬᠤᠶ᠎ᠠ ᠪᠠᠯᠭᠠᠷ ᠭᠤᠣᠯ ︽ᠰᠣᠨᠢᠨ︾ ᠬᠡᠮᠡᠬᠦ ᠭᠠᠶᠢᠬᠠᠮᠰᠢᠭᠲᠣ ᠮᠣᠩᠭᠤᠯ ᠦᠰᠦᠭ ᠢ ᠭᠠᠵᠠᠷ ᠲᠤ ᠲᠠᠮᠠᠭᠠᠯᠡᠨ᠂ ᠬᠤᠣᠰ ᠦᠭᠡᠢ ᠦᠵᠡᠮᠵᠢ ᠶᠢ ᠪᠦᠲᠦᠭᠡᠨ ᠣᠮᠠᠷᠠᠰᠢ ᠣᠷᠣᠰᠦᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠢᠭᠤᠯᠴᠢᠯᠠᠯ ᠤᠨ ᠤᠶᠢᠯᠡᠴᠢᠯᠡᠭᠡᠨ ᠤ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号