ᠮᠤᠩᠭᠤᠯᠴᠤᠳ ᠪᠤᠷᠤᠭᠤ ᠲᠠᠯ᠎ᠠ ᠶᠢᠨ ᠲᠠᠮᠠᠭ᠎ᠠ ᠪᠤᠯ ᠪᠠᠷᠠᠭᠳᠠᠵᠦ ᠶᠠᠳᠠᠭᠤᠷᠠᠬᠤ ᠶᠢᠨ ᠲᠡᠮᠳᠡᠭ ᠭᠡᠵᠦ ᠦᠵᠡᠳᠡᠭ | ᠪᠤᠯᠬᠤᠷ ᠠᠳᠤᠭᠤᠨ ᠤ ᠪᠤᠷᠤᠭᠤ ᠲᠠᠰᠢᠶᠠᠨ ᠲᠡᠭᠡᠷ᠎ᠠ ᠲᠠᠮᠠᠭ᠎ᠠ ᠲᠠᠷᠤᠳᠠᠭ ᠦᠭᠡᠢ ᠶᠤᠮ᠃ | ᠠᠳᠤᠭᠤᠨ ᠤ ᠲᠠᠮᠠᠭ᠎ᠠ ᠪᠠᠨ ᠭᠠᠳᠠᠭ᠎ᠠ ᠠᠳᠡ ᠲᠡᠨᠳᠡ ᠬᠠᠶᠠᠬᠤ ᠶᠢ ᠴᠡᠭᠡᠷᠯᠡᠵᠦ᠂ ᠵᠠᠪᠠᠯ ᠮᠤᠩᠭᠤᠯ | ᠭᠡᠷ ᠤᠨ ᠢᠶᠠᠨ ᠬᠤᠶᠢᠳᠦ ᠲᠠᠯ᠎ᠠ ᠶᠢᠨ ᠤᠨᠢᠨ ᠳᠤ ᠨᠢ ᠬᠠᠳᠠᠭ ᠪᠦᠰ ᠢᠶᠠᠷ ᠤᠷᠢᠶᠠᠵᠦ ᠬᠠᠪᠴᠢᠭᠤᠯᠤᠨ ᠬᠠᠳᠠᠭᠠᠯᠠᠨ᠎ᠠ᠃ | ᠠᠳᠤᠭᠤ ᠲᠠᠮᠠᠭᠠᠯᠠᠬᠤ ᠦᠶ᠎ᠠ ᠳᠤ ᠭᠡᠷᠡᠭᠦᠯ ᠵᠤᠳᠤᠭᠠᠨ ᠭᠢᠭᠦ ᠶᠢ ᠴᠡᠭᠡᠷᠯᠡᠨ᠂ ᠪᠡᠯᠭᠡ ᠮᠠᠭᠤᠳᠠᠢ ᠭᠡᠵᠦ ᠦᠵᠡᠳᠡᠭ᠃ | ᠬᠠᠶᠢᠷᠠᠳᠠᠢ ᠠᠬᠳᠠ ᠮᠤᠷᠢ ᠪᠠ ᠤᠡᠭᠭᠤᠯᠠᠵᠦ ᠲᠠᠷᠬᠠᠯᠠᠭᠰᠠᠨ ᠮᠤᠷᠢᠳ ᠢᠶᠠᠨ ᠬᠤᠳᠠᠯᠳᠤᠨ ᠶᠠᠪᠤᠭᠤᠯᠬᠤ ᠶᠢ ᠤᠨᠴᠠ | ᠬᠢᠴᠢᠶᠡᠵᠦ᠂ ᠦᠭᠦᠨ ᠦᠭᠦᠳᠡᠯᠠ ᠲᠤᠳᠤᠮᠳᠠᠨ ᠠᠷᠠᠴᠢᠯᠠᠳᠠᠭ᠃ ᠭᠡᠭᠡᠷ᠎ᠠ ᠭᠦᠳᠡᠭᠡ ᠶᠠᠪᠤᠵᠦ ᠪᠠᠶᠢᠬᠤ ᠳᠤ ᠮᠤᠷᠢᠨ ᠤ | ᠬᠢᠯᠭᠠᠰᠦ ᠪᠠᠷ ᠬᠤᠯᠪᠤᠯᠳᠤᠭᠰᠠᠨ ᠬᠤᠮᠤᠯ ᠲᠠᠭᠠᠷᠠᠪᠠᠯ ᠲᠡᠭᠦᠵᠦ ᠠᠪᠤᠭᠠᠳ ᠮᠤᠩᠭᠤᠯ ᠭᠡᠷ ᠤᠨ ᠬᠠᠨ᠎ᠠ ᠶᠢᠨ | ᠲᠤᠯᠤᠭᠠᠢ ᠠᠴᠠ ᠡᠯᠭᠦᠵᠦ ᠬᠠᠳᠠᠭᠠᠯᠠᠳᠠᠭ᠃ ᠡᠭᠦᠨ ᠢᠶᠠᠨ ᠠᠳᠤᠭᠤ ᠦᠷᠡᠵᠢᠭᠦ ᠶᠢᠨ ᠪᠡᠯᠭᠡ ᠲᠠᠮᠪᠠᠷᠢᠯ ᠢᠶᠠᠷ | ᠦᠵᠡᠳᠡᠭ᠃ ᠮᠤᠩᠭᠤᠯᠴᠤᠳ ᠮᠤᠷᠢᠨ ᠳᠤ ᠪᠠᠨ ᠮᠤᠷᠳᠠᠬᠤ ᠳᠤ ᠭᠡᠵᠢᠶ᠎ᠠ ᠴᠦ ᠵᠦᠪᠳᠠᠢ ᠲᠠᠯ᠎ᠠ ᠠᠴᠠ ᠨᠢ ᠮᠤᠷᠳᠠᠵᠦ᠂ | ᠵᠦᠪᠳᠠᠢ ᠲᠠᠯ᠎ᠠ ᠤᠷᠤᠭᠤ ᠨᠢ ᠪᠠᠭᠤᠳᠠᠭ᠃ ᠠᠳᠤᠭᠤ ᠶᠢ ᠨᠠᠮᠤᠷ ᠤᠨ ᠨᠠᠢᠮᠠᠨ ᠰᠠᠷ᠎ᠠ ᠶᠢᠨ ᠰᠢᠨᠡᠳ ᠢᠶᠠᠷ ︽ᠨᠠᠮᠤᠷ ᠤᠨ | ᠲᠠᠯᠠᠯᠭ᠎ᠠ ᠠᠪᠴᠦ ᠨᠤᠮ ᠤᠡᠭᠰᠢᠬᠤ︾ ᠦᠶ᠎ᠠ ᠳᠤ ᠲᠡᠭᠷᠢ ᠳᠤ ᠰᠡᠳᠡᠷᠯᠡᠳᠡᠭ᠃ ᠰᠡᠳᠡᠷᠯᠡᠭᠦ ᠠᠳᠤᠭᠤᠨ ᠳᠤ ᠪᠠᠨ ᠠᠬᠢ | ᠭᠦᠵᠢ ᠶᠢᠨ ᠰᠠᠩ ᠤᠭᠤᠭᠢᠭᠤᠯᠬᠤ ᠶᠢᠨ ᠬᠠᠮᠳᠦ ᠷᠠᠰᠢᠶᠠᠯᠠᠵᠦ᠂ ᠰᠡᠳᠡᠷ ᠢᠶᠠᠨ ᠵᠡᠭᠦᠯᠭᠡᠵᠦ᠂ ᠰᠦ ᠰᠠᠭᠠᠯᠢ ᠪᠠᠷ | ᠮᠢᠯᠢᠶᠠᠭᠠᠳ ᠦᠡᠭᠭᠡ ᠵᠢᠰᠦᠮ᠂ ᠨᠠᠰᠦ ᠵᠢᠯ ᠢ ᠨᠢ ᠲᠠᠭᠤᠳᠠᠨ ᠠᠴᠢ ᠭᠠᠪᠢᠶ᠎ᠠ ᠶᠢ ᠨᠢ ᠮᠠᠬᠳᠠᠵᠦ᠂ ᠲᠡᠭᠷᠢ ᠳᠤ | ᠲᠠᠭᠠᠳᠬᠠᠭᠠᠳ ᠰᠦᠷᠦᠭ ᠲᠤ ᠨᠢ ᠲᠠᠯᠪᠢᠳᠠᠭ᠃ ᠤᠡᠭᠭᠤᠨ ᠲᠠᠷᠬᠠᠨ ᠠᠳᠤᠭᠤᠨ ᠤ ᠪᠠᠨ ᠲᠡᠯ ᠰᠡᠭᠦᠯ ᠠᠴᠠ ᠠᠪᠴᠦ᠂ | ᠬᠠᠳᠠᠭ ᠲᠤ ᠪᠤᠭᠤᠵᠦ᠂ ᠬᠠᠨ᠎ᠠ ᠶᠢᠨ ᠲᠤᠯᠤᠭᠠᠢ ᠳᠤ ᠡᠯᠭᠦᠨ ᠲᠠᠬᠢᠵᠦ᠂ ᠬᠠᠶᠢᠷᠠᠳᠠᠢ ᠮᠠᠯ ᠤᠨ ᠢᠶᠠᠨ ᠠᠴᠢ | ᠲᠤᠰᠠ ᠶᠢ ᠲᠤᠷᠠᠰᠤᠨ ᠮᠦᠷᠦᠭᠡᠳᠭᠦ ᠰᠡᠳᠭᠢᠯ ᠢᠶᠠᠨ ᠢᠯᠡᠳᠭᠡᠳᠡᠭ ᠪᠢᠯᠡ᠃ |